| ᠲᠡᠭᠷᠢ ᠠᠭᠤᠯᠠ — ᠺᠦᠨᠯᠦ᠋ᠨ ᠠᠭᠤᠯᠠ ᠶᠢᠨ ᠠᠭᠤᠯᠵᠠᠷ ᠲᠤ ᠦᠩᠭᠡ ᠪᠤᠳᠤᠭ ᠰᠤᠯᠤᠩᠭᠠᠷᠠᠵᠦ᠂ | ᠦᠵᠡᠮᠵᠢ ᠨᠢ ᠵᠢᠷᠤᠭ ᠮᠡᠲᠦ ᠰᠠᠶᠢᠬᠠᠨ ᠪᠠᠶᠢᠯ᠎ᠠ᠃ ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠬᠤᠤ ᠵᠤᠤ | ᠰᠡᠭᠦᠳᠡᠷᠯᠡᠪᠡ | ᠤᠶᠢᠷ᠎ᠠ ᠳᠤ᠂ ᠺᠦᠨᠯᠦ᠋ᠨ ᠰᠣᠶᠣᠯ ᠪᠣᠯᠤᠨ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠣᠶᠤᠨ | ᠰᠠᠨᠠᠭᠠᠨ ᠤ ᠭᠡᠷ ᠣᠷᠣᠨ ᠢ ᠪᠠᠶᠢᠭᠤᠯᠬᠤ ᠡᠷᠳᠡᠮ ᠰᠢᠨᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ ᠬᠥᠬᠡᠨᠠᠭᠤᠷ ᠤᠨ | ᠰᠢᠨᠢᠩ ᠳᠤ ᠶᠠᠪᠤᠭᠳᠠᠪᠠ᠃ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ᠂ | ᠬᠥᠬᠡᠨᠠᠭᠤᠷ ᠮᠤᠵᠢ ᠶᠢᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ᠂ ᠦᠬᠠᠨ ᠬᠤᠲᠠ ᠶᠢᠨ ᠨᠡᠶᠢᠭᠡᠮ ᠤᠨ | ᠰᠢᠨᠵᠢᠯᠡᠬᠦ ᠤᠬᠠᠭᠠᠨ ᠤ ᠬᠦᠷᠢᠶᠡᠯᠡᠩ᠂ ᠱᠠᠩᠬᠠᠶ ᠶᠢᠨ ᠵᠠᠮ ᠬᠠᠷᠢᠯᠴᠠᠭᠠᠨ ᠤ ᠶᠡᠭᠡ ᠰᠤᠷᠭᠠᠭᠤᠯᠢ᠂ ᠲᠥᠪ ᠤᠨ | ᠦᠨᠳᠦᠰᠦᠲᠡᠨ ᠤ ᠶᠡᠭᠡ ᠰᠤᠷᠭᠠᠭᠤᠯᠢ᠂ ᠲᠠᠶᠢᠸᠠᠨ ᠤ ᠳ᠋ᠦᠩ ᠬᠤᠸᠠ ᠶᠡᠭᠡ ᠰᠤᠷᠭᠠᠭᠤᠯᠢ᠂ ᠰᠧᠴᠤᠸᠠᠨ ᠶᠡᠭᠡ | ᠰᠤᠷᠭᠠᠭᠤᠯᠢ᠂ ᠰᠢᠨᠵᠢᠶᠠᠩ ᠤᠨ ᠶᠡᠭᠡ ᠰᠤᠷᠭᠠᠭᠤᠯᠢ᠂ ᠯᠠᠨᠵᠸᠤ ᠶᠡᠭᠡ ᠰᠤᠷᠭᠠᠭᠤᠯᠢ ᠵᠡᠷᠭᠡ ᠰᠢᠨᠵᠢᠯᠡᠬᠦ ᠤᠬᠠᠭᠠᠨ ᠤ | ᠰᠤᠳᠤᠯᠭᠠᠨ ᠤ ᠪᠠᠶᠢᠭᠤᠯᠤᠮᠵᠢ ᠪᠠ ᠶᠡᠭᠡ ᠳᠡᠭᠡᠳᠦ ᠰᠤᠷᠭᠠᠭᠤᠯᠢ ᠶᠢᠨ 70 ᠭᠠᠷᠤᠶ ᠲᠤᠰᠬᠠᠶ ᠮᠡᠷᠭᠡᠵᠢᠯᠲᠡᠨ | ᠡᠷᠳᠡᠮᠲᠡᠳ ᠺᠦᠨᠯᠦ᠋ᠨ ᠰᠣᠶᠣᠯ ᠳᠤ ᠠᠩᠬᠠᠷᠤᠯ ᠢᠶᠠᠨ ᠲᠥᠪᠯᠡᠷᠡᠭᠦᠯᠵᠦ᠂ ᠭᠦᠨᠵᠡᠭᠡᠶ ᠰᠤᠳᠤᠯᠤᠨ ᠶᠠᠷᠢᠯᠴᠠᠵᠤ᠂ | ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠣᠶᠤᠨ ᠰᠠᠨᠠᠭᠠᠨ ᠤ ᠭᠡᠷ ᠣᠷᠣᠨ ᠢ ᠪᠠᠶᠢᠭᠤᠯᠬᠤ ᠳᠤ ᠬᠦᠴᠦᠨ | ᠨᠡᠮᠡᠷᠢᠯᠡᠪᠡ᠃ | ᠺᠦᠨᠯᠦ᠋ᠨ ᠰᠣᠶᠣᠯ ᠪᠣᠯ ᠳᠤᠮᠳᠠᠳᠤ ᠶᠢᠨ ᠪᠣᠯᠪᠠᠰᠤᠨ ᠤ ᠲᠡᠦᠬᠡᠨ ᠳᠡᠭᠡᠷᠡᠬᠢ ᠥᠨᠢ ᠤᠳᠠᠭᠠᠨ | ᠤᠯᠠᠮᠵᠢᠯᠠᠯ ᠲᠠᠢ᠂ ᠠᠯᠤᠰ ᠬᠡᠳᠦ ᠶᠢᠨ ᠨᠥᠯᠥᠭᠡ ᠲᠠᠢ᠂ ᠲᠥᠯᠥᠭᠡᠯᠡᠬᠦ ᠴᠢᠨᠠᠷᠲᠠᠢ ᠳᠤᠮᠳᠠᠳᠤ ᠶᠢᠨ ᠰᠢᠯᠢᠳᠡᠭ | ᠤᠯᠠᠮᠵᠢᠯᠠᠯᠲᠤ ᠰᠣᠶᠣᠯ ᠮᠥᠨ᠃ ᠱᠠᠩᠬᠠᠢ ᠶᠢᠨ ᠵᠠᠮ ᠬᠠᠷᠢᠯᠴᠠᠭᠠᠨ ᠤ ᠶᠡᠭᠡ ᠰᠤᠷᠭᠠᠭᠤᠯᠢ ᠶᠢᠨ ᠨᠡᠶᠢᠭᠡᠮ ᠤᠨ | ᠰᠢᠨᠵᠢᠯᠡᠬᠦ ᠤᠬᠠᠭᠠᠨ ᠤ ᠨᠡᠷ᠎ᠡ ᠬᠦᠨᠳᠦᠳᠦ ᠫᠷᠣᠹᠧᠰᠰᠣᠷ ᠶᠧ ᠱᠤ᠋ ᠰᠢᠶᠠᠨ ᠲᠦᠮᠡᠨ ᠵᠢᠯ ᠤᠨ ᠳᠤᠮᠳᠠᠳᠤ ᠶᠢᠨ | ᠰᠣᠶᠣᠯ ᠤᠨ ᠲᠡᠦᠬᠡ ᠪᠠᠷ ᠺᠦᠨᠯᠦ᠋ᠨ ᠤ ᠰᠣᠶᠣᠯ ᠤᠨ ᠡᠬᠢ ᠰᠤᠷᠪᠤᠯᠵᠢ ᠶᠢ ᠬᠠᠶᠢᠵᠠᠢ᠃ ᠲᠡᠷᠡ᠂ ᠬᠠᠰ ᠴᠢᠯᠠᠭᠤᠨ ᠤ | ᠰᠣᠶᠣᠯ ᠣᠲᠣ ᠠᠴᠠ ᠳᠥᠷᠪᠡᠨ ᠮᠢᠩᠭᠠᠨ ᠵᠢᠯ ᠤᠨ ᠡᠮᠦᠨ᠎ᠡ ᠺᠦᠨᠯᠦ᠋ᠨ ᠤ ᠬᠠᠰ ᠤᠨ ᠰᠢᠲᠦᠯᠭᠡ ᠶᠢ ᠪᠣᠶ ᠪᠣᠯᠭᠠᠪᠠ᠂ | ︽ᠢᠦᠢ ᠴᠧᠩ ᠳᠤᠮᠳᠠᠳᠤ ᠤᠯᠤᠰ︾ ᠤᠨ ᠭᠦᠢᠴᠡᠳ ᠢᠯᠡᠷᠡᠯ ᠮᠥᠨ᠂ ᠨᠡᠩ ᠴᠤ ᠳᠤᠮᠳᠠᠳᠤ ᠶᠢᠨ ᠪᠣᠯᠪᠠᠰᠤᠨ ᠳᠤ | ᠯᠠ ᠪᠠᠶᠢᠳᠠᠭ ᠡᠬᠢ ᠪᠠᠶᠠᠯᠢᠭ ᠬᠠᠷᠢᠯᠴᠠᠨ ᠲᠦᠰᠢᠭᠯᠡᠯᠴᠡᠨ ᠣᠷᠣᠰᠢᠬᠤ ᠦᠵᠡᠭᠳᠡᠯ — ᠪᠠᠷᠠᠭᠤᠨ ᠤ ᠬᠠᠰ ᠢ ᠵᠡᠭᠦᠨᠰᠢ | ᠳᠠᠮᠵᠢᠭᠤᠯᠬᠤ ᠦᠵᠡᠭᠳᠡᠯ ᠢ ᠭᠡᠷᠡᠴᠢᠯᠡᠵᠡᠢ᠃ ᠬᠠᠰ ᠴᠢᠯᠠᠭᠤᠨ ᠵᠠᠮ ᠮᠠᠨ ᠤ ᠤᠯᠤᠰ ᠤᠨ ᠪᠠᠷᠠᠭᠤᠨ ᠣᠷᠣᠨ ᠤ | ᠬᠠᠰ ᠤᠨ ᠠᠭᠤᠷᠬᠠᠢ ᠶᠢᠨ ᠡᠬᠢ ᠪᠠᠶᠠᠯᠢᠭ ᠤᠨ ᠣᠷᠣᠨ ᠪᠠ ᠳᠤᠮᠳᠠᠳᠤ ᠣᠷᠣᠨ ᠤ ᠪᠣᠯᠪᠠᠰᠤᠨ ᠤ ᠬᠤᠭᠤᠷᠣᠨᠳᠣ | ᠠᠩᠬ᠎ᠠ ᠤᠳᠠᠭ᠎ᠠ ᠰᠤᠶᠤᠯ ᠤᠨ ᠬᠠᠷᠢᠯᠴᠠᠭᠠᠨ ᠤ ᠵᠠᠮ ᠢ ᠨᠡᠭᠡᠭᠡᠵᠡᠶ᠃ ︽ᠬᠠᠰ ᠴᠢᠯᠠᠭᠤᠨ ᠤ ᠵᠠᠮ ᠨᠢ ᠲᠣᠷᠭᠠᠨ | ᠵᠠᠮ ᠠᠴᠠ ᠬᠤᠶᠠᠷ ᠭᠤᠷᠪᠠᠨ ᠮᠢᠩᠭᠠᠨ ᠵᠢᠯ ᠡᠷᠲᠡ ᠪᠠᠶᠢᠵᠦ᠂ ᠳᠤᠮᠳᠠᠳᠤ ᠤᠯᠤᠰ ᠤᠨ ᠺᠦᠨᠯᠦ᠋ᠨ ᠰᠣᠶᠣᠯ ᠤᠨ | ᠠᠭᠤᠯᠬᠤᠨ ᠢ ᠬᠠᠮᠤᠭ ᠠᠴᠠ ᠰᠠᠶᠢᠨ ᠢᠯᠡᠷᠡᠭᠦᠯᠵᠦ ᠴᠢᠳᠠᠬᠤ ᠵᠠᠮ ᠮᠥᠨ︾ ᠭᠡᠵᠦ ᠶᠡ ᠱᠦ ᠰᠢᠶᠠᠨ ᠬᠡᠯᠡᠪᠡ᠃ | ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠤᠳᠤᠯᠭᠠᠲᠠᠨ ᠡᠦ ᠰᠢᠨ | ᠬᠤᠸᠠ ᠦᠵᠡᠬᠦ ᠳᠡᠭᠡᠨ᠂ ᠺᠦᠨᠯᠦ᠋ᠨ ᠪᠣᠯ ᠮᠠᠨ ᠤ ᠤᠯᠤᠰ ᠤᠨ ᠴᠢᠬᠤᠯᠠ ᠰᠣᠶᠣᠯ ᠭᠠᠵᠠᠷ ᠵᠦᠢ ᠶᠢᠨ ᠠᠭᠤᠯᠠᠨ | ᠰᠢᠰᠲ᠋ᠧᠮ᠂ ᠤᠯᠤᠰ ᠤᠨ ᠳᠦᠷᠢ ᠲᠥᠷᠬᠦ᠂ ᠤᠯᠤᠰ ᠤᠨ ᠰᠣᠶᠣᠯ᠂ ᠤᠯᠤᠰ ᠤᠨ ᠵᠣᠷᠢᠭ ᠰᠠᠨᠠᠭᠠᠨ ᠤ ᠲᠥᠯᠥᠭᠡᠯᠡᠬᠦ | ᠴᠢᠨᠠᠷᠲᠠᠶ ᠲᠡᠮᠳᠡᠭ ᠪᠤᠯᠤᠨ᠎ᠠ᠃ | ᠡᠷᠲᠡ ᠦᠶ᠎ᠡ ᠶᠢᠨ ᠺᠦᠨᠯᠦ᠋ᠨ ᠪᠤᠯ ᠮᠠᠨ ᠤ ᠤᠯᠤᠰ ᠤᠨ ᠪᠠᠷᠠᠭᠤᠨ ᠬᠡᠰᠡᠭ ᠠᠴᠠ ᠳᠤᠮᠳᠠ | ᠵᠡᠭᠦᠨ ᠬᠡᠰᠡᠭ ᠬᠦᠷᠲᠡᠯᠡᠬᠢ ᠥᠨᠳᠥᠷ ᠠᠭᠤᠯᠠ ᠶᠢᠨ ᠨᠡᠶᠢᠯᠡᠮᠡᠯ ᠴᠣᠭᠴᠠ ᠶᠢ ᠵᠢᠭᠠᠵᠤ ᠪᠠᠶᠢᠨ᠎ᠠ᠃ ︽ | ᠰᠤᠳᠤᠷ ᠲᠡᠮᠳᠡᠭᠯᠡᠯ · ᠳ᠋ᠠᠸᠠᠨ ᠤ ᠰᠤᠯᠠ ᠨᠠᠮᠲᠠᠷ︾ ᠲᠤ᠄ ︽ᠬᠠᠨ ᠤᠯᠤᠰ ᠤᠨ ᠡᠯᠴᠢ ᠭᠤᠣᠯ ᠤᠨ ᠡᠬᠢ ᠶᠢ | ᠮᠣᠬᠤᠭᠠᠨ᠂ ᠭᠤᠣᠯ ᠤᠨ ᠡᠬᠢ ᠶᠢ ᠤᠳᠠᠨ ᠠᠭᠤᠯᠠᠨ ᠠᠴᠠ ᠭᠠᠷᠭᠠᠮᠤᠢ᠂ ᠲᠡᠭᠦᠨ ᠤ ᠠᠭᠤᠯᠠᠨ ᠳᠤ ᠬᠠᠰ ᠴᠢᠯᠠᠭᠤ | ᠠᠷᠪᠢᠨ᠂ ᠲᠡᠭᠦᠨ ᠢ ᠲᠡᠭᠦᠵᠦ ᠠᠪᠴᠢᠷᠠᠪᠠ᠂ ᠲᠡᠭᠷᠢ ᠶᠢᠨ ᠬᠥᠪᠡᠭᠦᠨ ᠤ ᠬᠡᠷᠡᠭ ᠤᠨ ᠡᠷᠲᠡᠨ ᠤ ᠨᠣᠮ ᠪᠢᠴᠢᠭ᠂ | ᠠᠯᠳᠠᠷᠲᠤ ᠭᠤᠣᠯ ᠠᠴᠠ ᠭᠠᠷᠤᠭᠰᠠᠨ ᠭᠠᠵᠠᠷ ᠢ ᠺᠦᠨᠯᠦ᠋ᠨ ᠤ ᠡᠭᠦᠯᠡ ᠬᠡᠮᠡᠮᠦᠢ︾ ᠭᠡᠵᠦ ᠲᠡᠮᠳᠡᠭᠯᠡᠭᠰᠡᠨ ᠪᠠᠶᠢᠳᠠᠭ᠃ | ᠵᠠᠩ ᠴᠢᠶᠠᠨ ᠢᠶᠠᠷ ᠲᠥᠯᠥᠭᠡᠯᠡᠭᠦᠯᠦᠭᠰᠡᠨ ᠬᠠᠨ ᠤᠯᠤᠰ ᠤᠨ ᠡᠯᠴᠢ ᠪᠠᠷᠠᠭᠤᠨ ᠬᠢᠵᠠᠭᠠᠷ ᠭᠠᠵᠠᠷ ᠲᠤ ᠡᠯᠴᠢ ᠲᠣᠮᠢᠯᠠᠨ | ᠂ ᠬᠠᠲᠤᠨ ᠭᠤᠣᠯ ᠤᠨ ᠡᠬᠢ ᠨᠢ ᠤᠳᠠᠨ ᠠᠭᠤᠯᠠᠨ ᠠᠴᠠ ᠢᠷᠡᠯᠲᠡᠢ ᠪᠥᠭᠡᠳ ᠠᠭᠤᠯᠠᠨ ᠳᠤᠨᠢ ᠣᠯᠠᠨ ᠬᠠᠰ | ᠴᠢᠯᠠᠭᠤ ᠲᠠᠢ ᠭᠡᠵᠦ ᠦᠵᠡᠪᠡ᠃ ᠲᠡᠳᠡ ᠬᠠᠰ ᠤᠨ ᠲᠤᠬᠠᠢ ᠬᠠᠷᠢᠭᠤ ᠮᠡᠳᠡᠭᠦᠯᠦᠯᠲᠡ ᠬᠢᠵᠦ᠂ ᠬᠠᠨ ᠡᠦ ᠳ᠋ᠢ ᠬᠠᠭᠠᠨ | ᠳᠡᠭᠡᠳᠦ ᠡᠷᠲᠡᠨ ᠤ ᠭᠠᠵᠠᠷ ᠤᠨ ᠵᠢᠷᠤᠭ ᠪᠠ ᠦᠰᠦᠭ ᠪᠢᠴᠢᠭ ᠤᠨ ᠲᠡᠮᠳᠡᠭᠯᠡᠯ ᠤᠨ ᠮᠠᠲ᠋ᠧᠷᠢᠶᠠᠯ ᠢ ᠦᠨᠳᠦᠰᠦᠯᠡᠨ ︽ | ᠺᠦᠨᠯᠦ᠋ᠨ ᠠᠭᠤᠯᠠ︾ ᠭᠡᠵᠦ ᠨᠡᠷᠡᠶᠢᠳᠪᠡ᠃ | ᠦ᠋ ᠰᠢᠨ ᠬᠤᠸᠠ ᠦᠵᠡᠬᠦ ᠪᠠᠷ᠂ ᠺᠦᠨᠯᠦ᠋ᠨ ᠤ ᠭᠤᠣᠯ ᠦᠭᠡ ᠶᠢᠨ ᠤᠳᠬ᠎ᠠ ᠨᠢ ︽ᠲᠡᠭᠷᠢ︾᠂ ᠠᠭᠤᠯᠠ | ᠰᠢᠲᠦᠯᠭᠡ ᠶᠢᠨ ᠬᠡᠯᠪᠡᠷᠢ ᠪᠠᠷ ︽ᠲᠡᠭᠷᠢ ᠶᠢᠨ ᠪᠤᠱᠤᠭ︾᠂ ︽ᠳᠡᠯᠡᠬᠡᠢ ᠳ᠋ᠠᠬᠢᠨ︾᠂ ︽ᠶᠡᠭᠡ ᠨᠢᠭᠡᠳᠦᠯ︾ ᠵᠡᠷᠭᠡ | ᠣᠶᠢᠯᠠᠭᠠᠭᠳᠠᠬᠤᠨ ᠢ ᠢᠯᠡᠳᠬᠡᠭᠰᠡᠨ ᠳᠤᠮᠳᠠᠳᠤ ᠤᠯᠤᠰ ᠤᠨ ᠤᠯᠠᠮᠵᠢᠯᠠᠯᠲᠤ ᠰᠣᠶᠣᠯ ᠤᠨ ᠲᠡᠮᠳᠡᠭ ᠢ ᠬᠡᠯᠡᠳᠡᠭ᠃ | ᠣᠯᠠᠨ ᠠᠭᠤᠯᠠᠰ ᠢ ᠠᠭᠠᠵᠢᠮ ᠢᠶᠠᠷ ᠨᠡᠶᠢᠯᠡᠭᠦᠯᠦᠭᠡᠳ ᠲᠡᠭᠷᠢ ᠲᠤᠯᠤᠮ᠎ᠠ ᠠᠭᠤᠯᠠ ᠪᠣᠯᠭᠠᠵᠤ᠂ ᠬᠠᠮᠤᠭ ᠤᠨ ᠳᠡᠭᠡᠳᠦ | ᠡᠷᠬᠡ ᠰᠦᠷ ᠢ ᠲᠥᠯᠥᠭᠡᠯᠡᠭᠰᠡᠨ ᠺᠦᠨᠯᠦ᠋ᠨ ᠪᠣᠯ ᠶᠡᠭᠡ ᠨᠢᠭᠡᠳᠦᠯ ᠤᠨ ᠤᠯᠤᠰ ᠤᠨ ᠬᠥᠭᠵᠢᠯᠲᠡ ᠪᠠ ᠵᠠᠰᠠᠯᠲᠠ ᠶᠢᠨ | ᠲᠠᠯ᠎ᠠ ᠶᠢᠨ ᠬᠡᠷᠡᠭᠴᠡᠭᠡ ᠱᠠᠭᠠᠷᠳᠠᠯᠭ᠎ᠠ ᠪᠣᠯᠬᠤ ᠪᠥᠭᠡᠳ ᠪᠠᠰᠠ ᠴᠤ ᠤᠯᠤᠰ ᠤᠨ ᠵᠣᠷᠢᠭ ᠰᠠᠨᠠᠭ᠎ᠠ ᠶᠢ ᠬᠡᠷᠡᠭᠵᠢᠭᠦᠯᠬᠦ | ᠵᠠᠰᠠᠭ ᠵᠠᠬᠢᠷᠭᠠᠨ ᠤ ᠪᠠ ᠰᠣᠶᠣᠯ ᠤᠨ ᠠᠷᠭ᠎ᠠ ᠬᠡᠮᠵᠢᠶ᠎ᠡ ᠪᠣᠯᠬᠤ ᠶᠤᠮ᠃ | ᠳᠦᠪ ᠤᠨ ᠣᠢᠠᠲᠣᠰᠣᠲᠠᠨ ᠤ ᠶᠡᠭᠡ ᠰᠣᠷᠭᠠᠭᠤᠯᠢ ᠶᠢᠨ ᠫᠷᠣᠹᠧᠰᠰᠣᠷ ᠯᠢᠠ ᠵᠢᠢ ᠹᠦ᠋᠂ ᠲᠡᠦᠬᠡ ᠶᠢᠨ | ᠰᠤᠳᠤᠷ ᠪᠢᠴᠢᠭ᠂ ᠳᠣᠮᠤᠭ ᠶᠠᠷᠢᠶᠠᠨ ᠳᠠᠬᠢ ︽ᠵᠢᠢ ᠱᠢ ᠱᠠᠨ ᠠᠭᠤᠯᠠ︾ ᠪᠣᠯ ᠶᠠᠭ ᠺᠦᠨᠯᠦ᠋ᠨ ᠠᠭᠤᠯᠠ ᠶᠢᠨ | ᠠᠶᠢᠮᠠᠭ ᠤᠨ ᠰᠠᠯᠪᠤᠷᠢ ᠪᠣᠯᠬᠤ ᠠ ᠨᠢ ᠮᠠ ᠴᠢᠨ ᠠᠭᠤᠯᠠ ᠪᠣᠯᠣᠨ᠎ᠠ᠂ ᠡᠨᠡ ᠨᠢ ᠵᠦᠩᠶᠤᠸᠠᠨ ᠣᠷᠣᠨ ᠤ ᠸᠠᠩᠲᠤ | ᠲᠥᠷᠥ ᠶᠢᠨ ᠨᠤᠲᠤᠭ ᠳᠡᠪᠢᠰᠬᠡᠷ ᠤᠨ ᠥᠷᠭᠡᠵᠢᠭᠰᠡᠨ ᠢ ᠬᠠᠷᠠᠭᠤᠯᠵᠤ ᠪᠠᠶᠢᠬᠤ ᠪᠠᠷ ᠪᠠᠷᠠᠬᠤ ᠦᠭᠡᠢ᠂ ᠨᠠᠩ ᠴᠤ | ᠦᠨᠳᠦᠰᠦᠲᠡᠨ ᠨᠦᠭᠦᠳ ᠤᠨ ᠠᠷᠠᠳ ᠲᠦᠮᠡᠨ ᠤ ᠠᠮᠢᠳᠤᠷᠠᠯ ᠤᠨ ᠣᠷᠣᠨ ᠪᠦᠰᠡ ᠶᠢᠨ ᠠᠭᠤᠰᠤᠯᠴᠠᠨ | ᠠᠭᠤᠰᠤᠯᠴᠠᠵᠤ ᠪᠠᠶᠢᠬᠤ ᠶᠢ ᠬᠠᠷᠠᠭᠤᠯᠵᠤ ᠪᠠᠶᠢᠨ᠎ᠠ ᠭᠡᠵᠦ ᠵᠢᠭᠠᠵᠦ ᠭᠠᠷᠭᠠᠵᠠᠢ᠃ | ᠺᠠᠱᠭᠠᠷ ᠶᠡᠭᠡ ᠰᠤᠷᠭᠠᠭᠤᠯᠢ ᠶᠢᠨ ᠫᠷᠤᠹᠧᠰᠰᠤᠷ ᠶᠠᠩ ᠪᠥᠸᠧ᠂ ᠳᠤᠮᠳᠠᠳᠤ ᠶᠢᠨ ᠪᠣᠯᠪᠠᠰᠤᠨ ᠤ ᠳᠡᠭᠡᠳᠦ | ᠡᠷᠲᠡᠨ ᠤ ᠦᠶ᠎ᠡ ᠶᠢᠨ ᠺᠦᠨᠯᠦ᠋ᠨ ᠰᠣᠶᠣᠯ ᠨᠢ ᠭᠠᠵᠠᠷ ᠣᠷᠣᠨ ᠤ ᠣᠨᠴᠠᠯᠢᠭ᠂ ᠭᠠᠵᠠᠷ ᠵᠦᠢ ᠶᠢᠨ ᠪᠠᠶᠢᠷᠢᠰᠢᠯ ᠤᠨ | ᠲᠠᠯ᠎ᠠ ᠪᠠᠷ ᠫᠠᠮᠢᠷ ᠤᠨ ᠥᠨᠳᠦᠷᠯᠢᠭ ᠤᠨ ᠳᠡᠭᠡᠳᠦ ᠡᠷᠲᠡᠨ ᠤ ᠦᠶ᠎ᠡ ᠶᠢᠨ ᠰᠣᠶᠣᠯ ᠤᠨ ᠦᠯᠡᠳᠡᠭᠳᠡᠯ ᠡᠯᠧᠮᠧᠨ᠋ᠲ ᠢ | ᠰᠢᠩᠭᠡᠬᠡᠨ ᠠᠪᠤᠭᠰᠠᠨ ᠢᠶᠠᠷ ᠪᠠᠷᠠᠬᠤ ᠦᠭᠡᠢ᠂ ᠪᠠᠰᠠ ᠤᠶᠤᠨ ᠰᠠᠨᠠᠭᠠᠨ ᠤ ᠰᠢᠲᠦᠯᠭᠡ᠂ ᠦᠨᠳᠦᠰᠦᠲᠡᠨ ᠤ ᠵᠠᠩ | ᠴᠢᠨᠠᠷ ᠤᠨ ᠲᠠᠯ᠎ᠠ ᠪᠠᠷ ᠫᠠᠮᠢᠷ ᠤᠨ ᠥᠨᠳᠦᠷᠯᠢᠭ ᠤᠨ ᠤᠯᠠᠨ ᠡᠰᠢᠲᠦ ᠰᠣᠶᠣᠯ ᠤᠨ ᠦᠯᠡᠳᠡᠭᠳᠡᠯ ᠠᠴᠠ ᠠᠰᠢᠭ | ᠭᠥᠷᠳᠡᠭᠰᠡᠨ ᠶᠤᠮ ᠭᠡᠵᠦ ᠴᠢᠩᠭᠠᠳᠬᠠᠵᠠᠢ᠃ ︽ᠰᠡᠬᠦᠶᠢᠨ ᠰᠦᠨᠳᠡᠷᠯᠡᠭᠰᠡᠨ ᠺᠦᠨᠯᠦ᠋ᠨ ᠪᠣᠯ | ᠦᠨᠳᠦᠰᠦᠲᠡᠨ ᠨᠦᠭᠦᠳ ᠤᠨ ︿ᠭᠤᠸ᠎ᠠ ᠰᠠᠶᠢᠬᠠᠨ ᠢᠶᠠᠨ ᠬᠠᠮᠲᠤᠳᠬᠠᠵᠤ﹀᠂ ᠺᠦᠨᠯᠦ᠋ᠨ ᠤ ᠰᠣᠶᠣᠯ ᠤᠨ ᠣᠶᠤᠨ | ᠰᠠᠨᠠᠭᠠᠨ ᠤ ᠭᠤᠸ᠎ᠠ ᠰᠠᠶᠢᠬᠠᠨ᠂ ᠰᠣᠶᠣᠯ ᠤᠨ ᠭᠤᠸ᠎ᠠ ᠰᠠᠶᠢᠬᠠᠨ ᠢ ᠨᠢᠭᠲᠠᠷᠠᠭᠤᠯᠵᠤ᠂ ᠳᠤᠮᠳᠠᠳᠤ ᠶᠢᠨ | ᠦᠨᠳᠦᠰᠦᠲᠡᠨ ᠤ ᠵᠣᠷᠢᠭ ᠰᠠᠨᠠᠭ᠎ᠠ᠂ ᠦᠨᠳᠦᠰᠦᠲᠡᠨ ᠤ ᠵᠠᠩ ᠴᠢᠨᠠᠷ ᠢ ᠨᠢᠭᠲᠠᠷᠠᠭᠤᠯᠤᠭᠰᠠᠨ ᠠᠴᠠ ᠪᠣᠯᠤᠭᠰᠠᠨ ᠶᠤᠮ︾ | ᠭᠡᠵᠦ ᠶᠠᠩ ᠪᠦᠸᠧ ᠬᠡᠯᠡᠵᠡᠢ᠃ | ᠺᠦᠨᠯᠦ᠋ᠨ ᠰᠣᠶᠣᠯ ᠪᠣᠯ ᠳᠤᠮᠳᠠᠳᠤ ᠶᠢᠨ ᠰᠣᠶᠣᠯ ᠤᠨ ᠤᠯᠠᠨ ᠡᠰᠢᠲᠦ ᠨᠡᠶᠢᠯᠡᠮᠡᠯ ᠤᠷᠤᠰᠬᠠᠯ ᠤᠨ ᠨᠢᠭᠡ | ᠮᠥᠨ᠂ ᠲᠡᠭᠦᠨ ᠤ ᠬᠥᠭᠵᠢᠯᠲᠡ ᠶᠢᠨ ᠬᠤᠪᠢᠷᠠᠯᠲᠠ ᠨᠢ ᠥᠩᠭᠡᠷᠡᠭᠰᠡᠨ ᠦᠶ᠎ᠡ ᠶᠢᠨ ᠦᠨᠳᠦᠰᠦᠲᠡᠨ ᠨᠦᠭᠦᠳ ᠤᠨ | ᠳᠤᠮᠳᠠᠳᠤ ᠶᠢᠨ ᠰᠣᠶᠣᠯ ᠢ ᠳᠡᠭᠡᠳᠦ ᠬᠡᠮᠵᠢᠶ᠎ᠡ ᠪᠠᠷ ᠮᠡᠳᠡᠷᠡᠬᠦ ᠪᠠ ᠬᠦᠰᠡᠨ ᠮᠥᠷᠥᠭᠡᠳᠬᠦ ᠶᠢ ᠢᠯᠡᠷᠡᠭᠦᠯᠵᠦ᠂ ᠰᠢᠨ᠎ᠡ | ᠴᠠᠭ ᠦᠶ᠎ᠡ ᠳᠤ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠪᠠᠬᠢ ᠪᠤᠢ | ᠪᠣᠯᠭᠠᠬᠤ ᠴᠢᠬᠤᠯᠠ ᠤᠶᠤᠨ ᠰᠠᠨᠠᠭᠠᠨ ᠤ ᠡᠬᠢ ᠪᠠᠶᠠᠯᠢᠭ ᠮᠥᠨ᠃ | ︽ᠺᠦᠨᠯᠦ᠋ᠨ ᠤ ᠰᠢᠲᠦᠯᠭᠡ ᠪᠣᠯ ᠮᠥᠨ ᠴᠢᠨᠠᠷ ᠳᠡᠭᠡᠷ᠎ᠡ ᠪᠠᠨ ᠲᠡᠭᠷᠢ ᠶᠢᠨ ᠰᠢᠲᠦᠯᠭᠡ ᠮᠥᠨ᠂ | ᠡᠷᠲᠡᠨ ᠠᠴᠠ ᠠᠪᠤᠭᠠᠳ ᠬᠢᠲᠠᠳ᠂ ᠴᠢᠶᠠᠩ᠂ ᠲᠥᠪᠡᠳ᠂ ᠢ᠂ ᠾᠦᠩᠨᠦ᠂ ᠰᠢᠶᠡᠨᠪᠢ᠂ ᠲᠦᠷᠺ ︵ᠲᠢᠶᠦ᠋ᠷᠺ︶᠂ | ᠬᠢᠳᠠᠨ᠂ ᠵᠦᠷᠴᠢᠨ᠂ ᠮᠣᠩᠭᠤᠯ᠂ ᠮᠠᠨᠵᠤ ᠵᠡᠷᠭᠡ ᠦᠨᠳᠦᠰᠦᠲᠡᠨ ᠤ ᠰᠣᠶᠣᠯ ᠳᠤ ᠤᠳᠤᠮ ᠤᠯᠠᠮᠵᠢᠯᠠᠯ ᠨᠢᠭᠡᠲᠡᠢ | ᠪᠥᠭᠡᠳ ᠠᠭᠤᠯᠠ ᠶᠢᠨ ᠰᠢᠲᠦᠯᠭᠡ᠂ ᠭᠤᠣᠯ ᠤᠨ ᠰᠢᠲᠦᠯᠭᠡ᠂ ᠬᠤᠸᠠᠩᠳᠢ ᠶᠢᠨ ᠰᠢᠲᠦᠯᠭᠡ᠂ ᠬᠠᠰ ᠤᠨ ᠰᠢᠲᠦᠯᠭᠡ᠂ | ᠯᠣᠣ ᠶᠢᠨ ᠰᠢᠲᠦᠯᠭᠡ ᠲᠠᠢ ᠨᠢᠭᠲᠠ ᠬᠤᠯᠪᠣᠭ᠎ᠠ ᠲᠠᠢ ᠪᠠᠶᠢᠳᠠᠭ︾᠃ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ | ᠤᠬᠠᠭᠠᠨ ᠤ ᠬᠦᠷᠢᠶᠡᠯᠡᠩ ᠤᠨ ᠦᠨᠳᠦᠰᠦᠲᠡᠨ ᠤ ᠤᠬᠠᠭᠠᠨ ᠬᠢᠭᠡᠳ ᠬᠥᠮᠦᠨ ᠲᠥᠷᠥᠯᠬᠢᠲᠡᠨ ᠤ ᠰᠤᠳᠤᠯᠤᠯ ᠤᠨ | ᠭᠠᠵᠠᠷ ᠤᠨ ᠰᠤᠳᠤᠯᠤᠭᠴᠢ ᠢ ᠬᠤᠸᠠ᠂ ᠯᠤᠤ ᠪᠤᠯᠤᠨ ᠬᠠᠰ ᠪᠣᠯ ᠳᠤᠮᠳᠠᠳᠤ ᠶᠢᠨ ᠦᠨᠳᠦᠰᠦᠲᠡᠨ ᠤ ᠥᠪᠡᠷᠮᠢᠴᠡ | ᠲᠡᠮᠳᠡᠭ ᠮᠥᠨ᠂ ᠺᠦᠨᠯᠦ᠋ᠨ ᠪᠣᠯ ᠳᠤᠮᠳᠠᠳᠤ ᠶᠢᠨ ᠦᠨᠳᠦᠰᠦᠲᠡᠨ ᠤ ᠬᠠᠮᠲᠤ ᠪᠠᠷ ᠡᠳ᠋ᠯᠡᠬᠦ ᠰᠣᠶᠣᠯ ᠤᠨ ᠲᠡᠮᠳᠡᠭ | ᠮᠥᠨ᠃ | ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠬᠠᠭᠤᠴᠢ ᠰᠤᠳᠤᠯᠤᠯ ᠤᠨ | ᠭᠠᠵᠠᠷ ᠤᠨ ᠰᠤᠳᠤᠯᠤᠭᠴᠢ ᠲᠦᠩ ᠲᠤᠤ ᠬᠠᠭᠤᠴᠢ ᠰᠤᠳᠤᠯᠤᠯ ᠤᠨ ᠮᠠᠲ᠋ᠧᠷᠢᠶᠠᠯ ᠢᠶᠠᠷ ᠰᠦᠪᠡᠭᠴᠢ ᠪᠣᠯᠭᠠᠵᠤ ᠵᠢᠭᠠᠵᠤ | ᠭᠠᠷᠭᠠᠭᠰᠠᠨ ᠨᠢ᠂ ᠬᠥᠬᠡᠨᠠᠭᠤᠷ ᠲᠥᠪᠡᠳ ᠤᠨ ᠥᠨᠳᠦᠷᠯᠢᠭ ᠤᠨ ᠲᠣᠭᠤᠨ᠂ ᠳᠦᠪᠧ ᠵᠡᠷᠭᠡ ᠦᠨᠳᠦᠰᠦᠲᠡᠨ ᠤ | ᠪᠦᠯᠦᠭᠳᠡᠨ ᠤ ᠠᠶᠤᠯ ᠲᠦᠭᠰᠢᠭᠦᠷᠢᠲᠡᠢ ᠪᠠᠶᠢᠭᠠᠯᠢ ᠶᠢᠨ ᠣᠷᠴᠢᠨ ᠲᠣᠭᠤᠷᠢᠨ ᠳᠤ᠂ ᠲᠣᠷᠭᠠᠨ ᠵᠠᠮ ᠤᠨ ᠠᠷᠠᠯᠵᠢᠶ᠎ᠠ | ᠬᠤᠳᠠᠯᠳᠤᠭ᠎ᠠ ᠪᠠ ᠰᠣᠶᠣᠯ ᠤᠨ ᠰᠣᠯᠢᠯᠴᠠᠭᠠᠨ ᠤ ᠠᠵᠢᠯᠯᠠᠭ᠎ᠠ ᠳᠤ ᠬᠦᠴᠦ ᠪᠠᠨ ᠬᠠᠮᠲᠤᠳᠬᠠᠨ ᠣᠷᠣᠯᠴᠠᠵᠤ᠂ | ᠡᠴᠦᠰ ᠲᠡᠭᠡᠨ ᠬᠥᠬᠡᠨᠠᠭᠤᠷ ᠲᠥᠪᠡᠳ ᠤᠨ ᠥᠨᠳᠦᠷᠯᠢᠭ ᠤᠨ ᠡᠷᠲᠡ ᠦᠶ᠎ᠡ ᠶᠢᠨ ᠪᠣᠯᠪᠠᠰᠤᠨ ᠤ ᠬᠥᠭᠵᠢᠨ | ᠴᠡᠴᠡᠭᠯᠡᠭᠰᠡᠨ ᠭᠠᠶᠢᠬᠠᠮᠰᠢᠭ ᠢ ᠡᠭᠦᠳᠪᠡ᠃ ᠲᠡᠷᠡ᠂ ᠲᠣᠷᠭᠠᠨ ᠵᠠᠮ ᠨᠢ ᠦᠨᠳᠦᠰᠦᠲᠡᠨ ᠨᠦᠭᠦᠳ ᠤᠨ ᠠᠵᠤ ᠠᠬᠤᠢ᠂ | ᠰᠣᠶᠣᠯ ᠤᠨ ᠲᠠᠯ᠎ᠠ ᠪᠠᠷ ᠬᠠᠷᠢᠯᠴᠠᠨ ᠲᠦᠰᠢᠭᠯᠡᠵᠦ ᠪᠠᠶᠢᠬᠤ ᠪᠠ ᠪᠠᠶᠢᠬᠤ ᠡᠰᠡᠬᠦ ᠪᠠᠨ ᠬᠠᠷᠢᠯᠴᠠᠨ ᠨᠡᠪᠲᠡᠷᠡᠯᠴᠡᠵᠦ᠂ | ᠰᠠᠯᠵᠤ ᠪᠣᠯᠤᠰᠢ ᠦᠭᠡᠢ ᠪᠦᠬᠦᠯᠢ ᠴᠣᠭᠴᠠ ᠳᠤ ᠬᠠᠮᠲᠤ ᠪᠠᠷ ᠠᠭᠤᠰᠤᠯᠴᠠᠵᠤ᠂ ᠳᠤᠮᠳᠠᠳᠤ ᠶᠢᠨ ᠦᠨᠳᠦᠰᠦᠲᠡᠨ ᠤ | ᠰᠠᠯᠵᠤ ᠪᠣᠯᠤᠰᠢ ᠦᠭᠡᠢ ᠨᠢᠭᠡ ᠬᠡᠰᠡᠭ ᠪᠣᠯᠤᠭᠰᠠᠨ ᠪᠠᠶᠢᠨ᠎ᠠ ᠭᠡᠵᠦ ᠵᠢᠭᠠᠵᠦ ᠭᠠᠷᠭᠠᠵᠠᠢ᠃ | ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠫᠷᠣᠹᠧᠰᠰᠣᠷ ᠵᠠᠩ ᠶᠠ ᠱᠠ᠂ ᠺᠦᠨᠯᠦ᠋ᠨ ᠬᠠᠳᠠᠨ | ᠵᠢᠷᠤᠭ ᠤᠨ ᠤᠬᠠᠭᠳᠠᠬᠤᠨ ᠵᠢᠴᠢ ᠰᠣᠶᠣᠯ ᠤᠨ ᠠᠭᠤᠯᠤᠭᠳᠠᠬᠤᠨ ᠤ ᠲᠤᠰ ᠪᠡᠶ᠎ᠡ ᠪᠣᠯ ᠳᠠᠷᠤᠢ ᠨᠢᠭᠡ ᠵᠦᠢᠯ ᠤᠨ | ᠣᠳᠣ ᠦᠶ᠎ᠡ ᠶᠢᠨ ᠰᠣᠶᠣᠯ ᠤᠨ ᠪᠠᠶᠢᠭᠤᠯᠤᠯᠲᠠ ᠪᠣᠯᠤᠨ᠎ᠠ᠂ ᠲᠤᠶᠢᠯ ᠤᠨ ᠴᠢᠩᠭ᠎ᠠ ᠤᠷᠭᠤᠭᠤᠯᠤᠨ ᠪᠣᠳᠣᠯᠲᠠ ᠶᠢᠨ | ᠣᠷᠣᠨ ᠵᠠᠢ᠂ ᠪᠡᠯᠭᠡᠳᠡᠯ ᠤᠨ ᠴᠢᠨᠠᠷ ᠪᠠ ᠪᠦᠲᠦᠭᠡᠯᠲᠡ ᠶᠢᠨ ᠴᠢᠨᠠᠷ ᠲᠠᠢ᠃ ︽ᠺᠦᠨᠯᠦ᠋ᠨ ᠰᠣᠶᠣᠯ ᠤᠨ ᠳᠣᠲᠣᠷᠠᠬᠢ | ᠰᠢ ᠸᠠᠩ ᠮᠦ ᠶᠢᠨ ᠤᠯᠠᠮᠵᠢᠯᠠᠯ ᠶᠠᠷᠢᠶ᠎ᠠ ᠨᠢ᠂ ᠷᠣᠮᠠᠨᠲ᠋ᠢᠭ ᠬᠠᠶᠢᠷ᠎ᠠ ᠳᠤᠷᠠᠯᠠᠯ ᠢᠶᠠᠷ ᠦᠨᠳᠦᠰᠦᠲᠡᠨ ᠤ | ᠠᠭᠤᠰᠤᠯᠴᠠᠯ ᠤᠨ ᠦᠯᠢᠭᠡᠷ ᠰᠦᠪᠡᠭᠴᠢ ᠪᠣᠯᠭᠠᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ | ᠤᠬᠠᠮᠰᠠᠷ ᠢ ᠠᠮᠢᠳᠤᠯᠢᠭ ᠢᠶᠠᠷ ᠢᠯᠡᠷᠡᠭᠦᠯᠪᠡ︾ ᠭᠡᠵᠦ ᠵᠢᠭᠠᠵᠦ ᠭᠠᠷᠭᠠᠵᠠᠢ᠃ | ᠵᠠᠭᠤ ᠮᠢᠩᠭᠠᠨ ᠵᠢᠯ ᠤᠨ ᠲᠤᠷᠰᠢ᠂ ᠳᠤᠮᠳᠠᠳᠤ ᠶᠢᠨ ᠡᠪᠦᠭᠡ ᠳᠡᠭᠡᠳᠦᠰ ᠺᠦᠨᠯᠦ᠋ᠨ ᠠᠭᠤᠯᠠ ᠶᠢᠨ | ᠲᠣᠭᠤᠷᠢᠨ ᠳᠤ ᠬᠠᠲᠤᠨ ᠭᠤᠣᠯ ᠤᠨ ᠡᠬᠢ ᠶᠢ ᠬᠠᠶᠢᠵᠤ᠂ ᠬᠠᠨ ᠤᠯᠤᠰ᠂ ᠶᠢᠨ ᠤᠯᠤᠰ᠂ ᠰᠦᠢ ᠤᠯᠤᠰ᠂ ᠲᠠᠩ | ᠤᠯᠤᠰ᠂ ᠰᠥᠩ ᠤᠯᠤᠰ᠂ ᠮᠢᠩ ᠤᠯᠤᠰ᠂ ᠴᠢᠩ ᠤᠯᠤᠰ ᠪᠦᠷ ᠬᠥᠬᠡᠨᠠᠭᠤᠷ ᠠᠴᠠ ᠭᠤᠣᠯ ᠤᠨ ᠡᠬᠢ ᠶᠢ | ᠬᠠᠶᠢᠭᠰᠠᠨ ᠦᠶᠯᠡ ᠠᠵᠢᠯᠯᠠᠭ᠎ᠠ ᠲᠠᠢ ᠪᠠᠶᠢᠪᠠ᠃ ︽︿ᠭᠤᠣᠯ ᠤᠨ ᠡᠬᠢ ᠶᠢᠨ ᠺᠦᠨᠯᠦ᠋ᠨ﹀ ᠪᠣᠯ ᠪᠠᠯᠠᠷᠠᠰᠢ ᠦᠭᠡᠢ | ᠣᠶᠤᠨ ᠰᠠᠨᠠᠭᠠᠨ ᠤ ᠦᠢᠯᠡ ᠶᠠᠪᠤᠳᠠᠯ ᠮᠥᠨ᠂ ᠪᠠᠰᠠ ᠴᠤ ᠭᠤᠶᠢᠪᠢᠰᠢ ᠦᠭᠡᠢ ᠢᠲᠡᠭᠡᠯ ᠪᠢᠰᠢᠷᠡᠯ ᠮᠥᠨ᠂ ︿ | ᠭᠤᠣᠯ ᠤᠨ ᠡᠬᠢ ᠶᠢᠨ ᠺᠦᠨᠯᠦ᠋ᠨ﹀ ᠤ ᠬᠠᠶᠢᠯᠲᠠ ᠪᠣᠯ ᠤᠯᠤᠰ ᠣᠷᠣᠨ ᠤ ᠲᠤᠬᠠᠢ ᠶᠢᠨ ᠭᠠᠵᠠᠷ ᠲᠤ ᠪᠠᠶᠢᠭ᠎ᠠ | ᠦᠢᠯᠡ ᠠᠵᠢᠯᠯᠠᠭ᠎ᠠ ᠮᠥᠨ᠂ ᠡᠨᠡ ᠨᠢ ︿ᠳᠠᠶᠠᠩ ᠳᠡᠯᠡᠬᠡᠢ᠂ ᠡᠰᠡ ᠪᠦᠭᠡᠰᠦ ᠬᠠᠭᠠᠨ ᠡᠵᠡᠨ﹀ ᠭᠡᠰᠡᠨ ᠶᠡᠭᠡ | ᠨᠢᠭᠡᠳᠦᠯ ᠤᠨ ᠦᠵᠡᠯᠲᠡ ᠶᠢ ᠬᠠᠷᠠᠭᠤᠯᠵᠤ ᠪᠠᠶᠢᠭ᠎ᠠ ᠶᠤᠮ︾ ᠭᠡᠵᠦ ᠬᠥᠬᠡᠨᠠᠭᠤᠷ ᠤᠨ ᠪᠠᠭᠰᠢ ᠶᠢᠨ ᠶᠡᠭᠡ | ᠰᠤᠷᠭᠠᠭᠤᠯᠢ ᠶᠢᠨ ᠫᠷᠤᠹᠧᠰᠰᠤᠷ ᠮᠢ ᠬᠠᠢ ᠫᠢᠩ ᠵᠢᠭᠠᠵᠤ ᠭᠠᠷᠭᠠᠪᠠ᠃ | ᠺᠦᠨᠯᠦ᠋ᠨ ᠰᠣᠶᠣᠯ ᠨᠢ ᠭᠤᠶᠢᠳᠠ ᠰᠠᠶᠢᠬᠠᠨ ᠪᠠᠶᠢᠵᠤ᠂ ᠥᠪᠡᠷᠮᠢᠴᠡ ᠰᠣᠶᠣᠯ ᠤᠨ ᠠᠭᠤᠯᠬᠤᠨ ᠪᠠ ᠴᠠᠭ | ᠦᠶ᠎ᠡ ᠶᠢᠨ ᠦᠨ᠎ᠡ ᠥᠷᠲᠡᠭ ᠲᠠᠢ ᠶᠤᠮ᠃ | ︽ᠺᠦᠨᠯᠦ᠋ᠨ ᠤ ᠬᠠᠰ ᠠᠭᠤᠯᠠ ᠪᠣᠯ ᠴᠢᠨᠠᠷ ᠰᠠᠶᠢᠲᠠᠢ ᠴᠢᠯᠠᠭᠤᠨ ᠬᠠᠰ ᠤᠨ ᠠᠭᠤᠷᠬᠠᠢ ᠶᠢᠨ ᠡᠬᠢ | ᠪᠠᠶᠠᠯᠢᠭ ᠢᠶᠠᠷ ᠰᠠᠭᠤᠷᠢ ᠪᠣᠯᠭᠠᠵᠤ᠂ ᠺᠦᠨᠯᠦ᠋ᠨ ᠤ ᠰᠣᠶᠣᠯ ᠢ ᠰᠢᠲᠦᠬᠦ ᠦᠵᠡᠭᠳᠡᠯ ᠢ ᠬᠡᠶᠢᠰᠪᠦᠷᠢ ᠶᠢᠨ ᠳᠣᠲᠣᠷ᠎ᠠ | ᠪᠣᠳᠠᠲᠠᠢ ᠪᠠᠷ᠂ ᠪᠣᠳᠠᠲᠠᠢ ᠶᠢᠨ ᠳᠣᠲᠣᠷ᠎ᠠ ᠬᠡᠶᠢᠰᠪᠦᠷᠢ ᠪᠠᠷ᠂ ᠪᠣᠳᠠᠲᠠᠢ ᠬᠡᠶᠢᠰᠪᠦᠷᠢ ᠶᠢ ᠬᠤᠣᠰᠯᠠᠭᠤᠯᠤᠭᠰᠠᠨ ᠣᠨᠴᠠ | ᠴᠢᠨᠠᠷ ᠢ ᠪᠤᠶ ᠪᠣᠯᠭᠠᠭᠰᠠᠨ ᠶᠤᠮ᠂ ᠡᠨᠡ ᠪᠣᠯ ᠡᠷᠳᠡᠮ ᠰᠢᠨᠵᠢᠯᠡᠭᠡᠨ ᠤ ᠰᠤᠳᠤᠯᠤᠯ ᠪᠠ ᠰᠣᠶᠣᠯ ᠤᠨ ᠡᠭᠦᠳᠦᠯᠲᠡ ᠶᠢᠨ | ᠨᠡᠭᠡᠭᠡᠨ ᠬᠥᠭᠵᠢᠭᠦᠯᠦᠭᠦᠰᠢᠲᠡᠢ ᠣᠨᠴᠠᠯᠢᠭᠲᠤ ᠡᠬᠢ ᠪᠠᠶᠠᠯᠢᠭ ᠮᠥᠨ︾ ᠭᠡᠵᠦ ᠶᠧ ᠱᠦ ᠰᠢᠶᠠᠨ ᠢᠯᠡᠳᠬᠡᠪᠡ᠃ | ᠲᠠᠶᠢᠸᠠᠨ ᠤ ᠳ᠋ᠦᠩ ᠬᠤᠸᠠ ᠶᠡᠭᠡ ᠰᠤᠷᠭᠠᠭᠤᠯᠢ ᠶᠢᠨ ᠫᠷᠤᠹᠧᠰᠰᠤᠷ ᠫᠧᠩ ᠶᠠᠨ ᠯᠦᠨ᠂ ᠰᠢ ᠸᠠᠩ | ᠮᠦ ᠶᠢᠨ ᠤᠯᠠᠮᠵᠢᠯᠠᠯ ᠶᠠᠷᠢᠶ᠎ᠠ ᠤᠯᠠᠮᠵᠢᠯᠠᠯ ᠤᠨ ᠣᠷᠣᠨ ᠪᠦᠰᠡ ᠶᠢᠨ ᠠᠯᠭᠠᠰᠠᠯ ᠨᠢ ᠲᠦᠢᠯ ᠤᠨ ᠶᠡᠭᠡ ᠪᠠᠶᠢᠵᠤ᠂ | ᠬᠥᠬᠡᠨᠠᠭᠤᠷ᠂ ᠰᠢᠨᠵᠢᠶᠠᠩ᠂ ᠭᠠᠨᠰᠦ᠂ ᠱᠠᠨᠳᠦ᠋ᠩ᠂ ᠱᠠᠩᠬᠠᠶ᠂ ᠲᠠᠶᠢᠸᠠᠨ ᠵᠡᠷᠭᠡ ᠭᠠᠵᠠᠷ ᠲᠤ ᠬᠤᠯᠪᠣᠭᠳᠠᠨ᠎ᠠ᠃ ︽ | ᠰᠢ ᠸᠠᠩ ᠮᠦ ᠲᠡᠭᠷᠢ ᠠᠴᠠ ᠬᠥᠮᠥᠨ ᠤ ᠶᠢᠷᠲᠢᠨᠴᠦ ᠳᠤ ᠠᠯᠬᠤᠨ ᠣᠷᠣᠵᠤ᠂ ᠬᠥᠮᠥᠨ ᠤ ᠶᠢᠷᠲᠢᠨᠴᠦ ᠶᠢᠨ ᠥᠩᠭᠡ | ᠦᠵᠡᠮᠵᠢ᠂ ᠡᠳ᠋ ᠪᠣᠳᠠᠰ᠂ ᠲᠡᠭᠷᠢ ᠶᠢᠨ ᠦᠵᠡᠭᠳᠡᠯ ᠢ ᠬᠤᠯᠪᠣᠭᠰᠠᠨ ᠪᠠᠶᠢᠨ᠎ᠠ᠂ ᠡᠨᠡ ᠨᠢ ᠳᠠᠷᠤᠢ ᠳᠣᠮᠤᠭ ᠶᠠᠷᠢᠶ᠎ᠠ | ᠠᠴᠠ ᠠᠷᠰᠢ ᠶᠢᠨ ᠦᠯᠢᠭᠡᠷ ᠪᠣᠯᠵᠤ ᠬᠥᠭᠵᠢᠭᠰᠡᠨ ᠤ ᠢᠯᠡᠷᠡᠯ ᠮᠥᠨ᠃ ᠰᠢ ᠸᠠᠩ ᠮᠦ ᠲᠠᠢ ᠬᠤᠯᠪᠣᠭ᠎ᠠ ᠲᠠᠢ | ᠦᠵᠡᠮᠵᠢ᠂ ᠭᠠᠷᠤᠯᠲᠠ ᠨᠢ ᠲᠣᠭᠤᠷᠢᠨ ᠦᠵᠡᠬᠦ ᠠᠵᠤ ᠦᠢᠯᠡᠰ ᠤᠨ ᠬᠥᠭᠵᠢᠯᠲᠡ ᠳᠤ ᠬᠦᠴᠦᠨ ᠨᠡᠮᠡᠷᠢᠯᠡᠵᠦ᠂ | ᠠᠷᠠᠳ ᠤᠨ ᠠᠮᠠᠨ ᠵᠣᠬᠢᠶᠠᠯ ᠪᠣᠯᠣᠨ ᠲᠣᠭᠤᠷᠢᠨ ᠦᠵᠡᠬᠦ ᠵᠢᠭᠤᠯᠴᠢᠯᠠᠯ ᠢ ᠤᠶᠠᠯᠳᠤᠭᠤᠯᠤᠭᠰᠠᠨ ᠠᠵᠤ ᠠᠬᠤᠢ ᠶᠢᠨ | ᠠᠵᠤ ᠦᠢᠯᠡᠰ ᠤᠨ ᠬᠡᠯᠬᠢᠶ᠎ᠡ ᠶᠢ ᠪᠦᠷᠢᠯᠳᠦᠭᠦᠯᠵᠡᠢ︾ ᠭᠡᠵᠦ ᠵᠢᠭᠠᠵᠦ ᠭᠠᠷᠭᠠᠵᠠᠢ᠃ | ᠯᠠᠨᠵᠧᠤ ᠶᠡᠭᠡ ᠰᠤᠷᠭᠠᠭᠤᠯᠢ ᠶᠢᠨ ᠯᠧᠺᠲ᠋ᠣᠷ ᠫᠧᠩ ᠪᠢ ᠱᠧᠩ᠂ ᠯᠠᠨᠵᠧᠤ ᠶᠡᠭᠡ ᠰᠤᠷᠭᠠᠭᠤᠯᠢ ᠶᠢᠨ | ᠪᠠᠷᠠᠭᠤᠨ ᠬᠤᠶᠢᠲᠤ ᠶᠢᠨ ᠴᠥᠭᠡᠨ ᠲᠣᠭᠠᠲᠤ ᠦᠨᠳᠦᠰᠦᠲᠡᠨ ᠤ ᠰᠤᠳᠤᠯᠭᠠᠨ ᠤ ᠲᠥᠪ ᠤᠨ ᠳ᠋ᠣᠺᠲ᠋ᠣᠷᠠᠨᠲ ᠯᠦ ᠮᠢᠨ᠂ | ᠺᠦᠨᠯᠦ᠋ᠨ ᠰᠣᠶᠣᠯ ᠪᠣᠯ ᠳᠤᠮᠳᠠᠳᠤ ᠤᠯᠤᠰ ᠤᠨ ᠨᠤᠲᠤᠭ ᠳᠡᠪᠢᠰᠬᠡᠷ ᠤᠨ ᠰᠣᠶᠣᠯ ᠤᠨ ᠴᠢᠬᠤᠯᠠ ᠡᠬᠢ ᠡᠭᠦᠰᠦᠯ ᠤᠨ | ᠨᠢᠭᠡ ᠮᠥᠨ᠂ ᠡᠪᠡᠰᠦᠨ ᠰᠤᠳᠤᠯᠤᠯ ᠨᠢ ᠺᠦᠨᠯᠦ᠋ᠨ ᠰᠣᠶᠣᠯ ᠤᠨ ᠭᠦᠨᠵᠡᠭᠡᠶ ᠨᠥᠯᠥᠭᠡ ᠶᠢ ᠭᠥᠷᠳᠡᠵᠦ᠂ ᠲᠡᠭᠦᠨ ᠤ | ᠪᠣᠶ ᠪᠣᠯᠬᠤ᠂ ᠦᠵᠡᠯ ᠰᠠᠨᠠᠭ᠎ᠠ ᠵᠢᠴᠢ ᠪᠣᠳᠠᠲᠠᠶ ᠡᠮ ᠪᠣᠳᠠᠰ ᠤᠨ ᠤᠬᠠᠭᠠᠨ ᠤ ᠠᠭᠤᠯᠤᠭᠳᠠᠬᠤᠨ ᠨᠢ ᠴᠥᠮ | ᠺᠦᠨᠯᠦ᠋ᠨ ᠰᠣᠶᠣᠯ ᠲᠠᠢ ᠨᠢᠭᠲᠠ ᠬᠤᠯᠪᠣᠭ᠎ᠠ ᠲᠠᠢ ᠭᠡᠵᠦ ᠵᠢᠭᠠᠵᠦ ᠭᠠᠷᠭᠠᠵᠠᠢ᠃ | ᠬᠥᠬᠡᠨᠠᠭᠤᠷ ᠤᠨ ᠪᠠᠭᠰᠢ ᠶᠢᠨ ᠶᠡᠭᠡ ᠰᠤᠷᠭᠠᠭᠤᠯᠢ ᠶᠢᠨ ᠳᠡᠳ᠋ ᠫᠷᠤᠹᠧᠰᠰᠤᠷ ᠸᠠᠩ ᠰᠢᠶᠣᠣ ᠮᠢᠩ ᠤᠨ | ᠦᠵᠡᠬᠦ ᠪᠠᠷ᠂ ᠰᠢ ᠸᠠᠩ ᠮᠦ ᠶᠢᠨ ᠵᠢᠷᠤᠭ ᠳᠦᠷᠰᠦ ᠶᠢᠨ ᠤᠷᠠᠯᠢᠭ ᠨᠢ ᠳᠠᠬᠢᠨ ᠢᠯᠡᠷᠡᠵᠦ᠂ ᠴᠠᠭ ᠡᠷᠡᠨ ᠤ ᠭᠤᠸ᠎ᠠ | ᠰᠠᠶᠢᠬᠠᠨ ᠲᠠᠢ ᠪᠠᠷᠤᠭ ᠠᠳᠠᠯᠢ᠃ ︽ᠣᠶᠢᠷ᠎ᠠ ᠶᠢᠨ ᠵᠢᠯ ᠤᠳ ᠲᠤ᠂ ᠮᠠᠰᠢ ᠣᠯᠠᠨ ᠭᠠᠷ ᠤᠲᠠᠰᠤᠨ ᠤ ᠲᠣᠭᠯᠠᠭᠠᠮ | ᠪᠠ ᠠᠷᠰᠢ ᠶᠢᠨ ᠪᠠᠭᠠᠲᠤᠷ ᠤᠨ ᠬᠡᠢ ᠬᠤᠭᠤᠰᠤᠨ ᠵᠦᠴᠦᠭᠡ ᠨᠢ ᠺᠦᠨᠯᠦ᠋ᠨ ᠰᠣᠶᠣᠯ ᠤᠨ ᠡᠯᠧᠮᠧᠨ᠋ᠲ ᠲᠤ ᠠᠭᠤᠰᠴᠤ᠂ | ᠵᠠᠯᠠᠭᠤ ᠨᠢᠭᠡ ᠦᠶ᠎ᠡ ᠶᠢᠨ ᠬᠢᠨ ᠢ ᠺᠦᠨᠯᠦ᠋ᠨ ᠤ ᠳᠣᠮᠤᠭ᠂ ᠺᠦᠨᠯᠦ᠋ᠨ ᠤ ᠰᠣᠶᠣᠯ ᠳᠤ ᠠᠩᠬᠠᠷᠤᠯ ᠢᠶᠠᠨ | ᠬᠠᠨᠳᠤᠭᠤᠯᠵᠠᠢ᠃ ᠵᠣᠬᠢᠶᠠᠮᠠᠯ ᠣᠶᠤᠨᠴᠢ ᠴᠢᠳᠠᠪᠤᠷᠢ ᠵᠡᠷᠭᠡ ᠮᠡᠷᠭᠡᠵᠢᠯ ᠤᠨ ᠬᠡᠷᠡᠭᠯᠡᠯᠲᠡ ᠪᠠᠷ᠂ ᠰᠢ ᠸᠠᠩ ᠮᠦ ᠶᠢᠨ | ᠳᠦᠷᠢ ᠬᠥᠮᠥᠰ ᠤᠨ ᠬᠠᠷᠠᠭᠠᠨ ᠳᠤ ᠣᠷᠣᠵᠤ᠂ ᠤᠯᠠᠮᠵᠢᠯᠠᠯᠲᠤ ᠰᠣᠶᠣᠯ ᠤᠨ ᠴᠡᠭᠡᠵᠢᠯᠡᠬᠦᠢ ᠶᠢᠨ ᠣᠳᠣᠬᠢᠴᠢᠯᠠᠭᠰᠠᠨ | ᠬᠤᠪᠢᠷᠠᠭᠤᠯᠤᠯᠲᠠ ᠶᠢ ᠪᠡᠶᠡᠯᠡᠭᠦᠯᠪᠡ︾ ᠭᠡᠪᠡ᠃ | ᠤᠯᠤᠰ ᠤᠨ ᠰᠣᠶᠣᠯ ᠤᠨ ᠴᠡᠴᠡᠷᠯᠢᠭ ᠪᠣᠯ ᠨᠠᠮ ᠪᠠ ᠤᠯᠤᠰ ᠤᠨ ᠰᠣᠶᠣᠯ ᠤᠨ ᠬᠦᠷᠢᠶᠡᠨ ᠳᠠᠬᠢ | ᠠᠬᠢᠭᠤᠯᠤᠨ ᠬᠡᠷᠡᠭᠵᠢᠭᠦᠯᠬᠦ ᠴᠢᠬᠤᠯᠠ ᠶᠡᠭᠡ ᠤᠯᠤᠰ ᠤᠨ ᠪᠠᠶᠢᠯᠳᠤᠬᠤ ᠪᠣᠳᠣᠯᠭ᠎ᠠ ᠮᠥᠨ᠂ ᠰᠣᠶᠣᠯ ᠤᠨ | ᠪᠠᠶᠢᠭᠤᠯᠤᠯᠲᠠ ᠪᠠ ᠰᠣᠶᠣᠯ ᠤᠨ ᠥᠪ ᠤᠨ ᠬᠠᠮᠠᠭᠠᠯᠠᠯᠲᠠ ᠶᠢᠨ ᠵᠠᠭᠪᠤᠷ ᠤᠨ ᠰᠢᠨ᠎ᠡ ᠶᠢ ᠡᠭᠦᠳᠬᠦ ᠶᠠᠪᠤᠳᠠᠯ ᠮᠥᠨ᠃ | ᠮᠠᠨ ᠤ ᠤᠯᠤᠰ ᠪᠣᠯ ᠠᠩᠬᠠᠳᠠᠭᠴᠢ ᠤᠯᠤᠰ ᠤᠨ ᠰᠣᠶᠣᠯ ᠤᠨ ᠴᠡᠴᠡᠷᠯᠢᠭ ᠤᠨ ᠤᠬᠠᠭᠳᠠᠬᠤᠨ ᠢ ᠬᠡᠷᠡᠭᠯᠡᠵᠦ ᠪᠠᠶᠢᠭ᠎ᠠ | ᠤᠯᠤᠰ ᠪᠣᠯᠤᠨ᠎ᠠ᠂ ᠣᠳᠣᠬᠠᠨ ᠳᠤ ᠪᠠᠶᠢᠭᠤᠯᠵᠤ ᠪᠠᠶᠢᠭ᠎ᠠ ᠤᠯᠤᠰ ᠤᠨ ᠰᠣᠶᠣᠯ ᠤᠨ 5 ᠴᠡᠴᠡᠷᠯᠢᠭ ᠲᠤ ᠴᠥᠮ ᠶᠡᠭᠡ | ᠬᠡᠮᠵᠢᠶᠡᠨ ᠤ ᠱᠤᠭᠤᠮᠯᠢᠭ ᠰᠣᠶᠣᠯ ᠤᠨ ᠥᠪ ᠬᠥᠷᠥᠩᠭᠡ ᠪᠠᠭᠲᠠᠨ᠎ᠠ᠃ | ᠬᠥᠬᠡᠨᠠᠭᠤᠷ ᠮᠤᠵᠢ ᠶᠢᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠤᠤᠯ ᠤᠨ ᠳᠠᠷᠤᠭ᠎ᠠ | ᠵᠤᠤ ᠽᠦᠩ ᠹᠦ᠋᠂ ᠺᠦᠨᠯᠦ᠋ᠨ ᠠᠭᠤᠯᠠ ᠳᠤᠮᠳᠠᠳᠤ ᠶᠢᠨ ᠰᠣᠶᠣᠯ ᠤᠨ ᠲᠡᠦᠬᠡᠨ ᠳᠡᠭᠡᠷ᠎ᠡ ᠤᠯᠤᠰ ᠤᠨ ᠤᠯᠤᠰ ᠲᠦᠷᠦ | ᠂ ᠤᠯᠤᠰ ᠤᠨ ᠡᠷᠬᠡ ᠮᠡᠳᠡᠯ ᠵᠡᠷᠭᠡ ᠤᠯᠤᠰ ᠤᠨ ᠪᠦᠬᠦᠯᠢ ᠴᠣᠭᠴᠠ ᠶᠢᠨ ᠲᠦᠷᠢ ᠲᠥᠷᠬᠦ ᠶᠢ ᠲᠥᠯᠥᠭᠡᠯᠡᠵᠦ᠂ | ᠳᠤᠮᠳᠠᠳᠤ ᠶᠢᠨ ᠪᠣᠯᠪᠠᠰᠤᠨ ᠤ ᠳᠡᠯᠡᠬᠡᠢ ᠶᠢᠨ ᠪᠠᠶᠢᠷᠢ ᠰᠠᠭᠤᠷᠢ᠂ ᠤᠯᠤᠰ ᠤᠨ ᠨᠤᠲᠤᠭ ᠳᠡᠪᠢᠰᠬᠡᠷ ᠪᠣᠯᠤᠨ ᠤᠯᠤᠰ | ᠲᠦᠷᠦ ᠶᠢᠨ ᠡᠮᠬᠢ ᠳᠢᠭᠯᠢᠮ᠂ ᠶᠣᠰᠣ ᠰᠤᠷᠲᠠᠬᠤᠨ ᠤ ᠦᠵᠡᠯᠲᠡ ᠵᠡᠷᠭᠡ ᠠᠴᠢ ᠬᠤᠯᠪᠣᠭᠳᠠᠯ ᠢ ᠲᠥᠯᠥᠭᠡᠯᠡᠵᠦ᠂ | ᠡᠶᠢᠮᠦ ᠠᠴᠠ ᠳᠤᠮᠳᠠᠳᠤ ᠶᠢᠨ ᠪᠣᠯᠪᠠᠰᠤᠨ ᠤ ᠲᠡᠦᠬᠡ ᠶᠢᠨ ᠬᠡᠯᠡᠨ ᠤ ᠣᠷᠴᠢᠨ ᠳᠤ ᠺᠦᠨᠯᠦ᠋ᠨ ᠰᠣᠶᠣᠯ ᠤᠨ | ᠰᠤᠳᠤᠯᠭᠠᠨ ᠪᠣᠯᠤᠨ ᠤᠯᠠᠮᠵᠢᠯᠠᠯ ᠢ ᠠᠵᠢᠭᠯᠠᠬᠤ ᠬᠡᠷᠡᠭᠲᠡᠢ᠃ ︽ᠺᠦᠨᠯᠦ᠋ᠨ ᠤ ᠤᠯᠤᠰ ᠤᠨ ᠰᠣᠶᠣᠯ ᠤᠨ | ᠴᠡᠴᠡᠷᠯᠢᠭ ᠤᠨ ᠪᠦᠲᠦᠭᠡᠨ ᠪᠠᠶᠢᠭᠤᠯᠤᠯᠲᠠ ᠳᠤ ᠤᠯᠤᠰ ᠤᠨ ᠰᠣᠶᠣᠯ ᠤᠨ ᠥᠨᠳᠥᠷᠴᠡ᠂ ᠰᠣᠶᠣᠯ ᠤᠨ ᠬᠦᠦᠷᠨᠢᠯ | ᠬᠡᠷᠡᠭ ᠤᠨ ᠬᠡᠮᠵᠢᠶ᠎ᠡ᠂ ᠣᠯᠠᠨ ᠡᠰᠢᠲᠦ ᠨᠢᠭᠡ ᠴᠣᠭᠴᠠ ᠶᠢᠨ ᠬᠡᠮᠵᠢᠶ᠎ᠡ᠂ ᠦᠯᠢᠭᠡᠷ ᠢ ᠰᠠᠶᠢᠬᠠᠨ ᠶᠠᠷᠢᠬᠤ ᠬᠠᠯᠠᠭᠤᠨ | ᠳᠤᠯᠠᠭᠠᠨ᠂ ᠰᠣᠶᠣᠯ ᠢᠶᠠᠷ ᠠᠷᠠᠳ ᠲᠤ ᠠᠰᠢᠭ ᠬᠦᠷᠲᠡᠭᠡᠬᠦ ᠬᠠᠯᠠᠭᠤᠨ ᠰᠡᠳᠬᠢᠯᠭᠡ ᠶᠢ ᠪᠠᠷᠢᠮᠲᠠᠯᠠᠬᠤ ᠬᠡᠷᠡᠭᠲᠡᠢ︾ | ᠭᠡᠵᠦ ᠵᠢᠭᠠᠵᠦ ᠭᠠᠷᠭᠠᠵᠠᠢ᠃ | ᠺᠦᠨᠯᠦ᠋ᠨ ᠠᠭᠤᠯᠠᠨ ᠭᠠᠵᠠᠷ ᠡᠯᠪᠡᠭ ᠳᠡᠯᠪᠡᠭ ᠬᠠᠭᠤᠴᠢ ᠰᠤᠳᠤᠯᠤᠯ ᠤᠨ ᠰᠣᠶᠣᠯ ᠤᠨ ᠦᠯᠡᠳᠡᠭᠳᠡᠯ ᠲᠠᠢ᠂ | ᠺᠦᠨᠯᠦ᠋ᠨ ᠤᠯᠤᠰ ᠤᠨ ᠰᠣᠶᠣᠯ ᠤᠨ ᠴᠡᠴᠡᠷᠯᠢᠭ ᠢ ᠬᠡᠷᠬᠢᠨ ᠲᠥᠯᠥᠪᠵᠢᠭᠦᠯᠬᠦ ᠪᠤᠢ︖ ᠬᠥᠬᠡᠨᠠᠭᠤᠷ ᠤᠨ ᠪᠠᠭᠰᠢ ᠶᠢᠨ | ᠶᠡᠭᠡ ᠰᠤᠷᠭᠠᠭᠤᠯᠢ ᠶᠢᠨ ᠫᠷᠤᠹᠧᠰᠰᠤᠷ ᠾᠧᠦ ᠭᠤᠸᠠᠩ ᠯᠢᠶᠠᠩ᠂ ᠺᠦᠨᠯᠦ᠋ᠨ ᠤᠯᠤᠰ ᠤᠨ ᠰᠣᠶᠣᠯ ᠤᠨ | ᠴᠡᠴᠡᠷᠯᠢᠭ ᠲᠤ ᠰᠢᠨᠵᠢᠶᠠᠩ᠂ ᠲᠥᠪᠡᠳ᠂ ᠬᠥᠬᠡᠨᠠᠭᠤᠷ ᠤᠨ ᠭᠤᠷᠪᠠᠨ ᠮᠤᠵᠢ ᠣᠷᠣᠨ ᠤ ᠺᠦᠨᠯᠦ᠋ᠨ ᠠᠭᠤᠯᠠᠨ | ᠨᠢᠷᠤᠭᠤᠨ ᠤ ᠭᠠᠵᠠᠷ ᠣᠷᠣᠨ ᠢ ᠬᠠᠮᠤᠷᠴᠤ᠂ ᠺᠦᠨᠯᠦ᠋ᠨ ᠠᠭᠤᠯᠠ ᠶᠢᠨ ᠭᠤᠤᠯ ᠴᠣᠭᠴᠠ ᠪᠣᠯᠣᠨ ᠡᠮᠦᠨᠡᠲᠦ ᠬᠤᠶᠢᠲᠤ | ᠬᠤᠷᠮᠣᠶ ᠶᠢᠨ ᠰᠢᠶᠠᠨ ᠤ ᠳᠡᠰ ᠤᠨ ᠵᠠᠰᠠᠭ ᠵᠠᠬᠢᠷᠭᠠᠨ ᠤ ᠣᠷᠣᠨ ᠢᠶᠠᠷ ᠦᠨᠳᠦᠰᠦᠨ ᠣᠷᠣᠨ ᠪᠣᠯᠭᠠᠵᠤ ᠺᠦᠨᠯᠦ᠋ᠨ | ᠰᠣᠶᠣᠯ ᠤᠨ ᠬᠥᠭᠵᠢᠯᠲᠡ ᠶᠢᠨ ᠲᠡᠦᠬᠡᠨ ᠬᠠᠷᠢᠴᠠᠭ᠎ᠠ ᠲᠠᠢ ᠣᠷᠣᠨ ᠪᠦᠰᠡ ᠶᠢ ᠬᠠᠮᠤᠷᠴᠠᠶ᠃ ᠡᠭᠦᠨ ᠤ ᠬᠠᠮᠲᠤ ᠲᠡᠷᠡ | ᠺᠦᠨᠯᠦ᠋ᠨ ᠠᠭᠤᠯᠠ ᠶᠢᠨ ᠰᠣᠶᠣᠯ ᠤᠨ ᠡᠬᠢ ᠪᠠᠶᠠᠯᠢᠭ ᠤᠨ ᠰᠠᠭᠤᠷᠢ ᠳ᠋ᠠᠶᠢᠲ᠋ᠠ ᠬᠥᠮᠥᠷᠭᠡ ᠪᠠᠶᠢᠭᠤᠯᠬᠤ ᠰᠠᠨᠠᠭᠤᠯᠭ᠎ᠠ | ᠭᠠᠷᠭᠠᠪᠠ᠃ | 20 ᠳ᠋ᠤᠭᠠᠷ ᠵᠠᠭᠤᠨ ᠤ ᠶᠡᠷᠡᠭᠡᠳ ᠣᠨ ᠠᠴᠠ ᠨᠠᠭᠠᠰᠢ᠂ ᠬᠥᠬᠡᠨᠠᠭᠤᠷ ᠤᠨ ᠣᠷᠣᠨ ᠨᠤᠲᠤᠭ ᠤᠨ | ᠰᠤᠳᠤᠯᠭᠠᠨ ᠤ ᠡᠲᠡᠭᠡᠳ ᠤᠨ ᠬᠢᠨ ᠺᠦᠨᠯᠦ᠋ᠨ ᠤ ᠳᠣᠮᠤᠭ ᠶᠠᠷᠢᠶ᠎ᠠ ᠳᠤ ᠰᠤᠳᠤᠯᠤᠯᠲᠠ ᠬᠢᠵᠦ᠂ ᠺᠦᠨᠯᠦ᠋ᠨ ᠤ | ᠰᠤᠶᠤᠯ ᠤᠨ ᠪᠠᠶᠢᠭᠤᠯᠤᠯᠲᠠ ᠶᠢᠨ ᠲᠠᠯ᠎ᠠ ᠪᠠᠷ ᠠᠰᠢᠭᠲᠠᠶ ᠦᠢᠯᠡᠳᠦᠯᠭᠡ ᠶᠢᠨ ᠰᠥᠪᠡᠭᠴᠢᠯᠡᠯᠲᠡ ᠬᠢᠵᠡᠶ᠃ ᠬᠥᠬᠡᠨᠠᠭᠤᠷ | ᠮᠤᠵᠢ ᠶᠢᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠣᠶᠣᠯ ᠲᠡᠤᠬᠡ ᠶᠢᠨ ᠰᠤᠳᠤᠯᠭᠠᠨ ᠤ | ᠭᠠᠵᠠᠷ ᠤᠨ ᠳᠠᠷᠤᠭ᠎ᠠ ᠵᠠᠩ ᠱᠧᠩ ᠶᠢᠨ ᠢᠯᠡᠷᠬᠡᠶᠢᠯᠡᠬᠦ ᠳᠡᠭᠡᠨ᠂ ᠣᠶᠢᠷ᠎ᠠ ᠶᠢᠨ ᠵᠢᠯ ᠤᠳ ᠲᠤ ᠬᠥᠬᠡᠨᠠᠭᠤᠷ ᠤᠨ | ᠺᠦᠨᠯᠦ᠋ᠨ ᠰᠣᠶᠣᠯ ᠤᠨ ᠰᠤᠳᠤᠯᠭᠠᠨ ᠨᠢ ᠺᠦᠨᠯᠦ᠋ᠨ ᠰᠣᠶᠣᠯ ᠤᠨ ᠪᠠᠶᠢᠭᠤᠯᠤᠯᠲᠠ ᠲᠠᠢ ᠠᠭᠤᠰᠤᠯᠴᠠᠵᠤ᠂ ᠨᠢᠭᠡᠨᠲᠡ | ᠣᠷᠣᠨ ᠨᠤᠲᠤᠭ ᠤᠨ ᠰᠣᠶᠣᠯ ᠤᠨ ᠪᠠᠶᠢᠭᠤᠯᠤᠯᠲᠠ ᠶᠢᠨ ᠳᠤᠲᠠᠭᠳᠠᠵᠤ ᠪᠣᠯᠤᠰᠢ ᠥᠬᠡᠶ ᠪᠦᠷᠢᠯᠳᠦᠬᠦᠨ ᠬᠡᠰᠡᠭ | ᠪᠣᠯᠤᠭᠰᠠᠨ ᠪᠠᠶᠢᠨ᠎ᠠ᠃ ᠬᠥᠬᠡᠨᠠᠭᠤᠷ ᠤᠨ ᠺᠦᠨᠯᠦ᠋ᠨ ᠰᠣᠶᠣᠯ ᠤᠨ ᠪᠠᠶᠢᠭᠤᠯᠤᠯᠲᠠ ᠶᠢ ᠢᠳᠡᠪᠬᠢᠲᠡᠢ ᠠᠬᠢᠭᠤᠯᠵᠤ᠂ | ᠤᠯᠤᠰ ᠤᠨ ᠰᠣᠶᠣᠯ ᠤᠨ ᠴᠡᠴᠡᠷᠯᠢᠭ ᠤᠨ ᠪᠦᠲᠦᠭᠡᠨ ᠪᠠᠶᠢᠭᠤᠯᠤᠯᠲᠠ ᠶᠢᠨ ᠴᠢᠬᠤᠯᠠ ᠶᠡᠭᠡ ᠪᠠᠶᠢᠯᠳᠤᠬᠤ | ᠪᠣᠳᠣᠯᠭ᠎ᠠ ᠳᠤ ᠠᠭᠤᠰᠬᠠᠨ᠂ ᠺᠦᠨᠯᠦ᠋ᠨ ᠰᠣᠶᠣᠯ ᠢ ᠤᠯᠠᠮᠵᠢᠯᠠᠨ ᠵᠠᠯᠭᠠᠮᠵᠢᠯᠠᠵᠤ ᠬᠥᠭᠵᠢᠭᠦᠯᠬᠦ ᠳᠤ ᠨᠡᠩ ᠥᠷᠭᠡᠨ | ᠠᠭᠤᠳᠠᠮ ᠣᠷᠣᠨ ᠵᠠᠢ ᠶᠢ ᠨᠡᠭᠡᠭᠡᠬᠦ ᠪᠣᠯᠤᠨ᠎ᠠ᠃ | ᠦᠬᠠᠨ ᠬᠤᠲᠠ ᠶᠢᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ︽ᠶᠡᠭᠡ ᠮᠥᠷᠡᠨ ᠤ ᠡᠷᠳᠡᠮ | ᠰᠢᠨᠵᠢᠯᠡᠭᠡ︾ ᠶᠢᠨ ᠨᠠᠶᠢᠷᠠᠭᠤᠯᠬᠤ ᠬᠡᠯᠲᠡᠰ ᠤᠨ ᠭᠦᠢᠴᠡᠳᠭᠡᠬᠦ ᠭᠤᠤᠯ ᠨᠠᠶᠢᠷᠠᠭᠤᠯᠤᠭᠴᠢ ᠸᠠᠩ ᠭᠤᠸᠠᠩ ᠶᠠᠨ | ᠬᠡᠯᠡᠬᠦ ᠳᠡᠭᠡᠨ᠂ ︽ᠺᠦᠨᠯᠦ᠋ᠨ ᠰᠣᠶᠣᠯ ᠤᠨ ᠱᠤᠭᠤᠮ ᠨᠢ ᠵᠢᠷᠤᠭ ᠤᠨ ᠴᠢᠨᠠᠷ᠂ ᠪᠠᠭᠲᠠᠭᠠᠮᠵᠢᠲᠤ ᠴᠢᠨᠠᠷ᠂ ᠡᠯᠪᠡᠭ | ᠪᠠᠶᠠᠯᠢᠭ ᠴᠢᠨᠠᠷ᠂ ᠲᠥᠷᠥᠯᠬᠢ ᠴᠢᠨᠠᠷ ᠤᠨ ᠣᠨᠴᠠᠯᠢᠭ ᠲᠠᠢ ᠪᠠᠶᠢᠵᠤ᠂ ᠰᠣᠶᠣᠯ ᠤᠨ ᠴᠢᠨᠠᠷ᠂ ᠣᠶᠤᠨ ᠰᠠᠨᠠᠭᠠᠴᠢ | ᠴᠢᠨᠠᠷ᠂ ᠨᠡᠭᠡᠭᠡᠯᠲᠡᠲᠦ ᠴᠢᠨᠠᠷ᠂ ᠢᠯᠭᠠᠬᠤ ᠴᠢᠨᠠᠷ᠂ ᠠᠭᠤᠰᠤᠯᠴᠠᠯ ᠤᠨ ᠴᠢᠨᠠᠷ ᠵᠡᠷᠭᠡ ᠲᠠᠯ᠎ᠠ ᠪᠠᠷ ᠺᠦᠨᠯᠦ᠋ᠨ | ᠤᠯᠤᠰ ᠤᠨ ᠰᠣᠶᠣᠯ ᠤᠨ ᠴᠡᠴᠡᠷᠯᠢᠭ ᠪᠠᠶᠢᠭᠤᠯᠪᠠᠯ ᠵᠣᠬᠢᠨ᠎ᠠ︾ ᠭᠡᠵᠡᠶ᠃ | ᠤᠯᠤᠰ ᠤᠨ ᠰᠣᠶᠣᠯ ᠤᠨ ᠴᠡᠴᠡᠷᠯᠢᠭ ᠪᠣᠯ ᠳᠤᠮᠳᠠᠳᠤ ᠶᠢᠨ ᠪᠣᠯᠪᠠᠰᠤᠨ ᠢ ᠤᠯᠠᠮᠵᠢᠯᠠᠨ ᠵᠠᠯᠭᠠᠮᠵᠢᠯᠠᠬᠤ | ᠲᠡᠦᠬᠡ ᠰᠣᠶᠣᠯ ᠤᠨ ᠪᠡᠯᠭᠡ ᠲᠡᠮᠳᠡᠭ᠂ ᠳᠤᠮᠳᠠᠳᠤ ᠤᠯᠤᠰ ᠤᠨ ᠬᠦᠴᠦᠨ ᠢ ᠨᠢᠭᠲᠠᠷᠠᠭᠤᠯᠬᠤ ᠬᠠᠮᠲᠤ ᠶᠢᠨ ᠤᠶᠤᠨ | ᠰᠠᠨᠠᠭᠠᠨ ᠤ ᠭᠡᠷ ᠣᠷᠣᠨ᠂ ᠠᠷᠠᠳ ᠤᠨ ᠠᠮᠢᠳᠤᠷᠠᠯ ᠤᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠬᠦ ᠰᠣᠶᠣᠯ ᠢ | ᠣᠶᠢᠯᠠᠭᠠᠬᠤ ᠣᠷᠣᠨ ᠵᠠᠢ ᠮᠥᠨ᠃ ︽ᠺᠦᠨᠯᠦ᠋ᠨ ᠰᠣᠶᠣᠯ ᠤᠨ ᠰᠠᠭᠤᠷᠢ ᠭᠦᠨ ᠵᠤᠵᠠᠭᠠᠨ᠂ ᠪᠠᠶᠢᠭᠠᠯᠢ ᠶᠢᠨ ᠡᠬᠢ | ᠪᠠᠶᠠᠯᠢᠭ ᠪᠠ ᠰᠣᠶᠣᠯ ᠤᠨ ᠥᠪ ᠤᠨ ᠡᠬᠢ ᠪᠠᠶᠠᠯᠢᠭ ᠡᠯᠪᠡᠭ ᠳᠡᠯᠪᠡᠭ᠂ ᠤᠯᠤᠰ ᠤᠨ ᠰᠣᠶᠣᠯ ᠤᠨ ᠴᠡᠴᠡᠷᠯᠢᠭ ᠢ | ᠪᠥᠲᠥᠭᠡᠨ ᠪᠠᠶᠢᠭᠤᠯᠬᠤ᠂ ᠰᠣᠶᠣᠯ ᠢ ᠤᠯᠠᠮᠵᠢᠯᠠᠨ ᠪᠠᠳᠠᠷᠠᠭᠤᠯᠬᠤ ᠶᠢ ᠠᠬᠢᠭᠤᠯᠬᠤ ᠰᠠᠶᠢᠨ ᠰᠠᠶᠢᠬᠠᠨ ᠨᠥᠬᠦᠴᠡᠯ ᠢ | ᠪᠦᠷᠢᠯᠳᠦᠭᠦᠯᠵᠡᠶ᠃ ᠺᠦᠨᠯᠦ᠋ᠨ ᠤᠯᠤᠰ ᠤᠨ ᠰᠣᠶᠣᠯ ᠤᠨ ᠴᠡᠴᠡᠷᠯᠢᠭ ᠤᠨ ᠪᠦᠲᠦᠭᠡᠨ ᠪᠠᠶᠢᠭᠤᠯᠤᠯᠲᠠ ᠶᠢ | ᠠᠬᠢᠭᠤᠯᠬᠤ ᠨᠢ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠤᠶᠤᠨ ᠰᠠᠨᠠᠭᠠᠨ ᠤ ᠭᠡᠷ ᠣᠷᠣᠨ ᠢ ᠪᠠᠶᠢᠭᠤᠯᠬᠤ᠂ | ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠳᠤ ᠴᠢᠬᠤᠯᠠ ᠠᠴᠢ | ᠬᠤᠯᠪᠣᠭᠳᠠᠯ ᠲᠠᠢ ᠪᠠᠶᠢᠵᠤ᠂ ᠨᠡᠶᠢᠭᠡᠮ ᠵᠢᠷᠤᠮ ᠤᠨ ᠣᠳᠣᠬᠢᠴᠢᠯᠠᠭᠰᠠᠨ ᠬᠦᠴᠦᠷᠬᠡᠭ ᠤᠯᠤᠰ ᠢ ᠪᠦᠳᠦᠭᠡᠨ | ᠪᠠᠶᠢᠭᠤᠯᠬᠤ ᠳᠤ ᠴᠢᠬᠤᠯᠠ ᠬᠤᠪᠢ ᠨᠡᠮᠡᠷᠢ ᠦᠵᠡᠭᠦᠯᠬᠦ ᠪᠣᠯᠤᠨ᠎ᠠ︾ ᠭᠡᠵᠦ ᠬᠡᠯᠡᠪᠡ᠃ ᠤᠯᠤᠰ ᠤᠨ ᠦᠨᠳᠦᠰᠦᠲᠡᠨ ᠤ | ᠬᠡᠷᠡᠭ ᠡᠷᠬᠢᠯᠡᠬᠦ ᠵᠥᠪᠯᠡᠯ ᠤᠨ ᠵᠠᠯᠠᠭᠤ ᠰᠤᠶᠤᠯ ᠡᠷᠳᠡᠮᠲᠡᠨ ᠭᠤᠤ ᠸᠧᠨ ᠰᠢᠶᠠ ᠬᠡᠯᠡᠪᠡ᠃ | ᠲᠤᠰ ᠤᠳᠠᠭᠠᠨ ᠤ ᠰᠤᠳᠤᠯᠤᠨ ᠶᠠᠷᠢᠯᠴᠠᠬᠤ ᠬᠤᠷᠠᠯ ᠳᠡᠭᠡᠷ᠎ᠡ ᠺᠦᠨᠯᠦ᠋ᠨ ᠤ ᠰᠣᠶᠣᠯ ᠤᠨ ᠰᠤᠳᠤᠯᠭᠠᠨ ᠤ | ᠰᠢᠨ᠎ᠡ ᠬᠠᠷᠠᠭᠠᠰᠤ᠂ ᠰᠢᠨ᠎ᠡ ᠦᠵᠡᠯᠲᠡ᠂ ᠰᠢᠨ᠎ᠡ ᠰᠡᠳᠦᠪ ᠢ ᠬᠠᠩᠭᠠᠵᠤ᠂ ᠺᠦᠨᠯᠦ᠋ᠨ ᠰᠣᠶᠣᠯ ᠤᠨ ᠰᠤᠳᠤᠯᠭᠠᠨ ᠤ | ᠡᠷᠳᠡᠮ ᠰᠢᠨᠵᠢᠯᠡᠭᠡᠨ ᠤ ᠬᠠᠷᠠᠭᠠᠰᠤ ᠪᠣᠯᠤᠨ ᠬᠦᠷᠢᠶ᠎ᠡ ᠬᠡᠪᠴᠢᠶ᠎ᠡ ᠶᠢ ᠥᠷᠭᠡᠳᠬᠡᠵᠦ᠂ ᠺᠦᠨᠯᠦ᠋ᠨ ᠰᠣᠶᠣᠯ ᠢ | ᠤᠯᠠᠮᠵᠢᠯᠠᠨ ᠪᠠᠳᠠᠷᠠᠭᠤᠯᠬᠤ᠂ ᠺᠦᠨᠯᠦ᠋ᠨ ᠤᠯᠤᠰ ᠤᠨ ᠰᠣᠶᠣᠯ ᠤᠨ ᠴᠡᠴᠡᠷᠯᠢᠭ ᠢ ᠪᠠᠶᠢᠭᠤᠯᠬᠤ ᠶᠢ ᠠᠬᠢᠭᠤᠯᠬᠤ᠂ | ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠤᠶᠤᠨ ᠰᠠᠨᠠᠭᠠᠨ ᠤ ᠭᠡᠷ ᠣᠷᠣᠨ ᠢ ᠪᠠᠶᠢᠭᠤᠯᠬᠤ ᠳᠤ ᠡᠷᠳᠡᠮ | ᠰᠢᠨᠵᠢᠯᠡᠭᠡᠨ ᠤ ᠲᠤᠯᠭᠠᠭᠤᠷᠢᠯᠠᠯ ᠪᠠ ᠤᠶᠤᠨ ᠤ ᠳᠡᠮᠵᠢᠯᠭᠡ ᠬᠠᠩᠭᠠᠪᠠ᠃ | ︵ᠵᠣᠬᠢᠶᠠᠭᠴᠢ — ᠬᠥᠬᠡᠨᠠᠭᠤᠷ ᠮᠤᠵᠢ ᠶᠢᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ | ᠰᠣᠶᠣᠯ ᠲᠡᠦᠬᠡ ᠰᠤᠳᠤᠯᠬᠤ ᠭᠠᠵᠠᠷ ᠤᠨ ᠰᠤᠳᠤᠯᠤᠭᠴᠢ︶ | |