ᠵᠤᠨ ᠤ ᠬᠠᠯᠠᠭᠤᠨ ᠢ ᠠᠷᠢᠯᠭᠠᠬᠤ ᠳᠤ ᠰᠢᠭᠤᠶᠢᠲᠤ ᠲᠣᠭᠤᠷᠢᠭ ᠤᠨ ᠡᠮᠨᠡᠯᠭᠡ  ᠶᠢᠨ ᠬᠤᠷᠢᠶᠠᠨ ᠤ ᠦ᠋ ᠮᠧᠢ ᠤᠮᠳᠠᠭᠠᠨ ᠦᠢᠯᠡᠳᠦᠯ ᠲᠠᠢ
ᠨᠡᠶᠢᠲᠡᠯᠡᠭᠰᠡᠨ ᠴᠠᠭ᠄
2024/8/27
        ᠡᠮᠦᠨ᠎ᠡ ᠬᠡᠳᠦᠨ ᠵᠢᠯ ᠤᠨ ᠵᠠᠯᠠᠭᠤᠴᠤᠳ ᠭᠤᠷᠪᠠᠨ ᠹᠦ ᠶᠢᠨ ᠬᠠᠯᠠᠭᠤᠨ ᠳᠤ ᠳᠠᠯᠢᠶᠠᠷᠬᠠᠵᠤ᠂ ᠴᠢᠨ᠋ᠸ᠎ᠠ ᠶᠢᠨ ᠬᠠᠷᠮᠠᠭ᠂ ᠰᠤᠬᠠᠶ ᠲᠥᠭᠡᠨᠡᠯᠭᠡ ᠪᠠᠷ ᠬᠥᠯ ᠢᠶᠠᠨ ᠳᠡᠪᠲᠦᠭᠡᠵᠦ ᠪᠠᠶᠢᠭᠰᠠᠨ ᠨᠢ ᠣᠳᠣ ᠶᠢᠨ ᠬᠢᠲᠠᠳ ᠡᠮ ᠤᠨ ᠥᠷᠥᠭᠡ  ᠳᠤ ᠮᠥᠷᠯᠡᠵᠦ ᠡᠦ ᠮᠧᠢ ᠱᠥᠯᠥ ᠶᠢ ᠬᠤᠳᠠᠯᠳᠤᠵᠤ ᠠᠪᠴᠤ ᠪᠠᠶᠢᠨ᠎ᠠ᠃ ᠡᠨᠡ ᠵᠢᠯ᠂ ᠣᠯᠠᠨ ᠬᠤᠲᠠ ᠶᠢᠨ ᠬᠢᠲᠠᠳ ᠡᠮᠨᠡᠯᠭᠡ ᠶᠢᠨ ᠬᠤᠷᠢᠶ᠎ᠠ ᠪᠣᠯᠤᠨ ᠨᠡᠷᠡᠲᠦ ᠬᠢᠲᠠᠳ ᠡᠮ ᠤᠨ ᠥᠷᠥᠭᠡ  ᠬᠤᠶᠢᠨ᠎ᠠ ᠬᠤᠶᠢᠨ᠎ᠠ ᠠᠴᠠ ᠪᠠᠨ ︽ᠳᠤᠮᠳᠠᠳᠤ ᠤᠯᠤᠰ ᠤᠨ   ᠲᠤ ᠨᠡᠩ ᠲᠣᠬᠢᠷᠠᠬᠤ ᠬᠢᠲᠠᠳ ᠡᠮ ᠤᠨ ᠤᠮᠳᠠᠭᠠᠨ︾ - ᠡᠦ ᠮᠧᠢ ᠤᠮᠳᠠᠭᠠᠨ᠂ ᠨᠡᠷ᠎ᠡ ᠭᠠᠷᠴᠤ ᠪᠠᠶᠢᠨ᠎ᠠ᠃ ᠣᠯᠠᠨ ᠲᠦᠮᠡᠨ ᠤ ᠬᠦᠰᠡᠯ ᠡᠷᠡᠮᠡᠯᠵᠡᠯ ᠳᠤ ᠬᠠᠷᠢᠭᠤᠯᠲᠠ ᠥᠭᠬᠦ ᠶᠢᠨ ᠲᠥᠯᠥᠭᠡ  ᠰᠢᠭᠤᠶᠢᠲᠤ ᠲᠣᠭᠤᠷᠢᠭ ᠤᠨ ᠡᠮᠨᠡᠯᠭᠡ ᠶᠢᠨ ᠬᠤᠷᠢᠶ᠎ᠠ ᠵᠤᠨ ᠤ ᠬᠠᠯᠠᠭᠤᠨ ᠢ ᠪᠠᠭᠤᠷᠠᠭᠤᠯᠬᠤ ᠣᠨᠴᠠᠯᠢᠭᠲᠤ ᠨᠢᠭᠡ ᠵᠦᠢᠯ ᠤᠨ ᠤᠮᠳᠠᠭᠠᠨ ᠢ ᠰᠤᠳᠤᠯᠤᠨ ᠭᠠᠷᠭᠠᠵᠤ᠂ ᠣᠯᠠᠨ ᠲᠦᠮᠡᠨ ᠤ ᠬᠦᠷᠢᠶᠡᠯᠡᠯ ᠢ ᠣᠯᠵᠠᠢ᠃
1721727337639088218.jpg
    ᠡᠦ ᠮᠧᠢ ᠤᠮᠳᠠᠭᠠᠨ ᠪᠣᠯ ᠦ᠋ ᠮᠧᠢ᠂ ᠳᠣᠯᠣᠨᠤ᠂ ᠢᠯᠠᠮ᠎ᠠ ᠶᠢᠨ ᠳᠠᠯᠠᠩ᠂ ᠪᠠᠳᠮ᠎ᠠ ᠶᠢᠨ ᠨᠠᠪᠴᠢ᠂  ᠪᠠᠳᠮ᠎ᠠ ᠶᠢᠨ ᠬᠠᠪᠲᠠᠭᠠᠢ᠂ ᠵᠦᠷ ᠤᠨ ᠬᠠᠯᠢᠰᠤ᠂ ᠰᠠᠷᠭᠠᠢ ᠶᠢᠨ ᠬᠠᠰᠢ ᠵᠡᠷᠭᠡ ᠪᠠᠷ ᠪᠦᠷᠢᠯᠳᠦᠵᠦ᠂ ᠬᠤᠷᠠᠵᠤ ᠢᠳᠡᠬᠦ ᠶᠢ ᠠᠷᠢᠯᠭᠠᠬᠤ᠂ ᠤᠰᠤ ᠨᠥᠬᠦᠪᠦᠷᠢᠯᠡᠬᠦ᠂ ᠬᠠᠯᠠᠭᠤᠨ ᠢ ᠠᠷᠢᠯᠭᠠᠵᠤ ᠬᠠᠯᠠᠭᠤᠨ ᠢ ᠪᠠᠭᠤᠷᠠᠭᠤᠯᠬᠤ᠂ ᠢᠳᠡᠭᠡᠨ ᠤ ᠳᠤᠷᠠᠰᠢᠯ ᠢ ᠪᠠᠭᠠᠰᠬᠠᠬᠤ ᠶᠢ ᠠᠬᠢᠭᠤᠯᠬᠤ᠂ ᠬᠠᠯᠠᠭᠤᠨ ᠢ ᠠᠷᠢᠯᠭᠠᠵᠤ ᠥᠭᠡᠬᠦ ᠶᠢ ᠪᠠᠭᠠᠰᠬᠠᠬᠤ ᠦᠢᠯᠡᠳᠦᠯ ᠲᠠᠢ ᠪᠠᠶᠢᠵᠤ᠂ ᠡᠯ᠎ᠡ ᠲᠥᠷᠥᠯ ᠤᠨ ᠬᠥᠮᠥᠰ ᠲᠤ ᠲᠣᠬᠢᠷᠠᠳᠠᠭ᠃ ᠵᠢᠵᠢᠭ ᠪᠣᠭᠤᠳᠠᠯᠯᠠᠭᠰᠠᠨ ᠴᠠᠢ ᠶᠢᠨ ᠤ ᠪᠣᠭᠴᠣ ᠨᠢ ᠠᠯᠪᠠᠨ ᠬᠠᠭᠠᠭᠴᠢᠳ ᠪᠣᠯᠣᠨ ᠠᠯᠪᠠᠨ ᠬᠠᠭᠠᠭᠴᠢᠳ ᠪᠡᠶ᠎ᠡ ᠳᠡᠭᠡᠨ ᠠᠪᠴᠤ ᠶᠠᠪᠤᠬᠤ ᠳᠤ ᠨᠡᠩ ᠳᠥᠭᠦᠮ᠃ ᠣᠳᠣᠬᠠᠨ ᠪᠣᠯᠲᠠᠯ᠎ᠠ᠂  ᠰᠢᠭᠤᠶᠢᠲᠤ ᠲᠣᠭᠤᠷᠢᠭ ᠤᠨ ᠡᠮᠨᠡᠯᠭᠡ ᠶᠢᠨ ᠬᠤᠷᠢᠶᠠᠨ ᠤ ᠦ᠋ ᠮᠧᠢ  ᠤᠮᠳᠠᠭᠠᠨ  ᠢ ᠨᠢᠭᠡᠨᠲᠡ 500 ᠭᠠᠷᠤᠢ ᠬᠤᠪᠢ  ᠬᠤᠳᠠᠯᠳᠤᠪᠠ᠃         ᠦ᠋ ᠮᠧᠢ ᠤᠮᠳᠠᠭᠠᠨ ᠠᠴᠠ ᠭᠠᠳᠠᠨ᠎ᠠ᠂  ᠰᠢᠭᠤᠶᠢᠲᠤ ᠲᠣᠭᠤᠷᠢᠭ ᠤᠨ ᠡᠮᠨᠡᠯᠭᠡ ᠶᠢᠨ ᠬᠤᠷᠢᠶ᠎ᠠ ᠪᠠᠰᠠ  ᠴᠢᠷᠠᠢ ᠭᠤᠶᠣᠯᠠᠬᠤ ᠤᠮᠳᠠᠭᠠᠨ᠂ ᠬᠡᠢ ᠴᠢᠰᠤ ᠶᠢ ᠨᠥᠬᠦᠪᠦᠷᠢᠯᠡᠬᠦ ᠴᠠᠢ᠂ ᠬᠤᠪᠠᠭ᠋ᠠᠢ ᠴᠠᠢ ᠵᠡᠷᠭᠡ ᠣᠯᠠᠨ ᠵᠦᠢᠯ ᠤᠨ ᠬᠢᠲᠠᠳ ᠡᠮ ᠢ ᠣᠷᠣᠯᠠᠬᠤ ᠤᠮᠳᠠᠭᠠᠨ᠂ ᠠᠳᠠᠯᠢ ᠪᠤᠰᠤ ᠪᠡᠶ᠎ᠡ ᠮᠠᠬᠠᠪᠤᠳ  ᠡᠷᠡᠭᠦᠯ ᠮᠡᠨᠳᠦ ᠶᠢᠨ ᠪᠡᠶ᠎ᠡ ᠰᠤᠪᠢᠯᠠᠬᠤ ᠬᠡᠷᠡᠭᠴᠡᠭᠡ ᠱᠠᠭᠠᠷᠳᠠᠯᠭ᠎ᠠ ᠶᠢ ᠬᠠᠩᠭᠠᠭᠰᠠᠨ ᠪᠠᠶᠢᠨ᠎ᠠ᠃
 
ᠢᠷᠡᠯᠲᠡ᠄ ᠰᠢᠭᠤᠶᠢᠲᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号