ᠤᠷᠴᠢᠨ ᠦᠶ᠎ᠡ ᠶᠢᠨ ᠮᠤᠩᠭᠤᠯ ᠪᠢᠴᠢᠭᠳᠡᠨ ᠭᠠᠳᠠᠭᠠᠳᠤ ᠶᠢᠨ ᠨᠤᠮ ᠵᠤᠬᠢᠶᠠᠯ ᠤᠳ ᠢ ᠰᠢᠭᠤᠳ ᠤᠷᠴᠢᠭᠤᠯᠵᠤ ᠪᠠᠶᠢᠭᠰᠠᠨ
ᠨᠡᠶᠢᠲᠡᠯᠡᠭᠰᠡᠨ ᠴᠠᠭ᠄
2024/8/15
        ᠮᠤᠩᠭᠤᠯ ᠤᠷᠴᠢᠭᠤᠯᠭ᠎ᠠ ᠪᠤᠯ ᠤᠷᠳᠤ ᠤᠳᠠᠭᠠᠨ ᠵᠢᠯ ᠤᠨ ᠳᠡᠦᠬᠡ ᠲᠠᠢ᠂ ᠡᠯᠪᠡᠭ ᠪᠠᠶᠠᠯᠢᠭ ᠤᠷᠴᠢᠭᠤᠯᠭ᠎ᠠ ᠶᠢᠨ ᠪᠦᠳᠦᠬᠡᠯ ᠲᠠᠢ ᠪᠠᠷ ᠢᠶᠠᠨ ᠳᠡᠯᠡᠭᠡᠢ  ᠳ᠋ᠠᠬᠢᠨ ᠳᠤ ᠠᠯᠳᠠᠷᠰᠢᠭᠰᠠᠨ ᠪᠠᠶᠢᠳᠠᠭ᠃ ᠮᠤᠩᠭᠤᠯᠴᠤᠳ ᠪᠠᠷᠤᠭ ᠠᠷᠪᠠᠨ ᠭᠤᠷᠪᠠᠳᠤᠭᠠᠷ᠂ ᠠᠷᠪᠠᠨ ᠳᠦᠷᠪᠡᠳᠦᠬᠡᠷ ᠵᠠᠭᠤᠨ ᠠᠴᠠ ᠡᠬᠢᠯᠡᠨ ᠭᠤᠤᠯᠳᠠᠭᠤ ᠡᠨᠡᠳᠭᠡᠭ  ᠳᠦᠪᠡᠳ ᠤᠨ ᠨᠤᠮ ᠰᠤᠳᠤᠷ ᠪᠠ ᠪᠤᠰᠤᠳ ᠳᠦᠷᠦᠯ ᠤᠨ ᠨᠤᠮ ᠪᠢᠴᠢᠭ ᠢ ᠤᠷᠴᠢᠭᠤᠯᠵᠤ ᠪᠠᠶᠢᠭᠰᠠᠨ ᠠᠴᠠ ᠪᠠᠨ ᠠᠷᠪᠠᠨ ᠳᠤᠯᠤᠭ᠎ᠠ ᠠᠴᠠ ᠠᠷᠪᠠᠨ ᠶᠢᠰᠦᠳᠦᠬᠡᠷ  ᠵᠡᠭᠤᠨ ᠤ ᠬᠤᠭᠤᠷᠤᠨᠳᠤ ᠮᠠᠨᠵᠤ ᠭᠡᠯᠡᠨ ᠠᠴᠠ ᠵᠠᠷᠢᠮ ᠨᠤᠮ ᠵᠤᠬᠢᠶᠠᠯ ᠢ ᠤᠷᠴᠢᠭᠤᠯᠵᠤ᠂ ᠠᠷᠪᠠᠨ ᠨᠠᠢᠮᠠ ᠠᠴᠠ ᠠᠷᠪᠠᠨ ᠶᠢᠰᠦᠳᠦᠬᠡᠷ ᠵᠠᠭᠤᠨ ᠤ ᠦᠶᠡᠰ ᠬᠢᠳᠡᠳ ᠤᠨ  ᠪᠢᠴᠢᠭ ᠤᠨ ᠰᠤᠷᠭᠠᠯ ᠤᠨ ᠨᠤᠮ ᠪᠠ ᠡᠷᠳᠡᠨ ᠤ ᠰᠤᠩᠭᠤᠳᠠᠭ ᠤᠷᠠᠨ ᠵᠤᠬᠢᠶᠠᠯ ᠢ ᠶᠡᠭᠡ ᠭᠡᠮᠵᠢᠶ᠎ᠡ ᠪᠠᠷ ᠤᠷᠴᠢᠭᠤᠯᠵᠤ᠂ ᠬᠤᠷᠢᠳᠤᠭᠠᠷ ᠵᠠᠭᠤᠨ ᠤ ᠬᠤᠷᠢᠭᠠᠳ  ᠤᠨ ᠠᠴᠠ ᠳᠦᠴᠢᠬᠡᠳ ᠤᠨ ᠤ ᠬᠤᠭᠤᠷᠤᠨᠳᠤ ᠭᠤᠤᠯᠳᠠᠭᠤ ᠶᠠᠫᠤᠨ᠂ ᠠᠩᠭ᠍ᠯᠢ ᠵᠡᠷᠬᠡ ᠭᠠᠳᠠᠭᠠᠳᠤ ᠭᠡᠯᠡᠨ ᠠᠴᠠ ᠨᠤᠮ ᠵᠤᠬᠢᠶᠠᠯ ᠤᠷᠴᠢᠭᠤᠯᠬᠤ ᠪᠤᠯᠪᠠ᠃               ᠤᠶᠢᠷ᠎ᠠ ᠤᠷᠴᠢᠨ ᠦᠶ᠎ᠡ ᠶᠢᠨ ᠨᠡᠶᠢᠬᠡᠮ ᠤᠨ ᠬᠤᠪᠢᠰᠤᠯ ᠪᠠ ᠰᠡᠭᠡᠭᠡᠷᠡᠬᠦᠯᠬᠦ ᠦᠵᠡᠯ ᠰᠠᠨᠠᠭᠠᠨ ᠤ ᠤᠷᠤᠰᠬᠠᠯ ᠤᠨ ᠨᠦᠯᠦᠬᠡᠯᠡᠯ ᠢᠶᠠᠷ ᠮᠤᠩᠭᠤᠯ  ᠦᠨᠳᠤᠰᠤᠳᠠᠨ ᠤ ᠭᠠᠳᠠᠭᠠᠳᠤ ᠤᠯᠤᠰ ᠲᠤ ᠰᠤᠷᠤᠯᠴᠠᠵᠤ ᠢᠷᠡᠭᠰᠡᠨ ᠪᠤᠶᠤ ᠭᠠᠳᠠᠭᠠᠳᠤ ᠬᠡᠯᠡᠨ ᠳᠤ ᠨᠡᠪᠳᠡᠷᠡᠵᠦ ᠴᠠᠭᠠᠷᠠᠭᠰᠠᠨ ᠭᠡᠰᠡᠭ ᠪᠢᠴᠢᠭᠳᠡᠨ ᠢᠷᠭᠡᠨ ᠤ  ᠤᠶᠤᠨ ᠢ ᠨᠡᠭᠡᠭᠡᠭᠳᠡᠬᠦᠯᠬᠦ ᠵᠤᠷᠢᠯᠭ᠎ᠠ᠂ ᠰᠤᠶᠤᠯ ᠭᠡᠭᠡᠷᠡᠯ ᠢ ᠬᠦᠭᠵᠢᠬᠦᠯᠬᠦ ᠬᠦᠰᠡᠯ᠂ ᠮᠤᠩᠭᠤᠯᠴᠤᠳ ᠲᠠᠭᠠᠨ ᠶᠢᠷᠳᠢᠨᠴᠤ ᠶᠢ ᠳᠠᠨᠢᠭᠤᠯᠬᠤ ᠪᠤᠶᠤ ᠮᠤᠩᠭᠤᠯ  ᠵᠠᠯᠠᠭᠤᠰ ᠤᠨ ᠶᠠᠫᠤᠨ ᠭᠡᠯᠨ ᠰᠤᠷᠬᠤ ᠳᠤ ᠳᠦᠬᠦᠮ ᠦᠵᠡᠬᠦᠯᠬᠦ ᠡᠬᠦᠳᠡᠨ ᠠᠴᠠ ᠭᠠᠳᠠᠭᠠᠳᠤ ᠬᠡᠯᠡᠨ ᠤ ᠨᠤᠮ ᠵᠤᠬᠢᠶᠠᠯ ᠢ ᠰᠢᠭᠤᠳ ᠪᠤᠶᠤ ᠳᠠᠮ ᠢᠶᠠᠷ ᠮᠤᠩᠭᠤᠯᠴᠢᠯᠠᠵᠤ  ᠮᠤᠩᠭᠤᠯ ᠳᠤᠭᠠᠳᠠᠨ ᠳᠠᠭᠠᠨ ᠤᠶᠤᠨ ᠤ ᠬᠦᠷᠳᠡᠭᠡᠯ ᠪᠤᠯᠭᠠᠬᠤ ᠶᠢᠨ ᠬᠠᠮᠳᠤ ᠮᠤᠩᠭᠤᠯ ᠤᠷᠴᠢᠭᠤᠯᠭ᠎ᠠ ᠶᠢᠨ ᠪᠦᠳᠦᠬᠡᠯ ᠳᠤ ᠴᠦ ᠰᠢᠨ᠎ᠠ ᠨᠢᠬᠡᠨ ᠳᠦᠷᠦᠯ ᠢ ᠨᠡᠮᠡᠷᠢᠯᠡᠵᠦ  ᠪᠠᠶᠢᠭᠰᠠᠨ ᠶᠤᠮ᠃ ᠳᠤᠬᠠᠢ ᠶᠢᠨ ᠦᠶ᠎ᠡ ᠶᠢᠨ ᠰᠡᠭᠡᠭᠡᠷᠡᠭᠰᠡᠨ ᠪᠢᠴᠢᠭᠳᠡᠨ ᠠᠴᠠ ᠡᠷᠬᠢᠯᠡᠵᠦ ᠪᠠᠶᠢᠭᠰᠠᠨ ᠰᠡᠳᠬᠦᠯ ᠪᠤᠶᠤ ᠬᠡᠪᠯᠡᠯ ᠤᠨ ᠬᠤᠷᠢᠶ᠎ᠡ ᠪᠠᠰᠠ ᠡᠳᠡᠭᠡᠷ ᠮᠤᠩᠭᠤᠯ  ᠪᠢᠴᠢᠭᠳᠡᠨ ᠤ ᠤᠷᠴᠢᠭᠤᠯᠭ᠎ᠠ ᠶᠢᠨ ᠪᠦᠳᠦᠬᠡᠯ ᠢ ᠢᠳᠡᠪᠬᠢᠳᠡᠢ ᠪᠠᠷ ᠳᠤᠰᠠᠯᠠᠨ ᠳᠡᠮᠵᠢᠵᠦ ᠬᠡᠪᠯᠡᠬᠦᠯᠦᠨ ᠳᠠᠷᠬᠠᠭᠠᠵᠤ ᠮᠤᠩᠭᠤᠯᠴᠤᠳ ᠤᠨ ᠰᠤᠶᠤᠯ ᠭᠡᠭᠡᠷᠡᠯ ᠤᠨ  ᠦᠢᠯᠡᠰ ᠢ ᠬᠦᠭᠵᠢᠬᠦᠯᠦᠨ ᠮᠠᠨᠳᠤᠭᠤᠯᠬᠤ ᠪᠠᠷ ᠬᠠᠮᠳᠤ ᠶᠢᠨ ᠴᠢᠷᠮᠠᠶᠢᠯᠭ᠎ᠠ ᠪᠤᠯᠭᠠᠵᠤ ᠪᠠᠶᠢᠵᠠᠢ᠃ ᠤᠷᠴᠢᠨ ᠦᠶ᠎ᠡ ᠶᠢᠨ ᠠᠯᠳᠠᠷᠳᠤ ᠰᠢᠯᠦᠭᠴᠢ ᠰᠠᠶᠢᠴᠤᠩᠭ᠎ᠠ  ︽ᠰᠤᠶᠤᠯ ᠭᠡᠭᠡᠷᠡᠯ ᠪᠠ ᠠᠵᠤ ᠠᠮᠢᠳᠤᠷᠠᠯ︾ ᠭᠡᠬᠦ ᠵᠤᠬᠢᠶᠠᠯ ᠳᠠᠭᠠᠨ ︽ᠬᠠᠷᠢ ᠤᠯᠤᠰ ᠪᠠ ᠭᠠᠳᠠᠭᠠᠳᠤ ᠤᠭᠰᠠᠭᠠᠳᠠᠨ ᠠᠴᠠ ᠳᠡᠭᠡᠳᠤ ᠰᠠᠶᠢᠨ ᠰᠤᠶᠤᠯ ᠭᠡᠭᠡᠷᠡᠯ ᠢ  ᠤᠷᠤᠭᠤᠯᠤᠨ ᠢᠷᠡᠵᠦ᠂ ᠦᠪᠡᠷ ᠤᠨ ᠶᠠᠭᠤᠮ᠎ᠠ ᠪᠤᠯᠭᠠᠬᠤ ᠪᠠᠷ ᠦᠯᠦ ᠪᠠᠷᠠᠮ ᠦᠪᠡᠷᠰᠡᠳ ᠤᠨ ᠳᠡᠷᠢᠬᠢᠨ ᠤ ᠤᠬᠠᠭᠠᠨ ᠪᠠ ᠭᠠᠷ ᠤᠨ ᠤᠷᠠᠨ ᠬᠢᠭᠡᠳ ᠪᠡᠶ᠎ᠡ ᠶᠢᠨ  ᠬᠦᠴᠦᠨ ᠢᠶᠠᠷ ᠰᠢᠨ᠎ᠠ ᠰᠠᠶᠢᠬᠠᠨ ᠰᠤᠶᠤᠯ ᠭᠡᠭᠡᠷᠡᠯ ᠢ ᠪᠦᠳᠦᠬᠡᠬᠦ ᠦᠭᠡᠢ ᠪᠦᠭᠡᠰᠤ ᠦᠯᠦ ᠪᠤᠯᠤᠮᠤᠢ︾ ᠭᠡᠵᠦ ᠪᠢᠴᠢᠵᠤ ᠪᠠᠶᠢᠭᠰᠠᠨ ᠶᠤᠮ᠃ ᠡᠬᠦᠨ ᠠᠴᠠ ᠪᠢᠳᠠ  ᠳᠤᠬᠠᠢ ᠶᠢᠨ ᠦᠶ᠎ᠡ ᠶᠢᠨ ᠨᠡᠶᠢᠬᠡᠮ ᠤᠨ ᠭᠡᠷᠡᠭᠴᠡᠭᠡ ᠶᠢ ᠮᠡᠳᠡᠵᠦ ᠪᠤᠯᠬᠤ ᠪᠠᠷ ᠦᠯᠦ ᠪᠠᠷᠠᠨ ᠪᠠᠰᠠ ᠮᠤᠩᠭᠤᠯ ᠪᠢᠴᠢᠭᠳᠡᠳ ᠤᠨ ᠳᠡᠭᠡᠳᠤ ᠬᠡᠮᠵᠢᠶᠡᠨ ᠤ ᠳᠠᠨᠢᠯᠳᠠ ᠪᠠ  ᠳᠡᠳᠡᠨ ᠤ ᠳᠤᠯᠭᠠᠮ᠎ᠠ ᠡᠬᠦᠷᠬᠡ ᠬᠠᠷᠢᠭᠤᠴᠠᠯᠭ᠎ᠠ ᠶᠢ ᠬᠦᠢᠴᠡᠳ ᠤᠶᠢᠯᠠᠭᠠᠵᠤ ᠪᠤᠯᠤᠨ᠎ᠠ᠃ ᠶᠠᠭ ᠡᠨᠡ ᠬᠦ ᠳᠡᠦᠬᠡᠨ ᠴᠠᠭ ᠦᠶ᠎ᠡ ᠪᠠ ᠡᠶᠢᠮᠦᠷᠬᠦᠦ ᠤᠷᠢᠳᠠᠴᠢ  ᠨᠦᠬᠦᠴᠡᠯ ᠳᠤᠤᠷ᠎ᠠ ᠳᠡᠳᠡ ᠭᠠᠳᠠᠭᠠᠳᠤ ᠬᠡᠯᠨ ᠪᠠᠷ ᠪᠢᠴᠢᠭᠳᠡᠭᠰᠡᠨ ᠬᠠᠷᠢ ᠤᠭᠰᠠᠭᠠᠳᠠᠨ ᠤ ᠤᠷᠠᠨ ᠵᠤᠬᠢᠶᠠᠯ᠂ ᠳᠡᠦᠬᠡ᠂ ᠨᠠᠮᠳᠠᠷ᠂ ᠤᠭᠰᠠᠭ᠎ᠠ ᠵᠦᠢ᠂ ᠠᠶᠠᠯᠠᠯ ᠤᠨ  ᠳᠡᠮᠳᠡᠭᠯᠡᠯ ᠭᠡᠬᠦ ᠮᠡᠳᠤ ᠶᠢᠨ ᠨᠤᠮ ᠵᠤᠬᠢᠶᠠᠯ ᠢ ᠮᠤᠩᠭᠤᠯᠴᠢᠯᠠᠨ ᠤᠷᠴᠢᠭᠤᠯᠵᠤ ᠭᠡᠪᠯᠡᠬᠦᠯᠦᠨ ᠳᠠᠷᠬᠠᠭᠠᠵᠤ ᠪᠠᠶᠢᠵᠠᠢ᠃ ᠳᠤᠬᠠᠢ ᠶᠢᠨ ᠦᠶ᠎ᠡ ᠶᠢᠨ  ᠤᠷᠴᠢᠭᠤᠯᠤᠭᠴᠢᠳ ᠤᠨ ᠡᠩᠨᠡᠭᠡᠨ ᠳᠤ ᠪᠤᠷᠢᠶᠠᠳ ᠤᠨ ᠵᠠᠮᠰᠦ᠋ᠷᠦᠩ ᠤᠨ ᠴᠡᠸᠡᠩ᠂ ᠬᠠᠷᠠᠴᠢᠨ ᠬᠤᠰᠢᠭᠤᠨ ᠤ ᠵᠢᠷᠤᠮᠳᠠᠢ᠂ ᠬᠠᠷᠠᠴᠢᠨ ᠪᠠᠷᠠᠭᠤᠨ ᠬᠤᠰᠢᠭᠤᠨ ᠤ  ᠠᠯᠳᠠᠨ᠋ᠧᠴᠢᠷ᠂ ᠬᠦᠷᠢᠶ᠎ᠡ ᠬᠤᠰᠢᠭᠤᠨ ᠤ ᠮᠠᠨᠢᠵᠠᠪ᠂ ᠴᠠᠬᠠᠷ ᠤᠨ ᠴᠢᠮᠡᠳ᠂ ᠭᠤᠮᠪᠤᠵᠠᠪ ᠨᠠᠷ ᠪᠠᠭᠳᠠᠯᠴᠠᠵᠤ ᠪᠠᠶᠢᠭᠰᠠᠨ ᠶᠤᠮ᠃ ᠳᠡᠳᠡ ᠡᠳᠤᠢ ᠳᠡᠳᠤᠢ ᠡᠷᠬᠢᠮ  ᠨᠠᠨᠳᠢᠨ ᠤᠷᠴᠢᠭᠤᠯᠭ᠎ᠠ ᠶᠢᠨ ᠪᠦᠳᠦᠬᠡᠯ ᠢᠶᠠᠨ ᠬᠤᠵᠢᠮ ᠬᠤᠶᠢᠴᠢ ᠶᠢᠨ ᠬᠦᠮᠦᠰ ᠲᠡᠭᠡᠨ ᠦᠯᠡᠳᠡᠭᠡᠨ ᠦᠭᠴᠡᠢ᠃               ᠨᠢᠬᠡ᠂ ᠭᠠᠳᠠᠭᠠᠳᠤ ᠬᠡᠯᠡᠨ ᠠᠴᠠ ᠰᠢᠭᠤᠳ ᠤᠷᠴᠢᠭᠤᠯᠤᠭᠰᠠᠨ ᠨᠤᠮ ᠵᠤᠬᠢᠶᠠᠯ ᠤᠳ                ᠤᠳᠤᠬᠠᠨ ᠳᠤ ᠤᠯᠳᠠᠭᠰᠠᠨ ᠮᠠᠲ᠋ᠧᠷᠢᠶᠡᠯ ᠢ ᠦᠨᠳᠤᠰᠤᠯᠠᠪᠠᠯ᠂ ᠭᠠᠳᠠᠭᠠᠳᠤ ᠬᠡᠯᠡᠨ ᠠᠴᠠ ᠬᠠᠷᠢ ᠤᠭᠰᠠᠭᠠᠳᠠᠨ ᠤ ᠨᠤᠮ ᠵᠤᠬᠢᠶᠠᠯ ᠢ ᠮᠤᠩᠭᠤᠯᠴᠢᠯᠠᠬᠤ ᠠᠵᠢᠯ  ᠬᠤᠷᠢᠳᠤᠭᠠᠷ ᠵᠠᠭᠤᠨ ᠤ ᠬᠤᠷᠢᠭᠠᠳ ᠤᠨ ᠠᠴᠠ ᠡᠬᠢᠯᠡᠭᠰᠡᠨ ᠪᠠᠶᠢᠳᠠᠭ᠃               ᠦᠪᠡᠷ ᠢ ᠪᠠᠨ ︽ᠠᠭᠤᠯᠨ ᠶᠢᠨ ᠡᠪᠦᠬᠡᠨ︾ ᠭᠡᠵᠦ ᠡᠷᠬᠦᠮᠵᠢᠯᠡᠵᠦ ᠪᠠᠶᠢᠭᠰᠠᠨ ᠪᠤᠷᠢᠶᠠᠳ ᠤᠨ ᠵᠠᠮᠰᠦ᠋ᠷᠦᠩ ᠤᠨ ᠴᠡᠸᠡᠩ 1926-1930 ᠤᠨ ᠤ  ᠬᠤᠭᠤᠷᠤᠨᠳᠤ ᠠᠩᠭ᠍ᠯᠢ ᠭᠡᠯᠡᠨ ᠠᠴᠠ ︽ᠡᠬᠦᠯᠡᠨ ᠪᠤᠷᠤ︾ ︽ᠠᠷᠪᠠᠨ ᠳᠠᠪᠤᠳᠠᠢ ᠺᠠᠫᠢᠲ᠋ᠠᠨ︾ ᠭᠡᠬᠦ ᠬᠤᠶᠠᠷ ᠷᠤᠮᠠᠨ ᠢ ᠮᠤᠩᠭᠤᠯ ᠬᠡᠯᠨ ᠪᠠᠷ ᠤᠷᠴᠢᠭᠤᠯᠪᠠ᠃  ᠡᠬᠦᠨ ᠤ ᠳᠠᠷᠠᠭ᠎ᠠ ᠳᠠᠷᠠ ᠪᠠᠰᠠ ᠹᠷᠠᠨᠼᠢ ᠶᠢᠨ ᠯᠸᠤᠨᠠ ᠺᠠᠦ᠋ᠨᠠ ᠶᠢᠨ ᠮᠤᠩᠭᠤᠯ ᠤᠨ ᠳᠡᠦᠬᠡ ᠪᠠᠷ ᠰᠡᠳᠤᠪᠯᠡᠨ ᠪᠢᠴᠢᠭᠰᠡᠨ ︽ᠬᠦᠬᠡ ᠮᠤᠩᠭᠤᠯ ᠤᠨ ᠬᠦᠬᠡ ᠳᠤᠭ︾  ᠭᠡᠬᠦ ᠠᠷᠪᠠ ᠶᠢᠰᠦᠨ ᠪᠦᠯᠦᠭᠳᠤ ᠳᠡᠦᠬᠡᠨ ᠷᠤᠮᠠᠨ ᠢ ᠮᠤᠩᠭᠤᠯ ᠬᠡᠯᠨ ᠪᠠᠷ ᠤᠷᠴᠢᠭᠤᠯᠪᠠ᠃ ᠳᠤᠰ ᠤᠷᠴᠢᠭᠤᠯᠭ᠎ᠠ ᠶᠢ 1935 ᠤᠨ ᠤ ᠭᠤᠷᠪᠠᠨ ᠰᠠᠷ᠎ᠠ ᠳᠤ  ᠺᠠᠶᠢᠯᠤ ᠳᠠᠬᠢ ᠮᠤᠩᠭᠤᠯ ᠤᠳᠬ᠎ᠠ ᠶᠢᠨ ᠰᠤᠷᠭᠠᠯ ᠤᠨ ᠬᠤᠷᠠᠯ ᠠᠴᠠ ᠭᠡᠭᠡᠨ ᠡᠷᠳᠡᠮᠳᠤ ᠶᠢᠨ ᠳᠠᠩᠬᠢᠮ ᠳᠤ ᠬᠤᠶᠠᠷ ᠳᠡᠪᠳᠡᠷ ᠪᠤᠯᠭᠠᠨ ᠠᠩᠬ᠎ᠠ ᠤᠳᠠᠭ᠎ᠠ  ᠴᠢᠯᠠᠭᠤᠨ ᠪᠠᠷ ᠢᠶᠠᠷ ᠬᠡᠪᠯᠡᠬᠦᠯᠦᠨ ᠳᠠᠷᠬᠠᠭᠠᠪᠠ᠃ 1938 ᠤᠨ ᠳᠤ ᠳᠡᠬᠢᠨ ᠳᠡᠭᠡᠳᠤ ᠳᠤᠤᠷᠠᠳᠤ ᠬᠤᠶᠠᠷ ᠳᠡᠪᠳᠡᠷ ᠢᠶᠠᠷ ᠬᠤᠷᠭᠤᠯᠵᠢᠨ ᠪᠠᠷ ᠢᠶᠠᠷ ᠬᠡᠪᠯᠡᠬᠦᠯᠵᠡᠢ᠃  1945 ᠤᠨ ᠳᠤ ᠳᠡᠮᠴᠦᠭᠳᠤᠩᠷᠤᠪ ᠤᠨ ᠤᠷᠳᠤᠨ ᠤ ᠳᠡᠷᠤᠮᠠᠯ ᠤᠨ ᠭᠠᠵᠠᠷ ᠠᠴᠠ ᠮᠦᠩᠬᠦ ᠭᠠᠷᠭᠠᠵᠤ ᠺᠠᠶᠢᠯᠤ ᠳᠠᠬᠢ ᠮᠤᠩᠭᠤᠯ ᠤᠳᠬ᠎ᠠ ᠶᠢᠨ ᠰᠤᠷᠭᠠᠯ ᠤᠨ  ᠬᠤᠷᠠᠯ ᠤᠨ ᠬᠤᠶᠠᠳᠠᠬᠢ ᠤᠳᠠᠭ᠎ᠠ ᠶᠢᠨ ᠬᠡᠪᠯᠡᠯ ᠢ ᠯᠡᠪᠯᠡᠯᠳᠡ ᠪᠤᠯᠭᠠᠵᠤ ᠳᠡᠬᠢᠨ ᠬᠡᠪᠯᠡᠬᠦᠯᠦᠨ ᠳᠠᠷᠬᠠᠭᠠᠪᠠ᠃               ᠪᠤᠷᠢᠶᠠᠳ ᠤᠨ ᠵᠠᠮᠰᠦ᠋ᠷᠦᠩ ᠤᠨ ᠴᠡᠸᠡᠩ ᠤᠨ ᠮᠤᠩᠭᠤᠯ ᠤᠷᠴᠢᠭᠤᠯᠭ᠎ᠠ ᠳᠤᠬᠠᠢ ᠶᠢᠨ ᠦᠶ᠎ᠡ ᠳᠤ ᠨᠦᠯᠦᠬᠡ ᠶᠡᠬᠡᠳᠡᠢ ᠪᠠᠶᠢᠭᠰᠠᠨ ᠢᠶᠠᠷ ᠦᠯᠦ ᠪᠠᠷᠠᠨ  ᠬᠤᠵᠢᠮ ᠤᠨ ᠬᠦᠮᠦᠰ ᠲᠤ ᠴᠦ ᠳᠡᠭᠡᠳᠤ ᠭᠡᠮᠵᠢᠶ᠎ᠡ ᠪᠠᠷ ᠦᠨᠡᠯᠡᠭᠳᠡᠵᠦ ᠪᠠᠶᠢᠵᠠᠢ᠃ ᠷᠢᠨᠴᠢᠨᠺᠠᠸᠠ ︽ᠮᠤᠩᠭᠤᠯ ᠤᠷᠴᠢᠭᠤᠯᠭ᠎ᠠ ᠶᠢᠨ ᠳᠡᠦᠬᠡ ᠶᠢᠨ ᠬᠤᠷᠢᠶᠠᠩᠭᠤᠢ  ᠳᠦᠢᠮᠤ︾ ᠭᠡᠬᠦ ᠨᠤᠮ ᠳᠠᠭᠠᠨ ︽ᠭᠠᠳᠠᠭᠠᠳᠤ ᠬᠡᠯᠡᠨ ᠠᠴᠠ ᠤᠷᠴᠢᠭᠤᠯᠤᠭᠰᠠᠨ ᠤᠷᠠᠨ ᠵᠤᠬᠢᠶᠠᠯ ᠤᠨ ᠡᠳᠡᠭᠡᠷ ᠤᠷᠴᠢᠭᠤᠯᠭ᠎ᠠ ᠨᠤᠭᠤᠳ ᠤᠨ ᠳᠤᠳᠤᠷ᠎ᠠ ᠠᠴᠠ  ᠳᠡᠮᠳᠢᠨᠰᠦ᠋ᠷᠦᠩ ᠤᠨ ᠤᠷᠴᠢᠭᠤᠯᠤᠭᠰᠠᠨ ︿ᠠᠯᠳᠠᠨ ᠵᠢᠭᠠᠰᠤᠨ ᠤ ᠦᠯᠢᠭᠡᠷ﹀᠂ ᠵᠠᠮᠰᠦ᠋ᠷᠦᠩ ᠤᠨ ᠤᠷᠴᠢᠭᠤᠯᠤᠭᠰᠠᠨ ︿ᠡᠬᠦᠯᠡᠨ ᠪᠤᠷᠤ﹀᠂ ︿ᠬᠦᠬᠡ ᠮᠤᠩᠭᠤᠯ ᠤᠨ  ᠬᠦᠬᠡ ᠳᠤᠭ﹀ ᠨᠢ ᠤᠷᠴᠢᠨ ᠴᠠᠭ ᠤᠨ ᠤᠷᠠᠨ ᠵᠤᠬᠢᠶᠠᠯ ᠤᠨ ᠮᠤᠩᠭᠤᠯ ᠤᠷᠴᠢᠭᠤᠯᠭ᠎ᠠ ᠶᠢᠨ ᠦᠯᠢᠭᠡᠷ ᠵᠢᠱᠢᠶ᠎ᠡ ᠪᠤᠯᠵᠤ ᠪᠤᠯᠬᠤ ᠶᠤᠮ ︾ ᠭᠡᠵᠦ ᠪᠢᠴᠢᠭᠰᠡᠨ ᠪᠠᠶᠢᠳᠠᠭ᠃                ᠪᠠᠭᠠᠷᠢᠨ ᠬᠤᠰᠢᠭᠤᠨ ᠤ ᠹᠦᠯᠤᠩᠭ᠎ᠠ ᠶᠠᠫᠤᠨ ᠤ ᠰᠢᠮᠤᠨᠠᠭ᠎ᠠ ᠺᠠᠸᠡᠵᠢ ᠶᠢᠨ ᠪᠢᠴᠢᠭᠰᠡᠨ ︽ᠪᠤᠭᠤᠳᠠᠢ ᠶᠢᠨ ᠳᠠᠷᠢᠶ᠎ᠡ ᠬᠢᠭᠡᠳ ᠴᠡᠷᠢᠭ ᠤᠨ ᠬᠦᠮᠦᠨ︾ ᠭᠡᠬᠦ  ᠤᠷᠠᠨ ᠵᠤᠬᠢᠶᠠᠯ ᠤᠨ ᠨᠤᠮ ᠢ ᠮᠤᠩᠭᠤᠯᠴᠢᠯᠠᠨ ᠨᠠᠶᠢᠳᠠᠯᠠᠬᠦᠯᠪᠠ᠃ ᠳᠡᠬᠦᠨ ᠤ ᠤᠷᠴᠢᠭᠤᠯᠭ᠎ᠠ ᠶᠢ 1939 ᠤᠨ ᠳᠤ ᠰᠢᠨᠵᠢᠩ ᠤᠨ ᠮᠤᠩᠭᠤᠯ ᠤᠨ ᠬᠤᠷᠠᠯ ᠠᠴᠠ  ᠨᠢᠬᠡ ᠳᠡᠪᠳᠡᠷ ᠪᠤᠯᠭᠠᠵᠤ ᠬᠤᠷᠭᠤᠯᠵᠢᠨ ᠪᠠᠷ ᠢᠶᠠᠷ ᠬᠡᠪᠯᠡᠬᠦᠯᠦᠨ ᠳᠠᠷᠬᠠᠭᠠᠵᠤ ᠤᠷᠠᠨ ᠵᠤᠬᠢᠶᠠᠯ ᠳᠤ ᠳᠤᠷ᠎ᠠ ᠪᠠᠭ᠋ᠠᠳᠠᠢ ᠮᠤᠩᠭᠤᠯ ᠤᠩᠰᠢᠭᠴᠢᠳ ᠲᠤ ᠬᠦᠷᠳᠡᠭᠡᠯ  ᠪᠤᠯᠭᠠᠵᠠᠢ᠃               ᠮᠤᠩᠭᠤᠯ ᠪᠢᠴᠢᠭᠳᠡᠨ ᠡᠩᠬᠡᠪᠦᠷᠢᠨ ᠶᠠᠫᠤᠨ ᠤ ᠺᠧᠰᠢᠳᠠ ᠮᠠᠺᠠᠸᠤ ᠶᠢᠨ ᠪᠢᠴᠢᠭᠰᠡᠨ ︽ᠳᠠᠪᠢᠨ ᠵᠢᠯ ᠤᠨ ᠬᠤᠵᠢᠮ ᠤᠨ ᠮᠤᠩᠭᠤᠯ ᠤᠭᠰᠠᠭᠠᠳᠠᠨ︾ ᠭᠡᠬᠦ  ᠨᠤᠮ ᠢ ᠮᠤᠩᠭᠤᠯ ᠵᠠᠯᠠᠭᠤᠰ ᠤᠨ ᠶᠠᠫᠤᠨ ᠬᠡᠯᠨ ᠰᠤᠷᠬᠤ ᠳᠤ ᠳᠦᠬᠦᠮ ᠦᠵᠡᠬᠦᠯᠬᠦ ᠡᠬᠦᠳᠡᠨ ᠠᠴᠠ ᠮᠤᠩᠭᠤᠯ ᠬᠡᠯᠨ ᠪᠠᠷ ᠤᠷᠴᠢᠭᠤᠯᠤᠨ ᠭᠠᠷᠭᠠᠪᠠ᠃ ᠳᠡᠬᠦᠨ ᠤ  ᠤᠷᠴᠢᠭᠤᠯᠭ᠎ᠠ ᠶᠢ ᠳᠤᠬᠠᠢ ᠶᠢᠨ ᠦᠶ᠎ᠡ ᠰᠤᠳᠤᠷ ᠪᠢᠴᠢᠭ ᠤᠨ ᠬᠤᠷᠢᠶ᠎ᠡ ᠠᠴᠠ 1940 ᠤᠨ ᠳᠤ ᠬᠡᠪᠯᠡᠬᠦᠯᠦᠨ ᠳᠠᠷᠬᠠᠭᠠᠭᠰᠠᠨ ᠪᠠᠶᠢᠨ᠎ᠠ᠃ ᠳᠤᠰ ᠨᠤᠮ ᠤᠨ  ᠤᠷᠴᠢᠭᠤᠯᠭ᠎ᠠ ᠳᠤ ᠳᠤᠬᠠᠢ ᠶᠢᠨ ᠦᠶ᠎ᠡ ᠶᠢᠨ ᠬᠢᠩᠭᠠᠨ ᠬᠤᠷᠢᠶᠠᠨ ᠤ ᠶᠡᠷᠦᠩᠬᠡᠶᠢᠯᠡᠨ ᠵᠠᠬᠢᠷᠤᠭᠴᠢ ᠪᠠᠶᠢᠭᠰᠠᠨ ᠵᠠᠭᠠᠷ ᠠᠴᠠ ᠳᠤᠰᠬᠠᠶᠢᠯᠠᠨ ᠤᠷᠤᠰᠢᠯ ᠪᠢᠴᠢᠵᠤ  ᠦᠭᠬᠦᠨ ︽ᠡᠩᠬᠡᠪᠦᠷᠢᠨ ᠠᠪᠤᠭᠠᠢ ᠶᠢᠨ ᠤᠷᠴᠢᠭᠤᠯᠤᠭᠰᠠᠨ ᠠᠨᠤ ᠳᠦᠢᠯ ᠤᠨ ᠤᠶᠢᠷ᠎ᠠ ᠳᠦᠬᠦᠮ᠂ ᠮᠡᠳᠡᠬᠦᠢ ᠳᠤᠷ ᠬᠢᠯᠪᠡᠷ ᠪᠤᠯᠭᠠᠭᠰᠠᠨ ᠤ ᠳᠤᠯᠨ᠂ ᠮᠤᠩᠭᠤᠯ ᠤᠨ  ᠤᠶᠤᠳᠠᠨ ᠪᠠᠶᠢᠳᠤᠭᠠᠢ᠂ ᠶᠡᠷᠦ ᠶᠢᠨ ᠦᠰᠦᠭ ᠳᠠᠨᠢᠳᠠᠭ ᠬᠦᠮᠦᠰ ᠴᠦᠮ ᠤᠩᠰᠢᠨ ᠴᠢᠳᠠᠵᠤ ᠤᠬᠠᠵᠤ ᠤᠯᠬᠤ ᠶᠢᠨ ᠳᠤᠯᠨ ᠦᠨᠡᠭᠡᠷ ᠨᠢᠬᠡᠨ ᠰᠠᠶᠢᠨ ᠪᠢᠴᠢᠭ ᠭᠡᠮᠡᠵᠦ  ᠪᠤᠯᠤᠮᠤᠢ︾ ᠭᠡᠵᠦ ᠦᠨᠡᠯᠡᠨ ᠰᠠᠶᠢᠰᠢᠶᠡᠵᠤ ᠪᠠᠶᠢᠵᠠᠢ᠃ ᠵᠠᠭᠠᠷ ᠤᠨ ᠦᠨᠡᠯᠡᠯᠳᠡ ᠠᠴᠠ ᠪᠢᠳᠠ ᠡᠩᠬᠡᠪᠦᠷᠢᠨ ᠤ ᠤᠷᠴᠢᠭᠤᠯᠭ᠎ᠠ ᠨᠢ ︽ᠤᠶᠢᠷ᠎ᠠ ᠳᠦᠬᠦᠮ᠂  ᠮᠡᠳᠡᠬᠦᠢ ᠳᠤᠷ ᠭᠢᠯᠪᠡᠷ︾ ᠪᠤᠯᠵᠤ᠂ ᠮᠤᠩᠭᠤᠯ ᠤᠷᠴᠢᠭᠤᠯᠭ᠎ᠠ ᠶᠢᠨ ᠡᠷᠳᠡᠨ ᠤ ᠪᠡᠷᠢᠮᠵᠢᠶ᠎ᠡ ᠳᠤ ᠬᠦᠷᠭᠡᠵᠦ ᠴᠢᠳᠠᠭᠰᠠᠨ ᠰᠠᠶᠢᠨ ᠤᠷᠴᠢᠭᠤᠯᠭ᠎ᠠ ᠪᠤᠯᠤᠭᠰᠠᠨ ᠢ ᠮᠡᠳᠡᠵᠦ  ᠪᠤᠯᠤᠨ᠎ᠠ᠃               ᠬᠦᠷᠢᠶ᠎ᠡ ᠬᠤᠰᠢᠭᠤᠨ ᠤ ᠮᠠᠨᠢᠵᠠᠪ ᠶᠠᠫᠤᠨ ᠭᠡᠯᠡᠨ ᠠᠴᠠ ᠨᠡᠯᠢᠶᠡᠳ ᠭᠡᠳᠤᠨ ᠨᠤᠮ ᠮᠤᠩᠭᠤᠯᠴᠢᠯᠠᠭᠰᠠᠨ ᠶᠤᠮ ᠃ ᠳᠡᠷᠨ ᠭᠡᠳᠤᠨ ᠵᠢᠯ ᠤᠨ ᠬᠤᠭᠤᠴᠠᠭᠠᠨ ᠳᠤ  ᠤᠷᠢᠳ ᠬᠤᠵᠢᠳ ᠶᠠᠫᠤᠨ ᠭᠡᠯᠡᠨ ᠠᠴᠠ ︽ᠴᠢᠩᠬᠢᠰ ᠬᠠᠭᠠᠨ ᠤ ᠪᠠᠭ᠎ᠠ ᠶᠢᠨ ᠦᠯᠢᠬᠡᠷ︾᠂ ︽ᠪᠠᠷᠳᠠᠭᠠᠨ ᠲᠠᠢ ᠤᠢ ᠰᠢᠭᠤᠢ︾᠂ ︽ᠪᠠᠶᠢᠯᠳᠤᠭᠠᠨ ᠤ ᠨᠦᠬᠦᠷ︾᠂  ︽ᠴᠢᠬᠢᠷᠠᠰᠤᠨ ᠪᠦᠷᠬᠦ ᠬᠢᠭᠡᠳ ᠡᠪᠦᠬᠡᠨ ᠪᠤᠷᠬᠠᠨ︾᠂ ︽ᠴᠡᠴᠡᠭ ᠢᠶᠠᠷ ᠴᠢᠮᠡᠭᠯᠡᠭᠰᠡᠨ ᠰᠦᠮ᠎ᠡ︾᠂ ︽ᠰᠢᠷᠤᠢ ᠬᠢᠭᠡᠳ ᠴᠡᠴᠡᠭ︾ ᠭᠡᠬᠦ ᠤᠷᠠᠨ ᠵᠤᠬᠢᠶᠠᠯ ᠤᠳ ᠢ  ᠮᠤᠩᠭᠤᠯᠴᠢᠯᠠᠪᠠ᠃ ︽ᠪᠦᠬᠦ ᠤᠯᠤᠰ ᠤᠨ ᠮᠤᠩᠭᠤᠯ ᠬᠠᠭᠤᠴᠢᠨ ᠨᠤᠮ ᠤᠨ ᠭᠠᠷᠴᠠᠭ ︾ ᠢ ᠦᠨᠳᠤᠰᠤᠯᠠᠪᠠᠯ ᠡᠳᠡᠭᠡᠷ ᠤᠷᠴᠢᠭᠤᠯᠭ᠎ᠠ ᠶᠢᠨ ᠪᠦᠳᠦᠬᠡᠯ ᠠᠴᠠ ᠪᠠᠨ  ︽ᠴᠢᠩᠬᠢᠰ ᠬᠠᠭᠠᠨ ᠤ ᠪᠠᠭ᠎ᠠ ᠶᠢᠨ ᠦᠯᠢᠬᠡᠷ︾ ᠭᠡᠬᠦ ᠨᠤᠮ ᠢ ᠬᠠᠷᠠᠭᠴᠢᠨ ᠬᠤᠨᠢᠨ ᠵᠢᠯ ︵1943 ᠤᠨ︶ ᠤᠨ ᠳᠦᠷᠪᠡᠨ ᠰᠠᠷ᠎ᠠ ᠳᠤ ᠤᠷᠴᠢᠭᠤᠯᠵᠤ ᠳᠠᠭᠤᠰᠬᠠᠵᠠᠢ ᠃ ᠤᠷᠴᠢᠭᠤᠯᠭ᠎ᠠ ᠶᠢ ᠨᠢ 1944 ᠤᠨ ᠳᠤ ᠴᠢᠭᠤᠯᠤᠯᠳᠤ ᠬᠠᠭᠠᠯᠭ᠎ᠠ ᠳᠠᠬᠢ ᠳᠡᠷᠢᠬᠦᠨ ᠨᠤᠶᠠᠨ ᠤ ᠳᠠᠷᠤᠮᠠᠯ ᠤᠨ ᠭᠠᠵᠠᠷ ᠠᠴᠠ ᠬᠤᠷᠭᠤᠯᠵᠢᠨ ᠪᠠᠷ ᠢᠶᠠᠷ ᠨᠢᠬᠡᠨ  ᠳᠡᠪᠳᠡᠷ ᠪᠤᠯᠭᠠᠨ ᠬᠡᠪᠯᠡᠬᠦᠯᠪᠡ᠃ ᠳᠡᠬᠦᠨ ᠤ ᠪᠤᠰᠤᠳ ᠤᠷᠴᠢᠭᠤᠯᠭ᠎ᠠ ᠶᠢᠨ ᠪᠦᠳᠦᠬᠡᠯ ᠤᠨ ᠳᠤᠬᠠᠢ ᠳᠤᠳᠤᠷᠬᠠᠢ ᠰᠤᠷᠠᠭ ᠵᠠᠩᠬᠢ ᠬᠠᠷᠠᠬᠠᠨ ᠳᠡᠮᠡᠢ ᠤᠯᠳᠠᠭ᠎ᠠ ᠦᠭᠡᠢ  ᠪᠠᠶᠢᠨ᠎ᠠ᠃               ᠬᠠᠷᠠᠴᠢᠨ ᠪᠠᠷᠠᠭᠤᠨ ᠬᠤᠰᠢᠭᠤᠨ ᠤ ᠠᠯᠳᠠᠨ᠋ᠧᠴᠢᠷ ︵ᠬᠢᠳᠡᠳ ᠨᠡᠷ᠎ᠡ ᠨᠢ ᠶᠢᠨ ᠶᠦᠩ ᠴᠠᠩ︶ ᠶᠠᠫᠤᠨ ᠭᠡᠯᠡᠨ ᠠᠴᠠ ︽ᠴᠢᠩᠬᠢᠰ ᠬᠠᠭᠠᠨ ᠤ ᠪᠠᠶᠢᠯᠳᠤᠭᠠᠨ ᠤ  ᠳᠡᠦᠬᠡ︾ ᠭᠡᠬᠦ ᠨᠤᠮ ᠢ ᠮᠤᠩᠭᠤᠯᠴᠢᠯᠠᠵᠠᠢ᠃ ᠮᠤᠩᠭᠤᠯ ᠤᠷᠴᠢᠭᠤᠯᠭ᠎ᠠ ᠶᠢ 1944 ᠤᠨ ᠳᠤ ᠴᠢᠭᠤᠯᠤᠯᠳᠤ ᠬᠠᠭᠠᠯᠭ᠎ᠠ ᠳᠠᠬᠢ ᠳᠡᠷᠢᠬᠦᠨ ᠨᠤᠶᠠᠨ ᠤ ᠳᠡᠷᠤᠮᠠᠯ ᠤᠨ  ᠭᠠᠵᠠᠷ ᠠᠴᠠ ᠨᠢᠬᠡ ᠳᠡᠪᠳᠡᠷ ᠢᠶᠠᠷ ᠬᠤᠷᠭᠤᠯᠵᠢᠨ ᠪᠠᠷ ᠢᠶᠠᠷ ᠬᠡᠪᠯᠡᠬᠦᠯᠦᠨ ᠳᠠᠷᠬᠠᠭᠠᠪᠠ᠃ ᠬᠠᠷᠠᠴᠢᠨ ᠬᠤᠰᠢᠭᠤᠨ ᠤ ᠵᠢᠷᠤᠮᠳᠡᠢ 1945 ᠤᠨ ᠳᠤ ︽ᠬᠦᠮᠦᠨ  ᠶᠠᠰᠤᠳᠠᠨ ᠤ ᠤᠬᠠᠭᠠᠨ ᠢᠶᠠᠷ ᠦᠵᠡᠭᠰᠡᠨ ᠮᠤᠩᠭᠤᠯ ᠤᠭᠰᠠᠭᠠᠳᠠᠨ︾ ᠭᠡᠬᠦ ᠶᠠᠫᠤᠨ ᠬᠦᠮᠦᠨ ᠶᠤᠺᠤᠸᠧ ᠶᠠᠽᠢᠸᠧ ᠶᠢᠨ ᠪᠢᠴᠢᠭᠰᠡᠨ ᠡᠷᠳᠡᠮ ᠰᠢᠨᠵᠢᠯᠡᠭᠡᠨ ᠤ ᠨᠤᠮ ᠢ  ᠮᠤᠩᠭᠤᠯᠴᠢᠯᠠᠵᠤ᠂ ᠠᠩᠬ᠎ᠠ ᠤᠳᠠᠭ᠎ᠠ ᠬᠦᠮᠦᠨ ᠶᠠᠰᠤᠳᠠᠨ ᠤ ᠤᠬᠠᠭᠠᠨ ᠪᠠ ᠤᠭᠰᠠᠭ᠎ᠠ ᠵᠦᠢ ᠶᠢ ᠮᠤᠩᠭᠤᠯ ᠭᠠᠵᠠᠷ ᠲᠤ ᠤᠯᠠᠮᠵᠢᠯᠠᠨ ᠳᠡᠯᠭᠡᠷᠡᠭᠦᠯᠦᠭᠰᠡᠨ ᠶᠤᠮ᠃  ᠳᠡᠬᠦᠨ ᠤ ᠤᠷᠴᠢᠭᠤᠯᠭ᠎ᠠ ᠶᠢ ᠨᠢ ᠳᠡᠮᠦᠷᠳᠦ᠋ᠰᠢ ᠠᠴᠠ ᠬᠢᠨᠡᠨ ᠰᠢᠬᠦᠭᠡᠳ ᠮᠥᠨ ᠵᠢᠯ ᠳᠤᠨᠢ ᠳᠡᠷᠢᠬᠦᠨ ᠨᠤᠶᠠᠨ ᠤ ᠳᠡᠷᠤᠮᠠᠯ ᠤᠨ ᠭᠠᠵᠠᠷ ᠠᠴᠠ ᠬᠤᠷᠭᠤᠯᠵᠢᠨ ᠪᠠᠷ ᠢᠶᠠᠷ  ᠬᠡᠪᠯᠡᠬᠦᠯᠦᠨ ᠳᠠᠷᠬᠠᠭᠠᠪᠠ᠃               ᠷᠢᠨᠴᠢᠨᠺᠠᠸᠠ ᠶᠢᠨ ︽ᠮᠤᠩᠭᠤᠯ ᠤᠷᠴᠢᠭᠤᠯᠭ᠎ᠠ ᠶᠢᠨ ᠳᠡᠦᠬᠡ ᠶᠢᠨ ᠬᠤᠷᠢᠶᠠᠩᠭᠤᠢ ᠳᠦᠢᠮᠤ︾ ᠭᠡᠬᠦ ᠨᠤᠮ ᠢ ᠦᠨᠳᠤᠰᠤᠯᠠᠪᠠᠯ ᠳᠤᠬᠠᠢ ᠶᠢᠨ ᠦᠶ᠎ᠡ ᠶᠢᠨ  ᠰᠦᠢ ᠳ᠋ᠦᠩ ᠰᠢᠶᠡᠨ ᠤ ᠮᠤᠩᠭᠤᠯ ᠪᠢᠴᠢᠭᠳᠡᠨ ᠪᠦᠬᠡᠨ᠋ᠦ᠋ᠨᠳᠤᠰᠤ ︵ᠬᠢᠳᠡᠳ ᠨᠡᠷ᠎ᠡ ᠨᠢ ᠯᠢᠶᠠᠩ ᠢᠤᠢ ᠭᠠᠩ︶ ᠠᠩᠭ᠍ᠯᠢ ᠭᠡᠯᠡᠨ ᠠᠴᠠ ︽ᠢᠷᠪᠢᠰ ᠤᠨ ᠰᠢᠮᠨᠤ︾ ᠭᠡᠬᠦ  ᠨᠤᠮ ᠢ ᠮᠤᠩᠭᠤᠯ ᠢᠶᠠᠷ ᠤᠷᠴᠢᠭᠤᠯᠪᠠ᠃ ᠤᠷᠴᠢᠭᠤᠯᠭ᠎ᠠ ᠶᠢ ᠨᠢ ᠮᠤᠩᠭᠤᠯ ᠤᠳᠬ᠎ᠠ ᠶᠢᠨ ᠰᠤᠷᠭᠠᠯ ᠤᠨ ᠬᠤᠷᠠᠯ ᠤᠨ ᠪᠦᠬᠡᠭᠡᠰᠢᠭ ᠬᠢᠨᠠᠨ ᠰᠢᠬᠦᠭᠡᠳ ᠭᠡᠪᠯᠡᠯ ᠳᠤ  ᠰᠢᠯᠵᠢᠬᠦᠯᠵᠡᠢ᠃               ᠡᠬᠦᠨ ᠠᠴᠠ ᠭᠠᠳᠠᠨ᠎ᠠ᠂ ᠳᠤᠬᠠᠢ ᠶᠢᠨ ᠦᠶ᠎ᠡ ᠳᠤ ᠭᠠᠳᠠᠭᠠᠳᠤ ᠬᠡᠯᠡᠨ ᠠᠴᠠ ᠰᠢᠭᠤᠳ ᠤᠷᠴᠢᠭᠤᠯᠤᠭᠰᠠᠨ ᠨᠤᠮ ᠵᠤᠬᠢᠶᠠᠯ ᠤᠨ ᠳᠤᠬᠠᠢ ᠰᠤᠷᠠᠭ ᠵᠠᠩᠬᠢ  ᠤᠯᠳᠠᠭ᠎ᠠ ᠦᠭᠡᠢ ᠪᠠᠶᠢᠨ᠎ᠠ᠃               ᠬᠤᠶᠠᠷ᠂ ᠭᠠᠳᠠᠭᠠᠳᠤ ᠭᠡᠯᠡᠨ ᠠᠴᠠ ᠳᠡᠮ ᠤᠷᠴᠢᠭᠤᠯᠤᠭᠰᠠᠨ ᠨᠤᠮ ᠵᠤᠬᠢᠶᠠᠯ ᠤᠳ               ᠳᠤᠬᠠᠢ ᠶᠢᠨ ᠦᠶ᠎ᠡ ᠶᠢᠨ ᠮᠤᠩᠭᠤᠯ ᠪᠢᠴᠢᠭᠳᠡᠨ ᠤ ᠵᠠᠷᠢᠮ ᠨᠢ ᠭᠡᠳᠦ᠋ᠢᠪᠡᠷ ᠰᠢᠭᠤᠳ ᠤᠭ ᠬᠡᠯᠡᠨ ᠠᠴᠠ ᠨᠢ ᠮᠤᠩᠭᠤᠯᠴᠢᠯᠠᠵᠤ ᠴᠢᠳᠠᠬᠤ ᠦᠭᠡᠢ ᠪᠠᠶᠢᠭᠰᠠᠨ  ᠴᠦ ᠰᠠᠶᠢᠨ ᠮᠡᠳᠡᠳᠡᠭ ᠪᠤᠰᠤᠳ ᠭᠡᠯᠡᠨ ᠠᠴᠠ ᠪᠠᠨ ᠬᠠᠷᠢ ᠤᠭᠰᠠᠭᠠᠳᠠᠨ ᠤ ᠨᠤᠮ ᠵᠤᠬᠢᠶᠠᠯ ᠢ ᠤᠷᠴᠢᠭᠤᠯᠵᠤ ᠪᠠᠶᠢᠪᠠ᠃ ᠡᠨᠡ ᠨᠢ ᠭᠡᠳᠦ᠋ᠢᠪᠡᠷ ᠳᠡᠮ ᠤᠷᠴᠢᠭᠤᠯᠭ᠎ᠠ  ᠪᠤᠯᠪᠠᠴᠤ ᠤᠷᠳᠤ ᠬᠤᠭᠤᠴᠠᠭ᠎ᠠ ᠪᠠᠷ ᠡᠬᠦᠳᠡ ᠳᠦᠭᠵᠢᠭᠳᠡᠨ ᠰᠠᠭᠤᠵᠤ ᠪᠠᠶᠢᠭᠰᠠᠨ ᠳᠤᠬᠠᠢ ᠶᠢᠨ ᠦᠶ᠎ᠡ ᠶᠢᠨ ᠬᠦᠮᠦᠰ ᠲᠤ ᠪᠠᠰᠠ ᠴᠦ ᠶᠢᠷᠳᠢᠨᠴᠤ ᠶᠢ ᠳᠠᠨᠢᠭᠤᠯᠬᠤ᠂  ᠮᠡᠳᠡᠯᠬᠡ ᠶᠢ ᠤᠯᠠᠮᠵᠢᠯᠠᠬᠤ᠂ ᠰᠤᠶᠤᠯ ᠢ ᠨᠡᠪᠳᠡᠷᠡᠬᠦᠯᠬᠦ ᠦᠢᠯᠡᠳᠦᠯ ᠢ ᠦᠵᠡᠬᠦᠯᠵᠦ ᠪᠠᠶᠢᠪᠠ᠃ ᠡᠬᠦᠨ ᠤ ᠠᠴᠢ ᠪᠠᠷ ᠳᠤᠬᠠᠢ ᠶᠢᠨ ᠦᠶ᠎ᠡ ᠶᠢᠨ ᠨᠡᠯᠢᠶᠡᠳ ᠳᠤᠭᠠᠨ ᠤ  ᠭᠠᠳᠠᠭᠠᠳᠤ ᠶᠢᠨ ᠨᠤᠮ ᠵᠤᠬᠢᠶᠠᠯ ᠮᠤᠩᠭᠤᠯᠴᠤᠳ ᠤᠨ ᠠᠯᠠᠭᠠᠨ ᠳᠡᠭᠡᠷ᠎ᠡ ᠳᠡᠯᠭᠡᠭᠳᠡᠵᠦ᠂ ᠤᠶᠤᠨ ᠬᠠᠷᠠᠭ᠎ᠠ ᠳᠤᠨᠢ ᠬᠦᠷᠳᠡᠵᠦ ᠴᠢᠳᠠᠵᠤ ᠪᠠᠶᠢᠭᠰᠠᠨ ᠶᠤᠮ᠃ ᠳᠡᠮ  ᠤᠷᠴᠢᠭᠤᠯᠭ᠎ᠠ ᠶᠢᠨ ᠪᠦᠳᠦᠬᠡᠯ ᠳᠤ ᠨᠠᠯᠢᠶᠡᠳ ᠳᠤᠮᠤ᠂ ᠨᠡᠯᠢᠶᠡᠳ ᠠᠯᠳᠠᠷᠳᠠᠢ ᠨᠤᠮ ᠵᠤᠬᠢᠶᠠᠯ ᠴᠦ ᠪᠤᠢ᠃               ᠬᠦᠷᠢᠶ᠎ᠡ ᠬᠤᠰᠢᠭᠤ ᠨᠤᠳᠤᠭᠳᠠᠢ ᠵᠤᠬᠢᠶᠠᠯᠴᠢ᠂ ᠤᠷᠴᠢᠭᠤᠯᠤᠭᠴᠢ ᠷᠢᠨᠴᠢᠨᠬᠤᠷᠯᠤ ︵ᠬᠢᠳᠡᠳ ᠨᠠᠷ᠎ᠡ ᠨᠢ ᠵᠤᠤ ᠯᠢᠶᠡᠨ ᠺᠧ︶ ︽ᠮᠢᠭᠤᠢ ᠶᠢᠨ ᠳᠤᠷᠰᠢᠭᠴᠢ︾ ᠭᠡᠬᠦ ᠳᠡᠩᠨᠡᠨ ᠳᠤᠷᠰᠢᠬᠤ ᠰᠡᠳᠤᠪᠳᠤ ᠭᠧᠷᠮᠠᠨ ᠤ ᠳᠤᠭᠤᠵᠢ ᠶᠢ ᠬᠢᠳᠡᠳ ᠬᠡᠯᠡᠨ ᠠᠴᠠ ᠳᠠᠮ ᠤᠷᠴᠢᠭᠤᠯᠪᠠ᠃ ᠳᠡᠬᠦᠨ ᠤ ᠤᠷᠴᠢᠭᠤᠯᠭ᠎ᠠ ᠶᠢ ᠪᠦᠬᠡᠬᠡᠰᠢᠭ ᠬᠢᠨᠠᠵᠤ  ᠰᠡᠶᠢᠨᠪᠢᠯᠢᠭᠳᠦ ᠰᠠᠶᠢᠷᠠᠬᠦᠯᠦᠬᠡᠳ 1939 ᠤᠨ ᠳᠤ ᠺᠠᠶᠢᠯᠤ ᠶᠢᠨ ᠮᠤᠩᠭᠤᠯ ᠤᠳᠬ᠎ᠠ ᠶᠢᠨ ᠰᠤᠷᠭᠠᠯ ᠤᠨ ᠬᠤᠷᠠᠯ ᠠᠴᠠ ᠬᠤᠶᠠᠷ ᠳᠡᠪᠳᠡᠷ ᠪᠤᠯᠭᠠᠨ  ᠴᠢᠯᠠᠭᠤᠨ ᠪᠠᠷ ᠢᠶᠠᠷ ᠬᠡᠪᠯᠡᠬᠦᠯᠵᠦ ᠳᠠᠷᠬᠠᠭᠠᠵᠠᠢ᠃               ᠤᠷᠴᠢᠭᠤᠯᠤᠭᠴᠢ ᠶᠢᠨ ᠪᠢᠴᠢᠭᠰᠡᠨ ︽ᠮᠢᠭᠤᠢ ᠶᠢᠨ ᠳᠤᠷᠰᠢᠭᠴᠢ︾ ᠶᠢᠨ ᠤᠷᠤᠰᠢᠯ ᠳᠤ ︽ᠪᠤᠯᠬᠢ ᠪᠢ ᠪᠠᠷ ᠡᠨᠡ ︿ᠮᠢᠭᠤᠢ ᠶᠢᠨ ᠳᠤᠷᠰᠢᠭᠴᠢ﹀ ᠭᠡᠮᠡᠭᠰᠡᠨ  ᠦᠯᠢᠬᠡᠷ ᠢ ᠤᠷᠴᠢᠭᠤᠯᠤᠨ ᠭᠠᠷᠭᠠᠭᠰᠠᠨ ᠠᠨᠤ᠂ ᠪᠤᠰᠤᠳ ᠵᠦᠢᠯ ᠤᠨ ᠡᠷᠡᠮᠡᠯᠵᠡᠯ ᠭᠡᠭᠴᠢ ᠤᠭᠳᠤ ᠦᠭᠡᠢ᠂ ᠭᠠᠭᠴᠠ ᠳᠤᠷᠰᠢᠭᠴᠢ ᠭᠡᠮᠡᠭᠰᠡᠨ ᠨᠡᠷ᠎ᠡ ᠦᠭᠡᠢ ᠮᠤᠩᠭᠤᠯ  ᠭᠠᠵᠠᠷ ᠲᠤᠷ ᠡᠶᠢᠮᠤ ᠨᠡᠷ᠎ᠡ ᠶᠢ ᠤᠭᠰᠠᠭ᠎ᠠ ᠶᠢᠨ ᠮᠤᠩᠭᠤᠯ ᠬᠦᠮᠦᠨ ᠪᠦᠬᠦᠳᠡ ᠶᠢᠨ ᠳᠡᠷᠢᠬᠢᠨ ᠤ ᠳᠤᠳᠤᠷ᠎ᠠ ᠪᠢᠴᠢᠬᠠᠨ ᠳᠡᠮᠳᠡᠭ ᠤᠨ ᠳᠡᠳᠤᠢ ᠴᠦ ᠳᠡᠮᠡᠭᠠᠯᠠᠨ  ᠦᠯᠡᠳᠡᠭᠡᠵᠦ᠂ ᠡᠬᠦᠨ ᠢᠶᠠᠷ ᠬᠦᠷᠦᠩᠬᠡ ᠡᠬᠢ ᠪᠤᠯᠭᠠᠨ᠂ ᠤᠯᠠᠮ ᠤᠯᠠᠮ ᠡᠨᠡ ᠵᠦᠢᠯ ᠳᠤᠷ ᠰᠡᠳᠬᠢᠯ ᠳᠠᠯᠪᠢᠰᠤ᠂ ᠬᠤᠵᠢᠮ ᠳᠠᠭᠠᠨ ᠳᠡᠷᠨ ᠮᠠᠭᠤ ᠵᠠᠯᠢᠬᠠᠢ ᠠᠷᠠᠳ  ᠨᠠᠷ ᠤᠨ ᠨᠢᠬᠡᠨᠳᠡ ᠪᠦᠳᠦᠬᠦᠷᠡᠨ ᠶᠠᠭᠡᠳᠦᠭᠰᠡᠨ ᠵᠤᠷᠢᠭ ᠰᠠᠨᠠᠭ᠎ᠠ ᠶᠢ ᠠᠨᠤ ᠪᠠᠭ᠋ᠠᠨ ᠳᠦᠳᠡᠭᠡᠯᠵᠡᠬᠦᠯᠦᠨ ᠳᠦᠭᠰᠢᠬᠦᠯᠬᠦᠢ ᠳᠤᠷ ᠬᠦᠷᠦᠬᠦᠯᠬᠦ ᠴᠦ ᠪᠤᠯᠵᠤᠰᠢ ᠦᠭᠡᠢ ᠪᠤᠶᠤ  ᠭᠡᠮᠡᠭᠰᠡᠨ ᠪᠦᠯᠦᠬᠡ︾ ︽ᠡᠬᠦᠨ ᠢᠶᠠᠷ ᠮᠠᠨ ᠤ ᠮᠤᠩᠭᠤᠯ ᠤᠨ ᠭᠠᠵᠠᠷ ᠤᠨ ᠦᠬᠢᠨ ᠡᠭᠡᠨᠡᠷ ᠤᠨ ᠡᠳᠡᠭᠡᠳ ᠤᠨ ᠡᠭᠡᠴᠢ᠂ ᠦᠬᠢᠨ ᠳᠡᠬᠦᠦ ᠨᠡᠷ ᠪᠠᠰᠠ ᠤᠭ ᠠᠴᠠ  ᠢᠷᠡᠭᠰᠡᠨ ᠦᠬᠢᠨ ᠬᠦᠮᠦᠨ ᠭᠡᠮᠡᠭᠴᠢ ᠬᠡᠷᠡᠭ ᠦᠭᠡᠢ ᠬᠦᠮᠦᠨ ᠭᠡᠮᠡᠨ ᠡᠭᠡᠨᠡᠭᠳᠡ ᠦᠪᠡᠷ ᠤᠨ ᠪᠡᠶ᠎ᠡ ᠪᠠᠨ ᠦᠪᠡᠰᠦᠪᠡᠨ ᠬᠦᠩᠭᠡᠨ ᠦᠵᠡᠬᠦ ᠳᠠᠳᠬᠠᠯ ᠪᠠ ᠵᠢᠴᠢ  ᠬᠦᠮᠦᠨ ᠳᠤᠷ ᠢᠳᠡᠭᠡᠨ ᠳᠦᠰᠢᠬᠦ ᠰᠡᠳᠬᠢᠯ ᠢᠶᠠᠨ ᠳᠠᠶᠠᠭᠳᠠᠨ ᠤᠷᠬᠢᠵᠤ᠂ ᠦᠪᠡᠰᠤᠪᠡᠨ ᠪᠦᠳᠦᠬᠡᠬᠦ ᠵᠠᠮ ᠳᠤᠷ ᠤᠷᠤᠭᠰᠢᠯᠠᠨ ᠤᠷᠤᠪᠠᠰᠤ ᠵᠤᠬᠢᠬᠤ ᠶᠢᠨ ᠳᠤᠯᠠ᠂  ᠡᠨᠡ ᠦᠯᠢᠬᠡᠷ ᠢ ᠡᠳᠤᠭᠡ ᠦᠵᠡᠬᠦᠢ ᠳᠤᠷ ᠳᠤᠰᠠ ᠪᠤᠯᠭᠠᠨ ᠤᠷᠴᠢᠭᠤᠯᠪᠠ︾ ᠭᠡᠵᠡᠢ᠃               ᠳᠤᠰ ᠤᠷᠤᠰᠢᠯ ᠠᠴᠠ ᠤᠷᠴᠢᠭᠤᠯᠤᠭᠴᠢ ᠶᠢᠨ ᠰᠢᠨ᠎ᠠ ᠨᠠᠷ᠎ᠠ ᠳᠤᠮᠢᠶ᠎ᠡ ᠶᠢ ᠤᠷᠤᠭᠤᠯᠤᠨ ᠢᠷᠡᠵᠦ ᠮᠤᠩᠭᠤᠯ ᠰᠤᠶᠤᠯ ᠢᠶᠠᠨ ᠪᠠᠶᠠᠯᠢᠭᠵᠢᠭᠤᠯᠬᠤ ᠭᠡᠰᠡᠨ  ᠡᠷᠡᠮᠡᠯᠵᠡᠯ ᠪᠠ ︽ᠦᠪᠡᠰᠤᠪᠡᠨ ᠪᠦᠳᠦᠬᠡᠬᠦ ᠵᠡᠮ ᠳᠤᠷ ᠤᠷᠤᠭᠰᠢᠯᠠᠨ ᠤᠷᠤᠬᠤ︾ ᠭᠡᠰᠡᠨ ᠰᠢᠨ᠎ᠡ ᠨᠢᠬᠡᠨ ᠵᠦᠢᠯ ᠤᠨ ᠵᠤᠷᠢᠭ ᠰᠠᠨᠠᠭ᠎ᠠ ᠶᠢ ᠮᠤᠩᠭᠤᠯ  ᠡᠮᠡᠭᠳᠡᠶᠢᠴᠤᠳ ᠲᠤ ᠨᠡᠪᠳᠡᠷᠡᠬᠦᠯᠦᠨ ᠤᠯᠠᠮᠵᠢᠯᠠᠬᠤ ᠭᠡᠰᠡᠨ ᠬᠦᠰᠡᠯ ᠳᠡᠬᠦᠨ ᠤ ᠤᠷᠴᠢᠭᠤᠯᠬᠤ ᠵᠤᠷᠢᠯᠭ᠎ᠠ ᠪᠤᠯᠵᠤ ᠪᠠᠶᠢᠭᠰᠠᠨ ᠭᠡᠳᠡᠭ ᠢ ᠮᠡᠳᠡᠵᠦ ᠪᠤᠯᠤᠨ᠎ᠠ᠃               ᠬᠦᠮᠦᠰ ᠤᠨ ᠠᠩᠬᠠᠷᠤᠯ ᠪᠠ ᠰᠤᠨᠢᠷᠬᠠᠯ ᠢ ᠶᠡᠭᠡ ᠪᠠᠷ ᠳᠠᠳᠠᠭᠰᠠᠨ ︽ᠮᠠᠷᠺᠫᠤᠯ ︵ᠮᠠᠷᠺᠤ ᠫᠤᠯᠤ︶ ᠤᠨ ᠳᠤᠭᠤᠷᠢᠨ ᠶᠠᠪᠤᠭᠰᠠᠨ ᠠᠶᠠᠨ ᠤ ᠳᠡᠮᠳᠡᠭᠯᠡᠯ︾ ᠭᠡᠬᠦ  ᠳᠤᠮᠤ ᠪᠦᠳᠦᠬᠡᠯ ᠢ ᠰᠢᠭᠤᠳ ᠤᠭ ᠹᠷᠠᠨᠼᠢ ᠭᠡᠯᠡᠨ ᠠᠴᠠ ᠪᠤᠰᠤ ᠬᠠᠷᠢᠨ ᠠᠩᠭ᠍ᠯᠢ ᠭᠡᠯᠡᠨ ᠠᠴᠠ ᠳᠡᠮ ᠤᠷᠴᠢᠭᠤᠯᠤᠭᠰᠠᠨ ᠪᠠᠶᠢᠳᠠᠭ᠃ ᠡᠨᠡ ᠪᠦᠳᠦᠭᠡᠯ ᠢ ᠴᠠᠬᠠᠷ ᠤᠨ  ᠴᠢᠮᠡᠳ᠂ ᠭᠤᠮᠪᠤᠵᠠᠪ ᠨᠠᠷ ᠤᠨ ᠤᠷᠴᠢᠭᠤᠯᠤᠭᠰᠠᠨ ᠢ 1944 ᠤᠨ ᠳᠤ ᠴᠢᠭᠤᠯᠤᠯᠳᠤ ᠬᠠᠭᠠᠯᠭ᠎ᠠ ᠳᠠᠬᠢ ᠳᠡᠷᠢᠬᠦᠨ ᠨᠤᠶᠠᠨ ᠤ ᠳᠠᠷᠤᠮᠠᠯ ᠤᠨ ᠭᠠᠵᠠᠷ ᠠᠴᠠ ᠬᠤᠶᠠᠷ  ᠳᠡᠪᠳᠡᠷ ᠪᠤᠯᠭᠠᠨ ᠬᠤᠷᠭᠤᠯᠵᠢᠨ ᠪᠠᠷ ᠢᠶᠠᠷ ᠭᠡᠪᠯᠡᠬᠦᠯᠦᠨ ᠳᠠᠷᠬᠠᠭᠠᠭᠰᠠᠨ ᠪᠠᠶᠢᠳᠠᠭ᠃ ᠤᠷᠴᠢᠨ ᠦᠶ᠎ᠡ ᠳᠤ ᠮᠤᠩᠭᠤᠯ ᠭᠠᠵᠠᠷ ᠶᠡᠭᠡ ᠪᠠᠷ ᠤᠯᠠᠮᠵᠢᠯᠠᠭᠳᠠᠨ ᠳᠠᠷᠬᠠᠵᠤ  ᠪᠠᠶᠢᠭᠰᠠᠨ ᠮᠤᠩᠭᠤᠯ ᠤᠷᠴᠢᠭᠤᠯᠭ᠎ᠠ ᠶᠢᠨ ᠨᠤᠮ ᠪᠤᠯᠬᠤ ︽ᠺᠠᠷᠢᠰᠳᠤ ᠶᠢᠨ ︵ᠾᠧᠷᠢᠰᠲ᠋ᠤᠰ ᠤᠨ︶ ᠱᠠᠪᠢ︾ ᠪᠤᠯ ᠭᠧᠷᠮᠡᠨ ᠤ ᠵᠤᠬᠢᠶᠠᠯᠴᠢ ᠷᠠᠶᠢᠨᠠ ᠮᠠᠷᠢᠵᠠ  ᠷᠢᠯᠭᠡᠢ ᠶᠢᠨ ᠵᠤᠬᠢᠶᠠᠯ ᠪᠤᠯᠤᠨ᠎ᠠ᠃ ᠡᠨᠡ ᠵᠤᠬᠢᠶᠠᠯ ᠢ ᠶᠠᠫᠤᠨ ᠤ ᠤᠷᠴᠢᠭᠤᠯᠤᠭᠴᠢ ᠢᠨᠤᠡᠦ᠋ᠶᠧ ᠶᠠᠫᠤᠨ ᠭᠡᠯᠡᠨ ᠳᠤ ᠤᠷᠴᠢᠭᠤᠯᠤᠭᠰᠨᠨ ᠢ ᠤᠷᠴᠢᠨ ᠦᠶ᠎ᠡ ᠶᠢᠨ  ᠮᠤᠩᠭᠤᠯ ᠪᠢᠴᠢᠭᠳᠡᠨ ᠨᠠᠮᠶᠦ᠋ᠨᠳᠤᠷᠵᠢ ᠮᠤᠩᠭᠤᠯ ᠭᠡᠯᠡᠨ ᠳᠤ ᠤᠷᠴᠢᠭᠤᠯᠤᠭᠰᠠᠨ ᠶᠤᠮ᠃ ᠡᠨᠡ ᠤᠷᠴᠢᠭᠤᠯᠭ᠎ᠠ ᠶᠢ ᠳᠤᠬᠠᠢ ᠶᠢᠨ ᠦᠶ᠎ᠡ ᠳᠤ ᠮᠤᠩᠭᠤᠯ ᠪᠢᠴᠢᠭᠳᠡᠨ ᠤ  ᠡᠷᠬᠢᠯᠡᠵᠦ ᠪᠠᠶᠢᠭᠰᠠᠨ ︽ᠰᠢᠨ᠎ᠠ ᠮᠤᠩᠭᠤᠯ︾ ᠰᠡᠳᠬᠦᠯ ᠳᠡᠭᠡᠷ᠎ᠡ ᠨᠡᠶᠢᠳᠡᠯᠡᠬᠦᠯᠪᠡ᠃               ᠭᠤᠷᠪᠠ᠂ ᠭᠠᠳᠠᠭᠠᠳᠤ ᠭᠡᠯᠡᠨ ᠠᠴᠠ ᠰᠤᠩᠭᠤᠨ ᠤᠷᠴᠢᠭᠤᠯᠤᠭᠰᠠᠨ ᠨᠤᠮ ᠵᠤᠬᠢᠶᠠᠯ ᠤᠳ               ᠤᠷᠴᠢᠨ ᠦᠶ᠎ᠡ ᠶᠢᠨ ᠮᠤᠩᠭᠤᠯ ᠪᠢᠴᠢᠭᠳᠡᠳ ᠪᠤᠳᠠᠳᠤ ᠬᠡᠷᠡᠭᠴᠡᠭᠡ ᠪᠠᠨ ᠦᠨᠳᠤᠰᠤᠯᠠᠨ ᠳᠡᠯᠡᠭᠡᠢ ᠶᠢᠨ ᠳᠡᠦᠬᠡ ᠪᠠ ᠭᠠᠳᠠᠭᠠᠳᠤ ᠳᠤᠳᠤᠭᠠᠳᠤ ᠶᠢᠨ ᠡᠷᠳᠡᠮᠳᠡᠨ  ᠮᠡᠷᠭᠡᠳ ᠤᠨ ᠠᠯᠳᠠᠷᠳᠤ ᠰᠤᠷᠭᠠᠯ ᠢ ᠰᠤᠩᠭᠤᠨ ᠤᠷᠴᠢᠭᠤᠯᠵᠤ ᠦᠷᠬᠡᠨ ᠤᠯᠠᠨ ᠮᠤᠩᠭᠤᠯ ᠤᠩᠰᠢᠭᠴᠢᠳ ᠲᠠᠭᠠᠨ ᠬᠦᠷᠳᠡᠭᠡᠯ ᠪᠤᠯᠭᠠᠵᠤ ᠪᠠᠶᠢᠭᠰᠠᠨ ᠶᠠᠪᠤᠳᠠᠯ ᠴᠦ  ᠪᠤᠢ᠃               ᠳᠤᠬᠠᠢ ᠶᠢᠨ ᠦᠶ᠎ᠡ ᠶᠢᠨ ᠮᠤᠩᠭᠤᠯ ᠪᠢᠴᠢᠭᠳᠡᠨ ᠰᠤᠳᠨᠠᠮᠶᠦᠩᠷᠦᠩ ᠪᠠ ᠰᠠᠶᠢᠴᠤᠩᠭ᠎ᠠ ᠨᠡᠷ ᠪᠤᠯ ᠡᠨᠡ ᠳᠠᠯ᠎ᠠ ᠪᠠᠷ ᠮᠠᠷᠠᠶᠢᠨ ᠠᠵᠢᠯᠯᠠᠵᠤ ᠪᠠᠶᠢᠭᠰᠨᠨ ᠬᠦᠮᠦᠰ  ᠶᠤᠮ᠃ ᠳᠡᠳᠡ ᠴᠦᠮ ᠡᠮᠦᠨ᠎ᠡ ᠨᠢ ᠤᠷᠤᠰᠢᠯ ᠪᠤᠶᠤ ᠬᠤᠶᠢᠨ᠎ᠠ ᠨᠢ ᠤᠷᠴᠢᠭᠤᠯᠤᠭᠴᠢ ᠶᠢᠨ ᠦᠬᠡ ᠪᠢᠴᠢᠵᠤ ᠦᠪᠡᠷᠰᠡᠳ ᠤᠨ ᠦᠵᠡᠯᠳᠡ ᠵᠤᠷᠢᠯᠳᠠ ᠪᠠᠨ  ᠳᠤᠳᠤᠷᠬᠠᠢ ᠢᠯᠡᠳᠭᠡᠵᠦ ᠪᠠᠶᠢᠭᠰᠠᠨ ᠪᠠᠶᠢᠨ᠎ᠠ᠃               ᠬᠤᠷᠢᠳᠤᠭᠠᠷ ᠵᠠᠭᠤᠨ ᠤ ᠳᠦᠴᠢᠬᠡᠳ ᠤᠨ ᠤ ᠦᠶᠡᠰ ᠢᠶᠠᠷ ᠮᠤᠩᠭᠤᠯ ᠪᠢᠴᠢᠭᠳᠡᠨ ᠰᠤᠳᠨᠠᠮᠶᠦᠩᠷᠦᠩ ᠠᠩᠭ᠍ᠯᠢ ᠭᠡᠯᠨ ᠪᠠᠷ ᠪᠢᠴᠢᠭᠳᠡᠭᠰᠡᠨ ︽ᠶᠢᠷᠳᠢᠨᠴᠤ  ︵ᠳᠡᠯᠡᠭᠡᠢ︶ ᠶᠢᠨ ᠳᠡᠦᠬᠡ ᠶᠢᠨ ᠳᠤᠪᠴᠢ︾ ᠭᠡᠬᠦ ᠨᠤᠮ ᠠᠴᠠ ᠮᠤᠩᠭᠤᠯ ᠤᠨ ᠳᠡᠦᠬᠡ ᠶᠢᠨ ᠭᠡᠰᠡᠭ ᠢ ᠰᠤᠩᠭᠤᠨ ᠤᠷᠴᠢᠭᠤᠯᠤᠭᠠᠳ ︽ᠰᠢᠨ᠎ᠠ ᠮᠤᠩᠭᠤᠯ︾ ᠰᠡᠳᠬᠦᠯ  ᠳᠡᠭᠡᠷ᠎ᠡ ︽︿ᠶᠢᠷᠳᠢᠨᠴᠤ ᠶᠢᠨ ᠳᠡᠦᠬᠡ ᠶᠢᠨ ᠳᠤᠪᠴᠢ﹀ ᠶᠢᠨ ᠳᠤᠳᠤᠷ᠎ᠠ ᠠᠴᠠ ᠰᠤᠩᠭᠤᠨ ᠠᠪᠤᠭᠰᠠᠨ ᠮᠤᠩᠭᠤᠯ ᠤᠨ ᠳᠡᠦᠬᠡ︾ ᠭᠡᠬᠦ ᠭᠠᠷᠴᠠᠭ ᠢᠶᠠᠷ ᠨᠡᠶᠢᠳᠡᠯᠡᠬᠦᠯᠦᠨ  ᠬᠡᠪᠯᠡᠬᠦᠯᠵᠦ ᠪᠠᠶᠢᠵᠠᠢ᠃               ᠳᠡᠷᠨ ᠵᠤᠬᠢᠶᠠᠯ ᠤᠨ ᠢᠶᠠᠨ ᠬᠤᠶᠢᠨ᠎ᠠ ᠨᠢ ᠪᠢᠴᠢᠭᠰᠡᠨ ᠤᠷᠴᠢᠭᠤᠯᠤᠭᠴᠢ ᠶᠢᠨ ᠦᠬᠡᠨ ᠳᠡᠭᠡᠨ ︽ᠶᠡᠷᠦᠨᠢ ᠳᠡᠦᠬᠡ ᠶᠢ ᠨᠢᠬᠳᠠᠯᠠᠬᠤᠢ ᠳᠤᠷ ᠭᠡᠷᠬᠢᠪᠡᠴᠤ  ᠳᠤᠳᠠᠭᠳᠠᠪᠠᠰᠤ ᠦᠯᠦ ᠪᠤᠯᠬᠤ ᠶᠠᠭᠤᠮ᠎ᠠ ᠠᠨᠤ ᠳᠡᠷᠤᠢ ᠮᠠᠲ᠋ᠧᠷᠢᠶᠡᠯ ᠪᠤᠯᠠᠢ᠃ ᠡᠨᠡ ᠮᠤᠩᠭᠤᠯ ᠤᠨ ᠳᠡᠦᠬᠡᠨ᠎ᠡ ᠬᠠᠮᠢᠶᠠᠳᠠᠢ ᠮᠠᠲ᠋ᠧᠷᠢᠶᠡᠯ ᠠᠨᠤ ᠦᠪᠡᠷ ᠤᠨ ᠮᠤᠩᠭᠤᠯ  ᠤᠷᠤᠨ ᠳᠤ ᠠᠯᠢ ᠤᠯᠠᠨ ᠦᠯᠡᠳᠡᠵᠦ ᠪᠠᠶᠢᠬᠤ ᠤᠴᠢᠷ ᠲᠠᠢ ᠮᠠᠳᠤ ᠰᠠᠨᠠᠭᠳᠠᠬᠤ ᠪᠤᠯᠪᠠᠴᠤ ᠦᠨᠡᠨ ᠳᠡᠭᠡᠨ ᠴᠦᠬᠡᠨ ᠭᠡᠳᠤᠨ ᠵᠦᠢᠯ ᠢ ᠭᠠᠷᠭᠠᠪᠠᠰᠤ ᠳᠡᠮᠡᠢ ᠤᠯᠠᠨ  ᠤᠯᠳᠠᠳᠠᠭ ᠦᠭᠡᠢ ᠠᠮᠤᠢ᠃ ᠮᠤᠩᠭᠤᠯᠴᠤᠳ ᠦᠪᠡᠷ ᠲᠡᠭᠡᠨ ᠦᠪᠡᠷ ᠤᠨ ᠳᠡᠦᠬᠡ ᠪᠠᠨ ᠡᠰᠡ ᠨᠢᠬᠳᠠᠯᠠᠭᠰᠠᠨ ᠳᠤ ᠤᠯᠠᠨ ᠵᠦᠢᠯ ᠤᠨ ᠰᠢᠯᠳᠠᠭᠠᠨ ᠪᠠᠶᠢᠬᠤ ᠪᠤᠯᠪᠠᠴᠤ  ᠶᠡᠬᠡᠩᠬᠢ ᠨᠢ ᠴᠦᠮ ᠮᠠᠲ᠋ᠧᠷᠢᠶᠡᠯ ᠬᠤᠪᠤᠷ ᠠᠴᠠ ᠰᠢᠯᠳᠠᠭᠠᠯᠠᠭᠳᠠᠭᠰᠠᠨ ᠮᠠᠳᠤ ᠰᠠᠨᠠᠭᠳᠠᠮᠤᠢ᠃ ᠬᠤᠵᠢᠮ ᠠᠭᠤᠳᠠᠯᠤᠨ ᠡᠷᠢᠪᠡᠰᠤ ᠨᠡᠯᠢᠶᠡᠳ ᠠᠷᠪᠢᠨ ᠤᠯᠳᠠᠬᠤ ᠠᠨᠤ  ᠯᠠᠪᠳᠠᠢ ᠳᠤᠯᠨ ᠪᠠᠶᠢᠴᠠᠭᠠᠨ ᠴᠤᠭᠯᠠᠭᠤᠯᠪᠠᠰᠤ ᠵᠤᠬᠢᠮᠤᠢ︾᠃ ︽ᠡᠬᠦᠨ ᠤ ᠳᠤᠯᠨ ᠬᠠᠮᠤᠭ ᠤᠨ ᠤᠷᠢᠳᠠᠪᠠᠷ ᠦᠪᠡᠷ ᠤᠨ ᠮᠤᠩᠭᠤᠯ ᠤᠷᠤᠨ ᠳᠠᠭᠠᠨ ᠦᠯᠡᠳᠡᠵᠦ  ᠪᠦᠬᠦᠢ ᠮᠠᠲ᠋ᠧᠷᠢᠶᠡᠯ ᠤᠳ ᠢ ᠠᠭᠤᠳᠠᠯᠤᠨ ᠡᠷᠢᠵᠤ ᠴᠣᠭᠯᠠᠭᠤᠯᠬᠤᠢ ᠶᠢᠨ ᠬᠠᠮᠳᠤ ᠡᠨᠡ ᠬᠦᠷᠳᠡᠯ᠎ᠡ ᠭᠠᠳᠠᠭᠠᠳᠤ ᠤᠯᠤᠰ ᠤᠳ ᠲᠤ ᠨᠢᠬᠳᠠᠯᠠᠨ ᠭᠠᠷᠭᠠᠭᠰᠠᠨ ᠵᠦᠢᠯ  ᠪᠦᠷᠢ ᠶᠢᠨ ᠪᠢᠴᠢᠭ ᠰᠤᠳᠤᠷ ᠢ ᠴᠢᠳᠠᠬᠤ ᠶᠢᠨ ᠴᠢᠨᠡᠭᠡ ᠪᠠᠷ ᠴᠤᠭᠯᠠᠭᠤᠯᠬᠤ ᠭᠡᠷᠡᠭᠳᠡᠢ᠂ ᠡᠳᠡᠭᠡᠷ ᠮᠠᠲ᠋ᠧᠷᠢᠶᠡᠯ ᠢ ᠡᠬᠡ ᠪᠤᠯᠭᠠᠨ ᠦᠪᠡᠷ ᠤᠨ ᠳᠡᠦᠬᠡᠴᠢᠨ ᠡᠬᠦᠨ ᠢ  ᠳᠢᠭᠯᠡᠨ ᠰᠢᠰᠲ᠋ᠧᠮ ᠲᠠᠢ ᠪᠤᠯᠭᠠᠬᠤᠢ ᠳᠤ ᠬᠦᠷᠦᠬᠦᠯᠪᠠᠰᠤ ᠵᠤᠬᠢᠮᠤᠢ︾ ᠭᠡᠵᠦ ᠪᠢᠴᠢᠭᠰᠡᠨ ᠠᠵᠢ᠃               1942 ᠤᠨ ᠳᠤ ᠴᠠᠬᠠᠷ ᠤᠨ ᠰᠢᠯᠦᠭᠴᠢ ᠰᠠᠶᠢᠴᠤᠩᠭ᠎ᠠ ᠪᠤᠰᠤᠳ ᠲᠠᠢ ᠬᠠᠮᠳᠤᠷᠠᠵᠤ ︽ᠵᠢᠷᠦᠬᠡᠨ ᠤ ᠭᠡᠷᠡᠯ︾ ᠭᠡᠬᠦ ᠰᠤᠷᠭᠠᠯ ᠦᠭᠡᠰ ᠤᠨ ᠳᠡᠬᠦᠪᠤᠷᠢ ᠶᠢ  ᠤᠷᠴᠢᠭᠤᠯᠵᠤ ᠨᠠᠶᠢᠷᠠᠭᠤᠯᠪᠠ᠃ ᠳᠤᠰ ᠳᠡᠬᠦᠪᠤᠷᠢ ᠳᠤ ᠨᠠᠶᠢᠳᠠ ᠵᠠᠭᠤ ᠳᠠᠯᠠᠨ ᠵᠢᠷᠭᠤᠭᠠᠨ ᠪᠠᠳᠠᠭ ᠰᠤᠷᠭᠠᠯ ᠦᠬᠡ ᠶᠢ ᠳᠡᠬᠦᠪᠤᠷᠢᠯᠡᠨ ᠤᠷᠤᠭᠤᠯᠵᠠᠢ᠃ ᠡᠬᠦᠨ ᠳᠤ  ᠮᠤᠩᠭᠤᠯ ᠦᠨᠳᠤᠰᠤᠳᠠᠨ ᠤ ᠡᠷᠳᠡᠨ ᠤ ᠨᠡᠷ᠎ᠡ ᠴᠤᠤᠳᠤ ᠬᠦᠮᠦᠰ ᠴᠢᠩᠬᠢᠰ ᠬᠠᠭᠠᠨ᠂ ᠦᠭᠡᠳᠡᠢ ᠬᠠᠭᠠᠨ᠂ ᠴᠠᠭᠠᠳᠠᠢ ᠬᠠᠨ᠂ ᠪᠤᠭᠤᠷᠴᠢ᠂ ᠵᠠᠯᠮ᠎ᠠ᠂ ᠪᠤᠷᠤᠬᠤᠯ᠂  ᠢᠨᠵᠠᠨᠨᠠᠰᠢ᠂ ᠮᠡᠩᠬᠢᠳᠤ ᠰᠠᠴᠡᠨ ᠨᠡᠷ ᠤᠨ ᠰᠤᠷᠭᠠᠯ ᠦᠭᠡᠰ ᠪᠠᠶᠢᠬᠤ ᠪᠠᠷ ᠪᠠᠷᠠᠬᠤ ᠦᠭᠡᠢ ᠪᠠᠰᠠ ᠶᠠᠫᠤᠨ᠂ ᠠᠷᠠᠪ᠂ ᠠᠩᠭ᠍ᠯᠢ᠂ ᠪᠧᠯᠬᠢ᠂ ᠰᠸᠢᠰ᠂ ᠠᠮᠧᠷᠢᠺᠠ᠂  ᠤᠷᠤᠰ᠂ ᠹᠷᠠᠨᠼᠢ᠂ ᠭᠧᠷᠮᠡᠨ᠂ ᠰᠸᠧᠳᠧᠨ᠂ ᠷᠤᠮᠠ᠂ ᠡᠨᠡᠳᠭᠡᠭ᠂ ᠢᠲ᠋ᠠᠯᠢ᠂ ᠨᠤᠷᠸᠠᠢ ᠵᠡᠷᠬᠡ ᠭᠠᠳᠠᠭᠠᠳᠤ ᠤᠯᠤᠰ ᠤᠨ ᠨᠡᠷ᠎ᠡ ᠬᠦᠨᠳᠤᠳᠤ ᠬᠦᠮᠦᠰ ᠤᠨ ᠰᠤᠷᠭᠠᠯ  ᠦᠭᠡᠰ ᠢ ᠰᠤᠩᠭᠤᠨ ᠤᠷᠴᠢᠭᠤᠯᠵᠤ ᠳᠡᠬᠦᠪᠤᠷᠢᠯᠡᠭᠰᠡᠨ ᠪᠠᠶᠢᠨ᠎ᠠ᠃ ᠳᠤᠰ ᠳᠡᠬᠦᠪᠤᠷᠢ ᠶᠢ ᠨᠢ 1944 ᠤᠨ ᠳᠤ ᠴᠢᠭᠤᠯᠤᠯᠳᠤ ᠬᠠᠭᠠᠯᠭ᠎ᠠ ᠳᠠᠬᠢ ᠳᠡᠷᠢᠬᠦᠨ ᠨᠤᠶᠠᠨ ᠤ  ᠤᠷᠳᠤᠨ ᠤ ᠳᠡᠷᠤᠮᠠᠯ ᠤᠨ ᠭᠠᠵᠠᠷ ᠠᠴᠠ ᠬᠤᠷᠭᠤᠯᠵᠢᠨ ᠪᠠᠷ ᠢᠶᠠᠷ ᠭᠡᠪᠯᠡᠬᠦᠯᠦᠨ ᠳᠠᠷᠬᠠᠭᠠᠵᠠᠢ᠃               ᠡᠬᠦᠨ ᠠᠴᠠ ᠭᠠᠳᠠᠨ᠎ᠠ ᠪᠠᠰᠠ ᠡᠷᠳᠡᠮᠪᠠᠭᠠᠳᠤᠷ᠂ ᠳᠡᠴᠢᠨ ᠳᠤᠰ ᠳᠤᠰ ︽ᠳᠤᠯᠤᠭᠠᠢ ᠶᠢᠨ ᠰᠤᠪᠤᠳ ᠤᠨ ᠵᠡᠬᠦᠳᠡᠯ︾᠂ ︽ᠰᠠᠶᠢᠬᠠᠨ ᠦᠬᠢᠨ︾ ᠭᠡᠬᠦ ᠨᠤᠮ  ᠵᠤᠬᠢᠶᠠᠯ ᠢ ᠭᠠᠳᠠᠭᠠᠳᠤ ᠭᠡᠯᠡᠨ ᠠᠴᠠ ᠤᠷᠴᠢᠭᠤᠯᠤᠭᠰᠠᠨ ᠪᠠ ︽ᠶᠡᠭᠡ ᠬᠦᠬᠡ ᠳᠤᠭ︾ ᠰᠡᠳᠬᠦᠯ ᠤᠨ ᠨᠠᠶᠢᠷᠠᠭᠤᠯᠤᠨ ᠵᠤᠬᠢᠶᠠᠬᠤ ᠭᠡᠷ ᠠᠴᠠ ︽H2 ᠭᠡᠮᠡᠬᠦ  ᠨᠠᠷ᠎ᠠ ᠲᠠᠢ ᠳᠠᠩᠨᠠᠭᠤᠯ︾ ᠭᠡᠬᠦ ᠳᠠᠩᠨᠠᠨ ᠳᠤᠷᠰᠢᠬᠤ ᠰᠡᠳᠤᠪᠳᠤ ᠤᠷᠠᠨ ᠵᠤᠬᠢᠶᠠᠯ ᠤᠳ ᠢ ᠭᠠᠳᠠᠭᠠᠳᠤ ᠬᠡᠯᠡᠨ ᠠᠴᠠ ᠮᠤᠩᠭᠤᠯ ᠭᠡᠯᠡᠨ ᠳᠤ ᠤᠷᠴᠢᠭᠤᠯᠤᠯ᠎ᠠ ᠭᠡᠳᠡᠭ  ᠪᠦᠦᠷ ᠳᠦᠦᠷ ᠮᠡᠳᠡᠭᠡ ᠵᠠᠩᠬᠢ ᠪᠤᠢ᠃ ᠭᠡᠪᠠᠴᠤ ᠴᠤᠬᠤᠮ ᠶᠠᠮᠡᠷ ᠤᠯᠤᠰ ᠤᠨ ᠵᠤᠬᠢᠶᠠᠯ᠂ ᠵᠤᠬᠢᠶᠠᠭᠴᠢ ᠨᠢ ᠭᠡᠨ᠂ ᠶᠠᠮᠡᠷ ᠭᠡᠯᠨ ᠪᠠᠷ ᠪᠢᠴᠢᠭᠳᠡᠭᠰᠡᠨ ᠵᠡᠷᠬᠡ ᠨᠢ ᠪᠦᠷ  ᠳᠤᠳᠤᠷᠬᠠᠢ ᠪᠤᠰᠤ ᠪᠠᠶᠢᠨ᠎ᠠ᠃ ᠡᠬᠦᠨ ᠢ ᠬᠤᠵᠢᠮ ᠤᠯᠠᠮ ᠴᠠᠭᠠᠰᠢᠳᠠ ᠳᠤᠳᠤᠯᠠᠬᠤ ᠴᠢᠬᠤᠯᠠᠳᠠᠢ ᠪᠠᠶᠢᠨ᠎ᠠ᠃               ᠡᠳᠦᠭᠡ ᠪᠢ ᠡᠳᠡᠭᠡᠷ ᠤᠯᠠᠨ ᠤᠷᠴᠢᠭᠤᠯᠭ᠎ᠠ ᠶᠢᠨ ᠪᠦᠳᠦᠬᠡᠯ ᠤᠳ ᠢ ᠳᠠᠨᠢᠯᠴᠠᠭᠤᠯᠵᠤ ᠪᠠᠶᠢᠭ᠎ᠠ ᠨᠢ ᠮᠠᠨ ᠤ ᠮᠤᠩᠭᠤᠯ ᠦᠨᠳᠦᠰᠦᠳᠡᠨ ᠤ ᠰᠤᠳᠤᠨ  ᠬᠦᠪᠡᠬᠦᠳ ᠠᠯᠢ ᠡᠷᠳᠡ ᠠᠴᠠ ᠭᠠᠳᠠᠭᠠᠳᠤ ᠬᠡᠯᠡ ᠦᠰᠦᠭ ᠪᠢᠴᠢᠭ ᠢ ᠰᠤᠷᠴᠤ ᠡᠵᠡᠮᠰᠢᠵᠦ ᠪᠠᠶᠢᠭᠰᠠᠨ ᠪᠦᠬᠡᠳ ᠰᠤᠷᠤᠭᠰᠠᠨ ᠡᠷᠳᠡᠮ ᠢᠶᠠᠷ ᠢᠶᠠᠨ  ᠮᠤᠩᠭᠤᠯᠴᠤᠳ ᠲᠠᠭᠠᠨ ᠭᠠᠳᠠᠭᠠᠳᠤ ᠶᠢᠷᠳᠢᠨᠴᠦ ᠶᠢ ᠳᠠᠨᠢᠭᠤᠯᠵᠤ᠂ ᠨᠢᠳᠦ ᠤᠶᠤᠨ ᠢ ᠨᠢ ᠨᠡᠭᠡᠭᠡᠭᠳᠡᠬᠦᠯᠵᠦ᠂ ᠮᠤᠩᠭᠤᠯᠴᠤᠳ ᠤᠨ ᠢᠶᠠᠨ ᠰᠤᠶᠤᠯ ᠪᠤᠯᠪᠠᠰᠤᠨ ᠤ  ᠬᠦᠭᠵᠢᠯᠳᠡ ᠳᠤ ᠦᠵᠡᠬᠦᠯᠦᠭᠰᠠᠨ ᠪᠠᠯᠠᠷᠠᠰᠢ ᠦᠬᠡᠢ ᠭᠠᠪᠢᠶ᠎ᠠ ᠵᠢᠳᠬᠦᠯ ᠢ ᠨᠢ ᠳᠠᠨᠢᠯᠴᠠᠭᠤᠯᠬᠤ ᠭᠡᠰᠡᠨ ᠮᠢᠨᠢ ᠶᠠᠷᠢᠶᠠᠨ ᠦᠬᠡᠢ ᠶᠤᠮ᠃ ᠬᠡᠪᠡᠴᠦ ᠮᠢᠨᠦ ᠪᠤᠳᠤᠬᠤ ᠪᠠᠷ  ᠬᠠᠷ᠎ᠠ ᠪᠠᠭ᠎ᠠ ᠠᠴᠠ ᠪᠠᠨ ᠭᠠᠳᠠᠭᠠᠳᠤ ᠬᠡᠯᠡ ᠶᠢ ᠰᠤᠷᠴᠤ ᠡᠵᠡᠮᠰᠢᠭᠰᠡᠨ ᠦᠢ ᠤᠯᠠᠨ ᠤᠶᠤᠳᠠᠨ ᠵᠠᠯᠠᠭᠤᠴᠤᠳ ᠮᠡᠨᠢ ᠡᠨᠡ ᠳᠠᠨᠢᠯᠴᠠᠭᠤᠯᠭ᠎ᠠ ᠶᠢ ᠤᠡᠭᠰᠢᠪᠠᠯ ᠵᠢᠭᠠᠬᠠᠨ  ᠴᠤ ᠭᠡᠰᠡᠨ ᠰᠡᠩᠭᠡᠷᠡᠬᠦᠯᠤᠯ ᠤᠯᠵᠤ᠂ ᠬᠤᠵᠢᠮ ᠬᠤᠶᠢᠰᠢᠳᠠ ᠪᠢᠰᠢ ᠤᠳᠤ ᠠᠴᠠ ᠪᠠᠨ ᠡᠬᠢᠯᠡᠨ ᠮᠤᠩᠭᠤᠯ ᠦᠨᠳᠦᠰᠦᠳᠡᠨ ᠤ ᠪᠠᠨ ᠰᠤᠶᠤᠯ ᠭᠡᠭᠡᠷᠡᠯ ᠳᠤ᠂ ᠮᠤᠩᠭᠤᠯ  ᠦᠨᠳᠦᠰᠦᠳᠡᠨ ᠤ ᠪᠠᠨ ᠬᠦᠭᠵᠢᠯ᠂ ᠮᠦᠨ ᠴᠤ ᠪᠦᠬᠦ᠋ᠢᠯᠡ ᠳᠤᠮᠳᠠᠳᠤ ᠶᠢᠨ ᠦᠨᠳᠦᠰᠦᠳᠡᠨ ᠤ ᠬᠠᠮᠳᠤ ᠶᠢᠨ ᠬᠦᠭᠵᠢᠯ ᠳᠠᠪᠰᠢᠯ ᠳᠤ ᠪᠠᠭ᠎ᠠ ᠪᠤᠰᠤ ᠬᠤᠪᠢ ᠨᠡᠮᠡᠷᠢ  ᠦᠵᠡᠬᠦᠯᠦᠨ᠎ᠡ ᠭᠡᠳᠡᠭ ᠲᠤ ᠢᠳᠡᠭᠡᠨ ᠨᠠᠶᠢᠳᠠᠵᠤ ᠪᠠᠶᠢᠭ᠎ᠠ ᠮᠢᠨᠢ ᠭᠤᠤᠯ ᠰᠠᠨᠠᠭ᠎ᠠ ᠪᠤᠯᠤᠨ᠎ᠠ᠃               ᠨᠤᠮ ᠤᠨ ᠴᠠᠭᠠᠨ ᠪᠤᠶᠠᠨ ᠳᠡᠯᠭᠡᠷᠡᠬᠦ ᠪᠤᠯᠳᠤᠭᠠᠢ︕                                                                  ᠵᠣᠬᠢᠶᠠᠭᠴᠢ᠄ ᠲ᠊ · ᠬᠤᠷᠴᠠ 
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ​
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号