1. ᠬᠤᠭᠤᠯᠠ ᠢᠳᠡᠭᠰᠡᠨ ᠤ ᠳᠠᠷᠠᠭ᠎ᠠ ᠬᠡᠷᠡᠮ ᠲᠠᠢ ᠨᠠᠭᠠᠯᠳᠤᠵᠤ ᠵᠤᠬᠰᠣᠬᠤ ᠨᠢ᠂ ᠮᠠᠷᠢᠶ᠎ᠠ ᠰᠢᠭᠤᠷᠠᠭᠤᠯᠵᠤ | ᠰᠢᠩᠭᠡᠭᠡᠯᠲᠡ ᠶᠢ ᠰᠠᠶᠢᠵᠢᠷᠠᠭᠤᠯᠤᠨ᠎ᠠ᠃ ᠡᠬᠢᠯᠡᠭᠡᠳ 5 ᠮᠢᠨᠦ᠋ᠲ᠂ ᠤᠳᠠᠭᠠᠨ ᠳᠠᠭᠠᠨ 10 ᠠᠴᠠ 15 ᠮᠢᠨᠦ᠋ᠲ | ᠵᠣᠭᠰᠣᠨ᠎ᠠ᠃ ᠵᠣᠭᠰᠣᠬᠤ ᠳᠠᠭᠠᠨ ᠲᠡᠭᠰᠢ ᠤᠯᠠ ᠲᠠᠢ ᠱᠠᠬᠠᠢ ᠡᠮᠦᠰᠬᠦ ᠶᠢ ᠠᠩᠬᠠᠷᠬᠤ ᠬᠡᠷᠡᠭᠲᠡᠢ᠃ | 2. ᠬᠡᠷᠡᠮ ᠲᠠᠢ ᠨᠠᠭᠠᠯᠳᠤᠵᠤ ᠵᠤᠬᠰᠣᠬᠤ ᠨᠢ ᠨᠢᠷᠤᠭᠤ ᠰᠡᠭᠡᠷ ᠢ ᠠᠮᠠᠷᠠᠭᠤᠯᠳᠠᠭ᠃ ᠪᠡᠭᠡᠵᠢᠩ ᠤᠨ ᠰᠢᠶᠧ | ᠾᠧ ᠡᠮᠨᠡᠯᠭᠡ ᠶᠢᠨ ᠬᠤᠷᠢᠶᠠᠨ ᠤ ᠰᠢᠮ᠎ᠡ ᠲᠡᠵᠢᠭᠡᠯ ᠤᠨ ᠰᠠᠯᠠᠭᠠᠨ ᠤ ᠡᠷᠬᠢᠯᠡᠭᠴᠢ ᠡᠮᠴᠢ ᠴᠧᠨ ᠸᠧᠢ ᠶᠢᠨ | ᠲᠠᠨᠢᠯᠴᠠᠭᠤᠯᠤᠭᠰᠠᠨ ᠢᠶᠠᠷ᠂ ᠬᠡᠷᠡᠮ ᠲᠠᠢ ᠨᠠᠭᠠᠯᠳᠤᠵᠤ ᠵᠣᠭᠰᠣᠪᠠᠯ ᠬᠦᠵᠦᠭᠦᠦ ᠰᠡᠭᠡᠷ ᠪᠣᠯᠣᠨ ᠪᠦᠰᠡᠯᠡᠭᠦᠷ | ᠨᠢᠷᠤᠭᠤ ᠶᠢ ᠭᠦᠢᠴᠡᠳ ᠠᠮᠠᠷᠠᠭᠤᠯᠵᠤ ᠴᠢᠳᠠᠳᠠᠭ ᠶᠤᠮ ᠪᠠᠶᠢᠨ᠎ᠠ᠃ | 3. ᠬᠡᠷᠡᠮ ᠲᠠᠢ ᠨᠠᠭᠠᠯᠳᠤᠵᠤ ᠵᠤᠬᠰᠣᠬᠤ ᠳᠠᠭᠠᠨ᠂ ᠨᠢᠷᠤᠭᠤ ᠪᠠᠨ ᠰᠠᠨᠠᠭᠠᠴᠢᠯᠠᠭ᠎ᠠ ᠠᠴᠠ ᠪᠠᠨ ᠲᠡᠭᠰᠢᠯᠡᠬᠦ | ᠬᠡᠷᠡᠭᠲᠡᠢ᠃ ᠡᠮᠴᠢ ᠶᠢᠨ ᠲᠠᠨᠢᠯᠴᠠᠭᠤᠯᠤᠭᠰᠠᠨ ᠢᠶᠠᠷ᠂ ᠬᠡᠷᠡᠮ ᠲᠠᠢ ᠨᠠᠭᠠᠯᠳᠤᠵᠤ ᠵᠣᠭᠰᠣᠬᠤ ᠦᠶ᠎ᠡ | ᠰᠠᠨᠠᠭᠠᠴᠢᠯᠠᠭ᠎ᠠ ᠠᠴᠠ ᠪᠠᠨ ᠰᠡᠭᠡᠷ ᠢᠶᠠᠨ ᠵᠠᠰᠠᠵᠤ ᠪᠤᠯᠳᠠᠭ᠂ ᠤᠴᠢᠷ ᠨᠢ ᠬᠥᠮᠥᠰ ᠰᠡᠭᠡᠷ ᠨᠢᠷᠤᠭᠤ ᠪᠠᠨ | ᠬᠠᠵᠠᠶᠢᠯᠭᠠᠵᠤ ᠵᠤᠬᠰᠣᠬᠤ ᠳᠤᠷᠠᠲᠠᠢ ᠪᠠᠶᠢᠵᠤ᠂ ᠬᠡᠷᠡᠮ ᠲᠠᠢ ᠨᠠᠭᠠᠯᠳᠤᠵᠤ ᠵᠣᠭᠰᠣᠬᠤ ᠨᠢ ᠰᠡᠭᠡᠷ ᠨᠢᠷᠤᠭᠤ ᠶᠢ | ᠵᠣᠬᠢᠬᠤ ᠬᠡᠮᠵᠢᠶ᠎ᠡ ᠪᠠᠷ ᠲᠡᠭᠰᠢᠯᠡᠬᠦ ᠪᠠ ᠵᠠᠰᠠᠬᠤ ᠦᠢᠯᠡᠳᠦᠯ ᠲᠠᠢ ᠪᠠᠶᠢᠳᠠᠭ ᠶᠤᠮ ᠪᠠᠶᠢᠨ᠎ᠠ᠃ | 4. ᠬᠡᠷᠡᠮ ᠲᠠᠢ ᠨᠠᠭᠠᠯᠳᠤᠵᠤ ᠵᠤᠬᠰᠣᠬᠤ ᠨᠢ ᠪᠥᠭᠲᠥᠷ ᠪᠥᠭᠴᠥᠭᠡᠷ ᠢ ᠵᠠᠰᠠᠨ᠎ᠠ᠃ ᠪᠠᠭ᠎ᠠ ᠰᠠᠭ᠎ᠠ ᠪᠥᠭᠲᠥᠷ ᠢ | ᠬᠡᠷᠡᠮ ᠲᠠᠢ ᠨᠠᠭᠠᠯᠳᠤᠵᠤ ᠵᠣᠭᠰᠣᠭᠠᠳ ᠵᠠᠰᠠᠵᠤ ᠪᠤᠯᠳᠠᠭ ᠮᠥᠷᠲᠡᠭᠡᠨ ᠦᠷ᠎ᠡ ᠳ᠋ᠦᠩ ᠨᠢ ᠨᠡᠯᠢᠶᠡᠳ ᠵᠦᠭᠡᠷ ᠪᠠᠶᠢᠳᠠᠭ | ᠶᠤᠮ᠃ | 5. ᠬᠡᠷᠡᠮ ᠲᠠᠢ ᠨᠠᠭᠠᠯᠳᠤᠵᠤ ᠵᠣᠭᠰᠣᠪᠠᠯ ᠠᠯᠬᠤᠭ᠎ᠠ ᠭᠢᠰᠬᠢᠭᠡ ᠪᠠᠨ ᠵᠠᠰᠠᠵᠤ ᠪᠤᠯᠳᠠᠭ᠃ ᠣᠳᠣᠬᠠᠨ ᠳᠤ | ᠣᠯᠠᠨ ᠬᠥᠮᠥᠰ ᠤᠨ ᠠᠯᠬᠤᠵᠤ ᠭᠢᠰᠬᠢᠬᠦ ᠨᠢ ᠡᠪ ᠦᠭᠡᠢ ᠪᠠᠶᠢᠵᠤ᠂ ᠦᠷᠭᠦᠯᠵᠢ ᠬᠡᠷᠡᠮ ᠲᠠᠢ ᠨᠠᠭᠠᠯᠳᠤᠵᠤ ᠵᠣᠭᠰᠣᠪᠠᠯ | ᠲᠡᠭᠦᠨ ᠢ ᠵᠠᠰᠠᠵᠤ ᠪᠤᠯᠳᠠᠭ ᠶᠤᠮ ᠪᠠᠶᠢᠨ᠎ᠠ᠃ |