ᠰᠤᠷᠪᠤᠯᠵᠢᠯᠠᠨ ᠶᠠᠷᠢᠯᠴᠠᠬᠤ ᠴᠠᠭ᠄ 2024 ᠣᠨ ᠤ 2 ᠳ᠋ᠤᠭᠠᠷ ᠰᠠᠷ᠎ᠠ ᠶᠢᠨ 22 ᠤ ᠡᠳᠦᠷ | ᠰᠤᠷᠪᠤᠯᠵᠢᠯᠠᠭᠳᠠᠭᠴᠢ᠄ ᠬᠤᠲᠠ ᠶᠢᠨ ᠬᠢᠨᠠᠨ ᠪᠤᠳᠤᠬᠤ ᠲᠣᠪᠴᠢᠶᠠᠨ ᠤ ᠨᠠᠮ ᠤᠨ ᠤᠳᠤᠷᠢᠳᠬᠤ | ᠳᠤᠭᠤᠶᠢᠯᠠᠩ ᠤᠨ ᠱᠦᠵᠢ᠂ ᠲᠣᠪᠴᠢᠶᠠᠨ ᠳᠠᠷᠤᠭ᠎ᠠ ᠯᠢᠦ ᠴᠢᠩ ᠢ | ᠰᠤᠷᠪᠤᠯᠵᠢᠯᠠᠨ ᠶᠠᠷᠢᠯᠴᠠᠬᠤ ᠠᠭᠤᠯᠭ᠎ᠠ ᠶᠢᠨ ᠲᠤᠬᠠᠢ ᠲᠣᠪᠴᠢ ᠲᠠᠨᠢᠯᠴᠠᠭᠤᠯᠭ᠎ᠠ᠄ 2 ᠳ᠋ᠤᠭᠠᠷ ᠰᠠᠷ᠎ᠠ ᠶᠢᠨ | 22 ᠤ ᠡᠳᠦᠷ᠂ ᠪᠥᠬᠦ ᠬᠤᠲᠠ ᠶᠢᠨ ᠬᠢᠨᠠᠨ ᠪᠤᠳᠤᠬᠤ ᠠᠵᠢᠯ ᠤᠨ ᠬᠤᠷᠠᠯ ᠵᠢᠴᠢ ᠪᠥᠬᠦ ᠬᠤᠲᠠ ᠶᠢᠨ ᠬᠢᠨᠠᠨ | ᠪᠤᠳᠤᠬᠤ ᠪᠠᠶᠢᠭᠤᠯᠭ᠎ᠠ ᠶᠢᠨ ᠨᠠᠮ ᠤᠨ ᠰᠤᠷᠲᠠᠯ ᠴᠢᠬᠡᠴᠢ ᠵᠠᠰᠠᠭ ᠤᠨ ᠪᠦᠲᠦᠭᠡᠨ ᠪᠠᠶᠢᠭᠤᠯᠤᠯᠲᠠ ᠶᠢᠨ ᠠᠵᠢᠯ ᠤᠨ | ᠬᠤᠷᠠᠯ ᠢ ᠬᠤᠷᠠᠯᠳᠤᠭᠤᠯᠪᠠ᠃ ᠬᠤᠷᠠᠯ ᠠᠴᠠ ᠲᠥᠪ ᠬᠤᠷᠢᠶ᠎ᠠ᠂ ᠥᠪᠡᠷᠲᠡᠭᠡᠨ ᠵᠠᠰᠠᠬᠤ ᠣᠷᠣᠨ ᠪᠣᠯᠣᠨ ᠪᠦᠬᠦ | ᠬᠤᠳᠠ ᠶᠢᠨ ᠠᠵᠤ ᠠᠬᠤᠢ ᠶᠢᠨ ᠠᠵᠢᠯ ᠤᠨ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠵᠤ᠂ | ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠤᠨ ᠠᠵᠢᠯ ᠪᠣᠯᠣᠨ ᠬᠢᠨᠠᠨ ᠪᠤᠳᠤᠬᠤ ᠠᠵᠢᠯ ᠤᠨ ᠲᠤᠬᠠᠢ | ᠴᠢᠬᠤᠯᠠ ᠵᠢᠭᠠᠪᠤᠷᠢ ᠴᠣᠬᠤᠯᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠢ ᠣᠶᠢᠯᠠᠭᠠᠵᠤ᠂ ᠪᠦᠬᠦ ᠤᠯᠤᠰ᠂ ᠪᠦᠬᠦ | ᠣᠷᠣᠨ ᠤ ᠬᠢᠨᠠᠨ ᠪᠤᠳᠤᠬᠤ ᠠᠵᠢᠯ ᠤᠨ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ | 2023 ᠣᠨ ᠤ ᠠᠵᠢᠯ ᠢᠶᠠᠨ ᠳ᠋ᠦᠩᠨᠡᠵᠦ᠂ 2024 ᠣᠨ ᠤ ᠡᠭᠦᠷᠭᠡ ᠶᠢ ᠰᠤᠳᠤᠯᠤᠨ ᠪᠠᠶᠢᠷᠢᠯᠠᠭᠤᠯᠪᠠ᠃ | ᠬᠥᠲᠥᠯᠥᠭᠴᠢ᠄ 2023 ᠣᠨ ᠳᠤ᠂ ᠪᠥᠬᠦ ᠬᠤᠲᠠ ᠶᠢᠨ ᠬᠢᠨᠠᠨ ᠪᠤᠳᠤᠬᠤ ᠪᠠᠶᠢᠭᠤᠯᠭ᠎ᠠ ᠶᠠᠮᠠᠷ ᠶᠠᠮᠠᠷ | ᠠᠵᠢᠯ ᠢ ᠭᠤᠣᠯᠳᠠᠯᠭ᠎ᠠ ᠲᠠᠢ ᠥᠷᠨᠢᠭᠦᠯᠵᠦ᠂ ᠶᠠᠮᠠᠷ ᠶᠠᠮᠠᠷ ᠠᠮᠵᠢᠯᠲᠠ ᠣᠯᠣᠭᠰᠠᠨ ᠪᠣᠶ︖ | ᠰᠤᠷᠪᠤᠯᠵᠢᠯᠠᠭᠳᠠᠭᠴᠢ ᠯᠢᠦ ᠴᠢᠩ ᠢ᠄ 2023 ᠣᠨ ᠪᠣᠯ ᠬᠢᠨᠠᠨ ᠪᠣᠳᠣᠬᠤ ᠪᠠᠶᠢᠭᠤᠯᠭ᠎ᠠ | ᠪᠠᠶᠢᠭᠤᠯᠤᠭᠳᠠᠭᠰᠠᠨ ᠳᠥᠴᠢᠨ ᠵᠢᠯ ᠤᠨ ᠣᠢ ᠪᠣᠯᠣᠨ᠎ᠠ᠃ ᠪᠦᠬᠦ ᠬᠤᠲᠠ ᠶᠢᠨ ᠬᠤᠶᠠᠷ ᠱᠠᠲᠤᠨ ᠤ ᠬᠢᠨᠠᠨ ᠪᠤᠳᠤᠬᠤ | ᠪᠠᠶᠢᠭᠤᠯᠭ᠎ᠠ ᠬᠤᠲᠠ ᠶᠢᠨ ᠨᠠᠮ ᠤᠨ ᠬᠤᠷᠢᠶ᠎ᠠ᠂ ᠬᠤᠲᠠ ᠶᠢᠨ ᠵᠠᠰᠠᠭ ᠤᠨ ᠣᠷᠳᠣᠨ ᠪᠣᠯᠣᠨ ᠥᠪᠡᠷᠲᠡᠭᠡᠨ ᠵᠠᠰᠠᠬᠤ | ᠣᠷᠣᠨ ᠤ ᠬᠢᠨᠠᠨ ᠪᠤᠳᠤᠬᠤ ᠲᠢᠩᠬᠢᠮ ᠤᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠰᠢ ᠶᠢᠨ ᠫᠢᠩ ᠤᠨ ᠰᠢᠨ᠎ᠡ | ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ | ᠵᠢᠯᠣᠭᠤᠳᠤᠯᠭ᠎ᠠ ᠪᠣᠯᠭᠠᠵᠤ᠂ ᠠᠵᠤ ᠠᠬᠤᠢ ᠶᠢᠨ ᠬᠢᠨᠠᠯᠲᠠ ᠲᠠᠯᠪᠢᠬᠤ ᠳᠤ ᠰᠠᠭᠤᠷᠢᠯᠠᠨ᠂ ᠭᠤᠣᠯ ᠬᠠᠷᠢᠭᠤᠴᠠᠯᠭ᠎ᠠ | ᠭᠤᠣᠯ ᠠᠵᠢᠯ ᠳᠤ ᠠᠩᠬᠠᠷᠤᠯ ᠢᠶᠠᠨ ᠲᠥᠪᠯᠡᠷᠡᠭᠦᠯᠵᠦ᠂ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ | ᠨᠠᠶᠢᠳᠠᠪᠤᠷᠢᠵᠢᠭᠤᠯᠤᠯᠲᠠ ᠶᠢ ᠠᠬᠢᠭᠤᠯᠤᠨ ︽ᠨᠢᠭᠡ ᠠᠯᠪᠠᠨ ᠭᠡᠷ ᠤᠨ ᠦᠢᠯᠡᠳᠦᠯ︾ ᠢ ᠪᠠᠳᠠᠷᠠᠭᠤᠯᠵᠤ᠂ ︽ᠲᠠᠪᠤᠨ | ᠭᠤᠣᠯᠳᠠᠯᠭ᠎ᠠ︾ ᠶᠢ ᠴᠢᠩᠭ᠎ᠠ ᠠᠳᠬᠤᠨ᠂ ︽ᠭᠤᠷᠪᠠᠨ ᠵᠠᠩᠭᠢᠯᠠᠭ᠎ᠠ︾ ᠶᠢ ᠪᠣᠳᠠᠲᠠᠢ ᠠᠳᠬᠤᠵᠤ᠂ ︽ᠲᠠᠪᠤᠨ ᠶᠡᠭᠡ | ᠳᠡᠭᠡᠭᠰᠢᠯᠡᠯᠲᠡ ᠶᠢᠨ ᠠᠵᠢᠯᠯᠠᠭ᠎ᠠ︾ ᠶᠢᠨ ᠰᠡᠳᠬᠢᠮᠵᠢ ᠶᠢ ᠥᠷᠨᠢᠭᠦᠯᠵᠦ᠂ ᠭᠤᠣᠯᠳᠠᠯᠭ᠎ᠠ ᠶᠢᠨ ᠲᠣᠭᠤᠷᠢᠨ ᠳᠤ | ᠪᠠᠶᠢᠷᠢᠯᠠᠭᠤᠯᠤᠯᠲᠠ ᠬᠢᠵᠦ᠂ ᠭᠤᠣᠯᠳᠠᠯᠭ᠎ᠠ ᠶᠢ ᠴᠢᠩᠭ᠎ᠠ ᠠᠩᠬᠠᠷᠴᠤ᠂ ᠬᠢᠨᠠᠨ ᠪᠤᠳᠤᠬᠤ ᠶᠠᠰᠤ ᠴᠢᠨᠠᠷ ᠢ | ᠳᠡᠭᠡᠭᠰᠢᠯᠡᠭᠦᠯᠦᠨ ᠦᠷ᠎ᠡ ᠠᠰᠢᠭ ᠢ ᠨᠡᠮᠡᠭᠳᠡᠭᠦᠯᠬᠦ ᠶᠢ ᠬᠦᠴᠦᠲᠡᠢ ᠠᠬᠢᠭᠤᠯᠵᠤ᠂ ᠠᠵᠤ ᠠᠬᠤᠢ ᠨᠡᠶᠢᠭᠡᠮ ᠤᠨ ᠴᠢᠨᠠᠷ | ᠰᠠᠶᠢᠲᠠᠢ ᠬᠥᠭᠵᠢᠯᠲᠡ ᠳᠤ ᠬᠦᠴᠦᠲᠡᠢ ᠦᠢᠯᠡᠴᠢᠯᠡᠵᠦ ᠪᠠᠲᠤᠯᠠᠭ᠎ᠠ ᠬᠠᠩᠭᠠᠭᠰᠠᠨ ᠪᠠᠶᠢᠨ᠎ᠠ᠃ | ︵ᠨᠢᠭᠡ︶ ᠬᠢᠨᠠᠨ ᠪᠤᠳᠤᠬᠤ ᠠᠯᠪᠠᠨ ᠭᠡᠷ ᠤᠨ ᠲᠠᠪᠴᠠᠩ ᠤᠨ ᠦᠢᠯᠡᠳᠦᠯ ᠢ ᠢᠳᠡᠪᠬᠢᠲᠡᠢ ᠪᠠᠳᠠᠷᠠᠭᠤᠯᠵᠤ᠂ | ᠨᠠᠮ ᠤᠨ ᠤᠳᠤᠷᠢᠳᠤᠯᠭ᠎ᠠ ᠶᠢ ᠦᠨᠡᠨ ᠬᠦ ᠪᠣᠳᠠᠲᠠᠢ ᠳᠤ ᠨᠠᠶᠢᠳᠠᠪᠤᠷᠢᠵᠢᠭᠤᠯᠪᠠ᠃ ᠪᠢᠳᠡ ᠬᠢᠨᠠᠨ ᠪᠤᠳᠤᠬᠤ | ᠠᠵᠢᠯ ᠳᠠᠬᠢ ᠨᠠᠮ ᠤᠨ ᠤᠳᠤᠷᠢᠳᠤᠯᠭ᠎ᠠ ᠶᠢ ᠦᠨᠡᠨ ᠬᠦ ᠴᠢᠩᠭᠠᠳᠬᠠᠨ ᠰᠠᠶᠢᠵᠢᠷᠠᠭᠤᠯᠵᠤ᠂ ︽ᠬᠤᠶᠠᠷ ᠢ | ᠲᠣᠭᠲᠠᠭᠠᠭᠰᠠᠨ︾ ᠤ ᠰᠢᠢᠳᠪᠦᠷᠢᠯᠡᠭᠴᠢ ᠠᠴᠢ ᠬᠤᠯᠪᠣᠭᠳᠠᠯ ᠢ ᠭᠦᠨᠵᠡᠭᠡᠢ ᠣᠶᠢᠯᠠᠭᠠᠵᠤ᠂ ︽ᠬᠤᠶᠠᠷ ᠢ ᠬᠠᠮᠠᠭᠠᠯᠠᠬᠤ ︾ | ᠶᠢ ᠡᠷᠡᠰ ᠪᠡᠶᠡᠯᠡᠭᠦᠯᠵᠦ᠂ ᠡᠯ᠎ᠡ ᠵᠦᠢᠯ ᠤᠨ ᠪᠠᠶᠢᠷᠢᠯᠠᠭᠤᠯᠤᠯᠲᠠ ᠱᠠᠭᠠᠷᠳᠠᠯᠭ᠎ᠠ ᠶᠢ ᠲᠡᠷᠡ ᠶᠣᠰᠣᠭᠠᠷ ᠨᠢ | ᠨᠠᠶᠢᠳᠠᠪᠤᠷᠢᠵᠢᠭᠤᠯᠪᠠ᠃ | ᠨᠢᠭᠡ ᠳᠤ᠂ ᠤᠯᠤᠰ ᠲᠦᠷᠦ ᠶᠢᠨ ᠪᠦᠲᠦᠭᠡᠨ ᠪᠠᠶᠢᠭᠤᠯᠤᠯᠲᠠ ᠶᠢ ᠲᠣᠪᠤᠶᠢᠯᠭᠠᠨ ᠠᠳᠬᠤᠪᠠ᠃ ᠶᠡᠷᠦᠩᠬᠡᠢ | ᠱᠦᠵᠢ ᠰᠢ ᠶᠢᠨ ᠫᠢᠩ ᠤᠨ ᠴᠢᠬᠤᠯᠠ ᠶᠠᠷᠢᠶ᠎ᠠ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠢ | ᠰᠤᠷᠤᠯᠴᠠᠵᠤ᠂ ᠶᠡᠷᠦᠩᠬᠡᠢ ᠱᠦᠵᠢ ᠰᠢ ᠶᠢᠨ ᠫᠢᠩ ᠤᠨ ᠬᠤᠷᠢᠳᠤᠭᠠᠷ ᠬᠤᠭᠤᠴᠠᠭᠠᠨ ᠤ ᠲᠥᠪ ᠤᠨ ᠬᠢᠨᠠᠨ ᠪᠤᠳᠤᠬᠤ | ᠵᠥᠪᠯᠡᠯ ᠤᠨ ᠠᠩᠬᠠᠳᠤᠭᠠᠷ ᠬᠤᠷᠠᠯ ᠳᠡᠭᠡᠷᠡᠬᠢ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠪᠦᠬᠦ ᠲᠠᠯ᠎ᠠ ᠪᠠᠷ | ᠰᠤᠷᠤᠯᠴᠠᠵᠤ᠂ ᠬᠤᠶᠠᠷ ᠱᠠᠲᠤᠨ ᠤ ᠬᠢᠨᠠᠨ ᠪᠤᠳᠤᠬᠤ ᠪᠠᠶᠢᠭᠤᠯᠭ᠎ᠠ ᠶᠢ ᠵᠣᠬᠢᠶᠠᠨ ᠪᠠᠶᠢᠭᠤᠯᠤᠨ ᠲᠤᠰᠬᠠᠢ ᠰᠡᠳᠦᠪ ᠢᠶᠠᠷ | ᠰᠤᠳᠤᠯᠤᠨ ᠶᠠᠷᠢᠯᠴᠠᠵᠤ᠂ ᠲᠡᠭᠦᠨ ᠤ ᠪᠠᠶᠠᠯᠢᠭ ᠠᠭᠤᠯᠤᠭᠳᠠᠬᠤᠨ ᠪᠠ ᠦᠢᠯᠡᠳᠦᠯᠭᠡ ᠶᠢᠨ ᠱᠠᠭᠠᠷᠳᠠᠯᠭ᠎ᠠ ᠶᠢ ᠨᠡᠩ | ᠭᠦᠨᠵᠡᠭᠡᠢ ᠣᠶᠢᠯᠠᠭᠠᠵᠤ᠂ ᠡᠵᠡᠮᠰᠢᠪᠡ᠃ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠬᠢᠨᠠᠨ ᠪᠤᠳᠤᠬᠤ | ᠬᠤᠷᠢᠶ᠎ᠠ ᠶᠢᠨ ︽ᠰᠢᠨ᠎ᠡ ᠴᠠᠭ ᠦᠶ᠎ᠡ ᠶᠢᠨ ᠬᠢᠨᠠᠨ ᠪᠤᠳᠤᠬᠤ ᠠᠵᠢᠯ ᠤᠨ ᠴᠢᠨᠠᠷ ᠰᠠᠶᠢᠲᠠᠢ ᠬᠥᠭᠵᠢᠯᠲᠡ ᠶᠢ | ᠠᠬᠢᠭᠤᠯᠬᠤ ᠰᠠᠨᠠᠯ ᠤᠨ ᠠᠷᠭ᠎ᠠ ᠬᠡᠮᠵᠢᠶ᠎ᠡ ᠨᠦᠭᠦᠳ︾ ᠢ ᠬᠢᠨᠠᠮᠠᠭᠠᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ | ᠡᠭᠦᠷᠭᠡ ᠪᠠᠨ ᠨᠠᠷᠢᠯᠢᠭᠵᠢᠭᠤᠯᠤᠨ᠂ ᠠᠵᠢᠯ ᠤᠨ ᠬᠤᠪᠢᠶᠠᠷᠢᠯᠠᠯ ᠢᠶᠠᠨ ᠲᠣᠳᠣᠷᠬᠠᠶᠢᠯᠠᠵᠤ᠂ ᠥᠪᠡᠷᠲᠡᠭᠡᠨ ᠵᠠᠰᠠᠬᠤ | ᠣᠷᠣᠨ ᠤ 20 ᠵᠦᠢᠯ ᠤᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠨ ᠪᠣᠳᠠᠲᠠᠶᠢᠵᠢᠭᠤᠯᠬᠤ ᠶᠢ ᠦᠨᠡᠨ ᠬᠦ | ᠪᠠᠲᠤᠯᠠᠪᠠ᠃ | ᠬᠤᠶᠠᠷ ᠲᠤ᠂ ᠵᠢᠭᠠᠪᠤᠷᠢ ᠠᠪᠬᠤ ᠪᠠ ᠮᠡᠳᠡᠭᠦᠯᠦᠯᠲᠡ ᠬᠢᠬᠦ ᠶᠢ ᠵᠢᠷᠤᠮᠵᠢᠭᠤᠯᠪᠠ᠃ ︽ᠬᠤᠰᠢᠭᠤ ᠰᠢᠶᠠᠨ | ᠲᠣᠭᠤᠷᠢᠭ ᠤᠨ ᠨᠠᠮ ᠤᠨ ᠬᠤᠷᠢᠶᠠᠨ ᠤ ᠬᠢᠨᠠᠨ ᠪᠤᠳᠤᠬᠤ ᠵᠥᠪᠯᠡᠯ ᠤᠨ ᠴᠢᠬᠤᠯᠠ ᠶᠡᠭᠡ ᠤᠴᠢᠷ ᠶᠠᠪᠤᠳᠠᠯ ᠤᠨ ᠲᠤᠬᠠᠢ | ᠵᠢᠭᠠᠪᠤᠷᠢ ᠠᠪᠬᠤ ᠮᠡᠳᠡᠭᠦᠯᠦᠯᠲᠡ ᠶᠢᠨ ᠳᠦᠷᠢᠮ︾᠂ ︽ᠴᠢᠬᠤᠯᠠ ᠶᠡᠭᠡ ᠤᠴᠢᠷ ᠶᠠᠪᠤᠳᠠᠯ ᠤᠨ ᠲᠤᠬᠠᠢ ᠵᠢᠭᠠᠪᠤᠷᠢ | ᠠᠪᠬᠤ ᠮᠡᠳᠡᠭᠦᠯᠦᠯᠲᠡ ᠶᠢᠨ ᠨᠠᠷᠢᠨ ᠬᠠᠭᠤᠳᠠᠰᠤ︾᠂ ︽ᠴᠢᠬᠤᠯᠠ ᠠᠵᠢᠯ ᠤᠨ ᠪᠠᠶᠢᠳᠠᠯ ᠤᠨ ᠲᠤᠰᠬᠠᠢ | ᠮᠡᠳᠡᠭᠦᠯᠦᠯᠲᠡ ᠶᠢᠨ ᠳᠦᠷᠢᠮ︾ ᠳᠤ ᠵᠠᠰᠠᠪᠤᠷᠢ ᠣᠷᠣᠭᠤᠯᠪᠠ᠃ ᠴᠢᠬᠤᠯᠠ ᠶᠠᠪᠤᠳᠠᠯ ᠢ ᠭᠦᠢᠴᠡᠳᠬᠡᠬᠦ ᠳᠤ ᠡᠩ | ᠲᠡᠷᠢᠭᠦᠨ ᠳᠤ ᠬᠢᠨᠠᠨ ᠪᠤᠳᠤᠬᠤ ᠺᠣᠮᠢᠰ ᠲᠤ ᠮᠡᠳᠡᠭᠦᠯᠬᠦ ᠳᠦᠷᠢᠮ ᠢ ᠬᠡᠷᠡᠭᠵᠢᠭᠦᠯᠪᠡ᠃ ᠪᠥᠬᠦ ᠵᠢᠯ ᠳᠤ ᠬᠤᠲᠠ ᠶᠢᠨ | ᠨᠠᠮ ᠤᠨ ᠬᠤᠷᠢᠶ᠎ᠠ ᠶᠢᠨ ᠬᠢᠨᠠᠨ ᠪᠤᠳᠤᠬᠤ ᠵᠥᠪᠯᠡᠯ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ | ᠬᠢᠨᠠᠨ ᠪᠤᠳᠤᠬᠤ ᠬᠤᠷᠢᠶ᠎ᠠ ᠵᠢᠴᠢ ᠲᠡᠭᠦᠨ ᠤ ᠠᠯᠪᠠᠨ ᠭᠡᠷ ᠲᠤ ᠴᠢᠬᠤᠯᠠ ᠮᠡᠳᠡᠭᠦᠯᠦᠯᠲᠡ᠂ ᠴᠢᠬᠤᠯᠠ ᠵᠦᠢᠯᠡᠰ᠂ | ᠴᠢᠬᠤᠯᠠ ᠪᠠᠶᠢᠳᠠᠯ ᠢ 54 ᠬᠤᠪᠢ ᠮᠡᠳᠡᠭᠦᠯᠦᠨ ᠬᠦᠷᠭᠡᠵᠦ᠂ ᠮᠡᠳᠡᠭᠦᠯᠬᠦ ᠶᠣᠰᠣᠲᠠᠢ ᠶᠢ ᠨᠢ ᠴᠥᠮ ᠮᠡᠳᠡᠭᠦᠯᠵᠦ᠂ ᠪᠣᠢ | ᠪᠣᠯᠣᠮᠠᠭᠴᠠ ᠳᠠᠷᠤᠶᠢᠬᠠᠨ ᠮᠡᠳᠡᠭᠦᠯᠪᠡ᠃ ᠥᠪᠡᠷᠲᠡᠭᠡᠨ ᠵᠠᠰᠠᠬᠤ ᠣᠷᠣᠨ ᠤ ᠬᠢᠨᠠᠨ ᠪᠣᠳᠣᠬᠤ ᠲᠢᠩᠬᠢᠮ ᠤᠨ ᠲᠤᠰᠬᠠᠢ | ᠪᠠᠶᠢᠴᠠᠭᠠᠯᠲᠠ ᠶᠢ ᠭᠦᠢᠴᠡᠳ ᠨᠤᠲᠠᠯᠠᠵᠤ᠂ ᠪᠠᠶᠠᠨᠨᠠᠭᠤᠷ ᠬᠤᠲᠠ᠂ ᠬᠢᠩᠭᠠᠨ ᠠᠶᠢᠮᠠᠭ ᠵᠡᠷᠭᠡ ᠠᠬ᠎ᠠ ᠳᠡᠭᠦᠦ ᠠᠶᠢᠮᠠᠭ | ᠬᠤᠲᠠ ᠶᠢᠨ ᠬᠢᠨᠠᠨ ᠪᠣᠳᠣᠬᠤ ᠲᠣᠪᠴᠢᠶ᠎ᠠ ᠶᠢᠨ ᠬᠢᠨ ᠲᠣᠪᠴᠢᠶ᠎ᠠ ᠳᠤ ᠢᠷᠡᠵᠦ ᠰᠠᠨᠠᠯ ᠢᠶᠠᠨ ᠰᠣᠯᠢᠯᠴᠠᠪᠠ᠃ | ᠭᠤᠷᠪᠠ ᠳᠤ᠂ ᠶᠡᠷᠦᠩᠬᠡᠶᠢᠯᠡᠨ ᠵᠣᠬᠢᠴᠠᠭᠤᠯᠬᠤ ᠶᠢ ᠠᠳᠬᠤᠬᠤ ᠶᠢ ᠴᠢᠬᠤᠯᠠᠴᠢᠯᠠᠪᠠ᠃ ᠠᠷᠪᠠᠨ ᠭᠤᠷᠪᠠᠳᠤᠭᠠᠷ | ᠬᠤᠭᠤᠴᠠᠭᠠᠨ ᠤ ᠬᠤᠲᠠ ᠶᠢᠨ ᠨᠠᠮ ᠤᠨ ᠬᠤᠷᠢᠶᠠᠨ ᠤ ᠬᠢᠨᠠᠨ ᠪᠤᠳᠤᠬᠤ ᠵᠥᠪᠯᠡᠯ ᠤᠨ ᠳᠥᠷᠪᠡᠳᠦᠭᠡᠷ ᠬᠤᠷᠠᠯ ᠢ | ᠪᠡᠯᠡᠳᠬᠡᠨ ᠬᠤᠷᠠᠯᠳᠤᠭᠤᠯᠵᠤ᠂ ᠬᠤᠲᠠ ᠶᠢᠨ ᠨᠠᠮ ᠤᠨ ᠬᠤᠷᠢᠶᠠᠨ ᠤ ᠬᠢᠨᠠᠨ ᠪᠤᠳᠤᠬᠤ ᠵᠥᠪᠯᠡᠯ ᠤᠨ 2022 | ᠣᠨ ᠤ ᠠᠵᠢᠯ ᠤᠨ ᠪᠠᠶᠢᠳᠠᠯ᠂ 2021 ᠣᠨ ᠤ ᠬᠤᠲᠠ ᠶᠢᠨ ᠲᠣᠰ ᠱᠠᠲᠤᠨ ᠤ ᠲᠥᠰᠥᠪ ᠢ ᠬᠡᠷᠡᠭᠵᠢᠭᠦᠯᠦᠭᠰᠡᠨ ᠪᠠ | ᠪᠤᠰᠤᠳ ᠡᠳ᠋ ᠤᠨ ᠵᠠᠰᠠᠭ ᠤᠨ ᠣᠷᠣᠯᠭ᠎ᠠ ᠵᠠᠷᠤᠯᠭ᠎ᠠ ᠶᠢ ᠬᠢᠨᠠᠨ ᠪᠤᠳᠤᠵᠤ ᠪᠠᠶᠢᠴᠠᠭᠠᠨ ᠭᠠᠷᠭᠠᠭᠰᠠᠨ ᠠᠰᠠᠭᠤᠳᠠᠯ ᠢ | ᠴᠡᠭᠴᠡᠯᠡᠨ ᠰᠠᠶᠢᠵᠢᠷᠠᠭᠤᠯᠤᠭᠰᠠᠨ ᠪᠠᠶᠢᠳᠠᠯ ᠢ ᠬᠠᠷᠢᠭᠤ ᠮᠡᠳᠡᠭᠦᠯᠵᠦ᠂ ︽ᠬᠤᠲᠠ ᠶᠢᠨ ᠨᠠᠮ ᠤᠨ ᠬᠤᠷᠢᠶᠠᠨ ᠤ ᠬᠢᠨᠠᠨ | ᠪᠤᠳᠤᠬᠤ ᠵᠥᠪᠯᠡᠯ ᠤᠨ 2023 ᠣᠨ ᠤ ᠠᠵᠢᠯ ᠤᠨ ᠭᠤᠣᠯᠳᠠᠯᠭ᠎ᠠ︾᠂ ︽2023 ᠣᠨ ᠤ ᠬᠢᠨᠠᠨ ᠪᠤᠳᠤᠬᠤ | ᠲᠥᠷᠥᠯ ᠵᠦᠢᠯ ᠤᠨ ᠲᠥᠯᠥᠪᠯᠡᠭᠡ ︵ᠲᠥᠰᠥᠯ︶︾ ᠶᠢ ᠬᠢᠨᠠᠨ ᠵᠥᠪᠯᠡᠪᠡ᠃ ᠬᠤᠲᠠ ᠶᠢᠨ ᠨᠠᠮ ᠤᠨ ᠬᠤᠷᠢᠶᠠᠨ ᠤ | ᠬᠢᠨᠠᠨ ᠪᠤᠳᠤᠬᠤ ᠵᠥᠪᠯᠡᠯ ᠤᠨ ᠪᠦᠷᠢᠯᠳᠦᠭᠦᠨ ᠨᠢᠭᠡᠴᠢ ᠶᠢᠨ ᠵᠣᠬᠢᠴᠠᠭᠤᠯᠬᠤ ᠬᠤᠷᠠᠯ᠂ ᠬᠤᠲᠠ ᠶᠢᠨ ᠠᠵᠤ | ᠠᠬᠤᠢ ᠶᠢᠨ ᠬᠠᠷᠢᠭᠤᠴᠠᠯᠭ᠎ᠠ ᠶᠢᠨ ᠬᠢᠨᠠᠨ ᠪᠤᠳᠤᠬᠤ ᠠᠵᠢᠯ ᠤᠨ ᠬᠠᠮᠲᠤᠷᠠᠭᠰᠠᠨ ᠬᠤᠷᠠᠯ ᠢ ᠵᠣᠬᠢᠶᠠᠨ ᠪᠠᠶᠢᠭᠤᠯᠤᠨ | ᠬᠤᠷᠠᠯᠳᠤᠭᠤᠯᠵᠤ᠂ ᠠᠵᠢᠯ ᠤᠨ ᠪᠠᠶᠢᠳᠠᠯ ᠢᠶᠠᠨ ᠬᠠᠷᠢᠯᠴᠠᠨ ᠨᠡᠪᠲᠡᠷᠡᠯᠴᠡᠵᠦ᠂ ᠠᠵᠢᠯ ᠤᠨ ᠨᠠᠶᠢᠳᠠᠪᠤᠷᠢᠵᠢᠭᠤᠯᠤᠯᠲᠠ ᠶᠢ | ᠠᠬᠢᠭᠤᠯᠪᠠ᠃ ᠬᠤᠰᠢᠭᠤ ᠰᠢᠶᠠᠨ ᠲᠣᠭᠤᠷᠢᠭ ᠤᠨ ᠬᠢᠨᠠᠨ ᠪᠤᠳᠤᠬᠤ ᠪᠠᠶᠢᠭᠤᠯᠭ᠎ᠠ ᠶᠢᠨ ᠤᠳᠤᠷᠢᠳᠤᠯᠭ᠎ᠠ ᠶᠢ | ᠴᠢᠩᠭᠠᠳᠬᠠᠵᠤ᠂ ᠰᠢᠶᠠᠨ ᠤ ᠱᠠᠲᠤᠨ ᠤ ᠨᠠᠮ ᠤᠨ ᠬᠤᠷᠢᠶ᠎ᠠ ᠶᠢᠨ ᠬᠢᠨᠠᠨ ᠪᠤᠳᠤᠬᠤ ᠵᠥᠪᠯᠡᠯ ᠤᠨ ᠠᠯᠪᠠᠨ ᠭᠡᠷ ᠤᠨ | ᠨᠠᠷᠢᠨ ᠪᠢᠴᠢᠭ ᠤᠨ ᠪᠠᠶᠢᠭᠤᠯᠤᠮᠵᠢ ᠪᠠᠶᠢᠭᠤᠯᠬᠤ ᠶᠢ ᠠᠬᠢᠭᠤᠯᠵᠤ᠂ ᠬᠤᠰᠢᠭᠤ ᠰᠢᠶᠠᠨ ᠲᠣᠭᠤᠷᠢᠭ ᠤᠨ ᠬᠢᠨᠠᠨ | ᠪᠤᠳᠤᠬᠤ ᠪᠠᠶᠢᠭᠤᠯᠭ᠎ᠠ ᠶᠢᠨ ᠬᠡᠮᠵᠢᠶᠡᠵᠢᠭᠦᠯᠦᠨ ᠰᠢᠯᠭᠠᠨ ᠦᠨᠡᠯᠡᠬᠦ ᠠᠵᠢᠯ ᠢ ᠨᠠᠷᠢᠯᠢᠭᠵᠢᠭᠤᠯᠬᠤ ᠶᠢᠨ ᠬᠠᠮᠲᠤ ᠭᠤᠣᠯ | ᠬᠠᠷᠢᠭᠤᠴᠠᠯᠭᠠᠲᠠᠨ ᠤ ᠳᠡᠭᠡᠳᠦ ᠱᠠᠲᠤᠨ ᠳᠤ ᠲᠤᠰᠢᠶᠠᠯ ᠤᠨ ᠮᠡᠳᠡᠭᠦᠯᠦᠯᠲᠡ ᠬᠢᠬᠦ ᠳᠦᠷᠢᠮ ᠢ ᠪᠠᠶᠢᠭᠤᠯᠤᠨ | ᠲᠡᠭᠦᠯᠳᠡᠷᠵᠢᠭᠦᠯᠪᠡ᠃ | ︵ᠬᠤᠶᠠᠷ︶ ᠭᠤᠣᠯᠳᠠᠯᠭ᠎ᠠ ᠲᠠᠢ ᠬᠢᠨᠠᠨ ᠪᠣᠳᠣᠯᠲᠠ ᠶᠢ ᠢᠳᠡᠪᠬᠢᠲᠡᠢ ᠥᠷᠨᠢᠭᠦᠯᠵᠦ᠂ ᠬᠢᠨᠠᠯᠲᠠ ᠲᠠᠯᠪᠢᠬᠤ ᠶᠢ | ᠦᠨᠡᠨ ᠬᠦ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠳᠡᠭᠡᠷ᠎ᠡ ᠢᠯᠡᠷᠡᠭᠦᠯᠪᠡ᠃ ᠪᠢᠳᠡ ᠬᠢᠨᠠᠨ ᠪᠤᠳᠤᠬᠤ ᠡᠭᠦᠷᠭᠡ | ᠬᠠᠷᠢᠭᠤᠴᠠᠯᠭ᠎ᠠ ᠶᠢᠨ ᠪᠠᠶᠢᠷᠢ ᠲᠣᠭᠲᠠᠭᠠᠯᠲᠠ ᠶᠢ ᠣᠨᠣᠪᠴᠢᠲᠠᠶ ᠡᠵᠡᠮᠳᠡᠵᠦ᠂ ︽ᠨᠢᠭᠡ ᠰᠢᠨ᠎ᠡ ᠶᠢ ᠡᠭᠦᠳᠬᠦ᠂ | ᠭᠤᠷᠪᠠ ᠶᠢ ᠪᠡᠶᠡᠯᠡᠭᠦᠯᠬᠦ︾ ᠲᠥᠷᠥ ᠶᠢᠨ ᠪᠣᠳᠣᠯᠭ᠎ᠠ ᠶᠢᠨ ᠳᠡᠮᠵᠢᠯᠭᠡ᠂ ᠡᠳ᠋ ᠤᠨ ᠬᠦᠴᠦᠨ ᠤ ᠪᠠᠲᠤᠯᠠᠭ᠎ᠠ᠂ ᠲᠥᠷᠥᠯ | ᠵᠦᠢᠯ ᠤᠨ ᠲᠤᠯᠭᠠᠭᠤᠷᠢᠯᠠᠯ᠂ ᠬᠠᠷᠢᠭᠤᠴᠠᠯᠭ᠎ᠠ ᠶᠢᠨ ᠨᠠᠶᠢᠳᠠᠪᠤᠷᠢᠵᠢᠭᠤᠯᠤᠯᠲᠠ᠂ ᠴᠢᠬᠤᠯᠠ ᠲᠣᠬᠢᠷᠠᠭᠤᠯᠤᠯᠲᠠ ᠳᠤ | ᠠᠩᠬᠠᠷᠤᠯ ᠢᠶᠠᠨ ᠲᠥᠪᠯᠡᠷᠡᠭᠦᠯᠦᠨ ᠬᠠᠤᠯᠢ ᠶᠣᠰᠣᠭᠠᠷ ᠬᠢᠨᠠᠯᠲᠠ ᠲᠠᠯᠪᠢᠵᠤ᠂ ᠬᠤᠲᠠ ᠶᠢᠨ ᠲᠣᠰ ᠱᠠᠲᠤᠨ ᠳᠤ 54 | ᠬᠢᠨᠠᠨ ᠪᠤᠳᠤᠬᠤ ᠲᠥᠷᠥᠯ ᠵᠦᠢᠯ ᠢ ᠬᠡᠷᠡᠭᠵᠢᠭᠦᠯᠵᠦ᠂ ᠭᠤᠣᠯ ᠠᠰᠠᠭᠤᠳᠠᠯ ᠤᠨ 34.87 ᠳ᠋ᠦᠩᠰᠢᠭᠤᠷ | ᠲᠥᠭᠦᠷᠢᠭ ᠢ ᠪᠠᠶᠢᠴᠠᠭᠠᠨ ᠭᠠᠷᠭᠠᠵᠤ᠂ ᠣᠷᠣᠯᠭ᠎ᠠ ᠪᠠᠨ ᠨᠡᠮᠡᠭᠳᠡᠭᠦᠯᠦᠨ ᠵᠠᠷᠤᠯᠭ᠎ᠠ ᠶᠢ ᠠᠷᠪᠢᠯᠠᠬᠤ ᠪᠠ 12.27 | ᠳ᠋ᠦᠩᠰᠢᠭᠤᠷ ᠲᠥᠭᠦᠷᠢᠭ ᠤᠨ ᠬᠤᠬᠢᠷᠠᠯ ᠢ ᠡᠭᠡᠭᠦᠯᠦᠨ ᠠᠪᠴᠢᠷᠠᠬᠤ ᠶᠢ ᠠᠬᠢᠭᠤᠯᠪᠠ᠃ | ᠨᠢᠭᠡ ᠳᠤ᠂ ᠴᠢᠬᠤᠯᠠ ᠶᠡᠭᠡ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠨ ᠦᠷ᠎ᠡ ᠪᠦᠲᠦᠮᠵᠢ | ᠭᠠᠷᠭᠠᠬᠤ ᠶᠢ ᠠᠬᠢᠭᠤᠯᠪᠠ᠃ ᠤᠯᠤᠰ ᠤᠨ ᠴᠢᠬᠤᠯᠠ ᠪᠣᠯᠬᠤ ᠲᠠᠷᠢᠶᠠᠯᠠᠩ ᠮᠠᠯ ᠤᠨ ᠠᠰᠢᠭ ᠰᠢᠮ᠎ᠡ ᠶᠢᠨ | ᠪᠦᠲᠦᠭᠡᠭᠳᠡᠬᠦᠨ ᠤ ᠦᠢᠯᠡᠳᠪᠦᠷᠢᠯᠡᠯ ᠤᠨ ᠰᠠᠭᠤᠷᠢᠨ ᠭᠠᠵᠠᠷ ᠢ ᠪᠦᠲᠦᠭᠡᠨ ᠪᠠᠶᠢᠭᠤᠯᠬᠤ ᠪᠠᠷ ᠭᠤᠣᠯᠯᠠᠭᠤᠯᠤᠨ᠂ ︽ | ᠳᠡᠭᠡᠳᠦ ᠱᠠᠲᠤᠨ ᠤ ᠬᠢᠨᠠᠨ ᠪᠣᠳᠣᠯᠲᠠ ᠶᠢ ᠳᠣᠷᠣᠭᠰᠢ ᠪᠠᠭᠤᠯᠭᠠᠬᠤ︾ ᠪᠠ ︽ᠠᠳᠠᠯᠢ ᠱᠠᠲᠤᠨ ᠤ ᠬᠢᠨᠠᠯᠲᠠ︾ ᠶᠢ | ᠬᠠᠷᠢᠯᠴᠠᠨ ᠤᠶᠠᠯᠳᠤᠭᠤᠯᠬᠤ ᠠᠷᠭ᠎ᠠ ᠬᠡᠯᠪᠡᠷᠢ ᠶᠢ ᠠᠪᠴᠤ᠂ 3 ᠬᠢᠨᠠᠨ ᠪᠣᠳᠣᠯᠲᠠ ᠶᠢ ᠪᠠᠶᠢᠴᠠᠭᠠᠬᠤ ᠳᠤᠭᠤᠶᠢᠯᠠᠩ | ᠪᠠᠶᠢᠭᠤᠯᠵᠤ᠂ ᠵᠢᠤᠶᠤᠸᠠᠨ ᠲᠣᠭᠤᠷᠢᠭ᠂ ᠰᠢᠭᠤᠶᠢᠲᠤ ᠲᠣᠭᠤᠷᠢᠭ᠂ ᠲᠦᠮᠡᠳ ᠪᠠᠷᠠᠭᠤᠨ ᠬᠤᠰᠢᠭᠤ ᠵᠡᠷᠭᠡ 3 ᠬᠤᠰᠢᠭᠤ | ᠰᠢᠶᠠᠨ ᠲᠣᠭᠤᠷᠢᠭ ᠲᠤ ᠬᠢᠨᠠᠨ ᠪᠣᠳᠣᠯᠲᠠ ᠶᠢᠨ ᠪᠠᠶᠢᠴᠠᠭᠠᠯᠲᠠ ᠥᠷᠨᠢᠭᠦᠯᠵᠦ᠂ 6.5 ᠳ᠋ᠦᠩᠰᠢᠭᠤᠷ ᠲᠥᠭᠦᠷᠢᠭ ᠤᠨ | ᠪᠡᠯᠡ ᠮᠥᠩᠭᠦ ᠶᠢ ᠰᠤᠭᠤᠴᠢᠨ ᠪᠠᠶᠢᠴᠠᠭᠠᠵᠤ᠂ ᠡᠭᠦᠷᠭᠡ ᠶᠢ ᠨᠠᠶᠢᠳᠠᠪᠤᠷᠢᠵᠢᠭᠤᠯᠬᠤ᠂ ᠢᠨᠵᠧᠨᠧᠷᠢᠩ ᠤᠨ ᠪᠦᠲᠦᠭᠡᠨ | ᠪᠠᠶᠢᠭᠤᠯᠤᠯᠲᠠ᠂ ᠪᠡᠯᠡ ᠮᠥᠩᠭᠦ ᠶᠢ ᠬᠡᠷᠡᠭᠯᠡᠬᠦ ᠵᠡᠷᠭᠡ 10 ᠲᠠᠯ᠎ᠠ ᠶᠢᠨ 34 ᠠᠰᠠᠭᠤᠳᠠᠯ ᠢ ᠢᠯᠡᠷᠡᠭᠦᠯᠪᠡ᠃ ᠪᠣᠳᠠᠲᠤ | ᠴᠣᠭᠴᠠ ᠶᠢᠨ ᠠᠵᠤ ᠠᠬᠤᠢ ᠶᠢᠨ ᠬᠥᠭᠵᠢᠯᠲᠡ ᠶᠢᠨ ᠲᠣᠭᠤᠷᠢᠨ ᠳᠤ᠂ ︽ᠬᠢᠨᠠᠨ ᠪᠤᠳᠤᠬᠤ ᠪᠠᠶᠢᠭᠤᠯᠭ᠎ᠠ ᠶᠢᠨ ᠬᠢᠨᠠᠨ | ᠪᠤᠳᠤᠬᠤ ᠡᠭᠦᠷᠭᠡ ᠴᠢᠳᠠᠪᠤᠷᠢ ᠪᠠᠨ ᠪᠠᠳᠠᠷᠠᠭᠤᠯᠵᠤ ᠬᠤᠳᠠᠯᠳᠤᠭᠠᠨ ᠤ ᠣᠷᠴᠢᠨ ᠨᠥᠬᠦᠴᠡᠯ ᠢ ᠰᠢᠯᠢᠳᠡᠭᠵᠢᠭᠦᠯᠬᠦ ᠶᠢ | ᠠᠬᠢᠭᠤᠯᠬᠤ ᠠᠵᠢᠯ ᠤᠨ ᠠᠷᠭ᠎ᠠ ᠬᠡᠮᠵᠢᠶ᠎ᠡ︾ ᠶᠢ ᠲᠣᠭᠲᠠᠭᠠᠵᠤ᠂ 4 ᠵᠢᠯ ᠳᠠᠷᠠᠭᠠᠯᠠᠨ ᠬᠤᠳᠠᠯᠳᠤᠭᠠᠨ ᠤ ᠣᠷᠴᠢᠨ | ᠨᠥᠬᠦᠴᠡᠯ ᠢ ᠰᠢᠯᠢᠳᠡᠭᠵᠢᠭᠦᠯᠬᠦ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠭᠰᠠᠨ ᠪᠠᠶᠢᠳᠠᠯ ᠳᠤ ᠬᠢᠨᠠᠨ | ᠪᠣᠳᠣᠯᠲᠠ ᠬᠢᠵᠦ᠂ 7.9 ᠳ᠋ᠦᠩᠰᠢᠭᠤᠷ ᠲᠥᠭᠦᠷᠢᠭ ᠤᠨ ᠪᠡᠯᠡ ᠮᠥᠩᠭᠦ ᠶᠢ ᠰᠤᠭᠤᠴᠢᠨ ᠪᠠᠶᠢᠴᠠᠭᠠᠵᠤ᠂ ᠳᠡᠭᠡᠭᠰᠢ | ᠮᠡᠳᠡᠭᠦᠯᠦᠭᠰᠡᠨ ᠬᠢᠨᠠᠨ ᠪᠤᠳᠤᠭᠰᠠᠨ ᠮᠡᠳᠡᠭᠦᠯᠦᠯᠲᠡ ᠶᠢ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ | ᠬᠢᠨᠠᠨ ᠪᠤᠳᠤᠬᠤ ᠠᠯᠪᠠᠨ ᠭᠡᠷ ᠤᠨ ︽ᠴᠢᠬᠤᠯᠠ ᠬᠢᠨᠠᠨ ᠪᠤᠳᠤᠬᠤ ᠪᠠᠶᠢᠳᠠᠯ ᠤᠨ ᠲᠣᠪᠴᠢ ᠮᠡᠳᠡᠭᠡ︾ ᠳᠤ | ᠬᠤᠷᠢᠶᠠᠩᠭᠤᠶᠢᠯᠠᠵᠤ᠂ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠭᠤᠣᠯ ᠤᠳᠤᠷᠢᠳᠤᠯᠭ᠎ᠠ ᠶᠢᠨ | ᠴᠣᠬᠤᠯᠠᠪᠤᠷᠢ ᠶᠢ ᠣᠯᠵᠤ᠂ ᠬᠤᠯᠪᠣᠭᠳᠠᠯ ᠪᠦᠬᠦᠢ ᠲᠥᠷᠥ ᠶᠢᠨ ᠪᠣᠳᠣᠯᠭ᠎ᠠ ᠶᠢᠨ ᠪᠡᠯᠡ ᠮᠥᠩᠭᠦ ᠶᠢ | ᠨᠠᠶᠢᠳᠠᠪᠤᠷᠢᠵᠢᠭᠤᠯᠤᠨ ᠦᠷ᠎ᠡ ᠪᠦᠲᠦᠮᠵᠢ ᠣᠯᠬᠤ ᠶᠢ ᠪᠦᠲᠦᠮᠵᠢᠲᠡᠶ ᠠᠬᠢᠭᠤᠯᠵᠤ᠂ ︽ᠲᠠᠨ ᠳᠤ ᠬᠠᠨᠤᠮᠵᠢᠲᠠᠢ ᠪᠠᠶᠢᠬᠤ︾ | ᠬᠤᠳᠠᠯᠳᠤᠭᠠᠨ ᠤ ᠣᠷᠴᠢᠨ ᠨᠥᠬᠦᠴᠡᠯ ᠤᠨ ᠪᠦᠲᠦᠭᠡᠨ ᠪᠠᠶᠢᠭᠤᠯᠤᠯᠲᠠ ᠳᠤ ᠬᠦᠴᠦᠨ ᠨᠡᠮᠡᠷᠢᠯᠡᠪᠡ᠃ ᠠᠵᠤ | ᠠᠬᠤᠢ ᠶᠢᠨ ᠲᠣᠭᠲᠠᠭᠤᠨ ᠪᠠᠶᠢᠬᠤ ᠰᠠᠭᠤᠷᠢ ᠶᠢ ᠪᠠᠬᠢᠵᠢᠭᠦᠯᠬᠦ᠂ ᠪᠦᠲᠦᠮᠵᠢᠲᠡᠶ ᠬᠡᠷᠡᠭᠴᠡᠭᠡ ᠱᠠᠭᠠᠷᠳᠠᠯᠭ᠎ᠠ ᠶᠢ | ᠥᠷᠭᠡᠳᠬᠡᠬᠦ ᠶᠢᠨ ᠲᠣᠭᠤᠷᠢᠨ ᠳᠤ᠂ ᠠᠵᠤ ᠠᠬᠤᠢ ᠶᠢ ᠲᠣᠭᠲᠠᠪᠤᠷᠢᠵᠢᠭᠤᠯᠬᠤ ᠠᠯᠢ ᠣᠯᠠᠨ ᠲᠥᠷᠥ ᠶᠢᠨ ᠪᠣᠳᠣᠯᠭ᠎ᠠ | ᠪᠠ ᠵᠠᠯᠭᠠᠮᠵᠢ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠭᠰᠠᠨ ᠪᠠᠶᠢᠳᠠᠯ ᠳᠤ ᠬᠢᠨᠠᠨ | ᠪᠣᠳᠣᠯᠲᠠ ᠬᠢᠵᠦ᠂ 3 ᠳ᠋ᠦᠩᠰᠢᠭᠤᠷ ᠲᠥᠭᠦᠷᠢᠭ ᠤᠨ ᠪᠡᠯᠡ ᠮᠥᠩᠭᠦ ᠶᠢ ᠰᠤᠭᠤᠴᠢᠨ ᠪᠠᠶᠢᠴᠠᠭᠠᠵᠤ᠂ ᠡᠳ᠋ ᠤᠨ | ᠵᠠᠰᠠᠭ ᠤᠨ ᠪᠡᠯᠡ ᠮᠥᠩᠭᠦ ᠶᠢ 1203 ᠲᠦᠮᠡᠨ ᠲᠥᠭᠦᠷᠢᠭ ᠰᠢᠯᠵᠢᠭᠦᠯᠦᠨ ᠥᠭᠬᠦ ᠶᠢ ᠲᠦᠷᠭᠡᠳᠬᠡᠬᠦ ᠶᠢ | ᠠᠬᠢᠭᠤᠯᠵᠤ᠂ ᠭᠡᠷ ᠤᠨ ᠲᠦᠷᠢᠶᠡᠰᠦ ᠶᠢ ᠬᠠᠰᠤᠵᠤ ᠬᠡᠯᠲᠦᠷᠢᠭᠦᠯᠬᠦ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠬᠤ᠂ | ᠬᠤᠷᠰᠢᠮᠠᠯ ᠬᠤᠳᠠᠯᠳᠤᠭᠠᠴᠢᠨ ᠠᠵᠢᠯᠯᠠᠭ᠎ᠠ ᠶᠢᠨ ᠪᠡᠯᠡ ᠮᠥᠩᠭᠦ ᠶᠢ ᠴᠠᠭ ᠲᠤᠬᠠᠢ ᠳᠤ ᠨᠢ ᠲᠣᠬᠢᠷᠠᠭᠤᠯᠬᠤ᠂ ᠭᠡᠷ ᠤᠨ | ᠴᠠᠬᠢᠯᠭᠠᠨ ᠬᠡᠷᠡᠭᠰᠡᠯ ᠤᠨ ᠠᠵᠤ ᠠᠬᠤᠶᠢᠯᠠᠯ ᠤᠨ ᠲᠣᠭᠲᠠᠭᠠᠯ ᠳᠤ ᠨᠡᠶᠢᠴᠡᠬᠦ ᠦᠭᠡᠢ ᠨᠥᠬᠦᠪᠦᠷᠢ ᠶᠢ ᠢᠯᠭᠠᠷᠠᠭᠤᠯᠤᠨ | ᠪᠤᠴᠠᠭᠠᠬᠤ ᠵᠡᠷᠭᠡ ᠠᠰᠠᠭᠤᠳᠠᠯ ᠢ ᠴᠡᠭᠴᠡᠯᠡᠨ ᠰᠠᠶᠢᠵᠢᠷᠠᠭᠤᠯᠬᠤ ᠶᠢ ᠠᠬᠢᠭᠤᠯᠪᠠ᠃ | ᠬᠤᠶᠠᠷ ᠲᠤ᠂ ᠡᠳ᠋ ᠤᠨ ᠵᠠᠰᠠᠭ ᠤᠨ ᠪᠡᠯᠡ ᠮᠥᠩᠭᠦ ᠶᠢᠨ ᠬᠡᠷᠡᠭᠯᠡᠯᠲᠡ ᠶᠢᠨ ᠦᠷ᠎ᠡ ᠠᠰᠢᠭ ᠢ ᠨᠡᠮᠡᠭᠳᠡᠭᠦᠯᠬᠦ ᠶᠢ | ᠠᠬᠢᠭᠤᠯᠪᠠ᠃ ᠬᠤᠲᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ | ᠬᠢᠨᠠᠨ ᠵᠥᠪᠯᠡᠭᠰᠡᠨ ᠰᠠᠨᠠᠯ ᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠤ᠂ ᠬᠤᠲᠠ ᠶᠢᠨ ᠲᠣᠰ ᠱᠠᠲᠤᠨ ᠤ 2022 | ᠣᠨ ᠤ ᠲᠥᠰᠥᠪ ᠤᠨ ᠬᠡᠷᠡᠭᠵᠢᠭᠦᠯᠦᠯᠲᠡ ᠪᠠ ᠪᠤᠰᠤᠳ ᠡᠳ᠋ ᠤᠨ ᠵᠠᠰᠠᠭ ᠤᠨ ᠣᠷᠣᠯᠭ᠎ᠠ ᠵᠠᠷᠤᠯᠭ᠎ᠠ ᠶᠢᠨ ᠪᠠᠶᠢᠳᠠᠯ ᠳᠤ | ᠬᠢᠨᠠᠨ ᠪᠣᠳᠣᠯᠲᠠ ᠬᠢᠵᠦ᠂ 1.16 ᠳ᠋ᠦᠩᠰᠢᠭᠤᠷ ᠲᠥᠭᠦᠷᠢᠭ ᠤᠨ ᠪᠡᠯᠡ ᠮᠥᠩᠭᠦ ᠶᠢ ᠲᠦᠷᠭᠡᠨ ᠥᠭᠬᠦ ᠶᠢ | ᠠᠬᠢᠭᠤᠯᠵᠤ᠂ ᠰᠠᠯᠠᠭ᠎ᠠ ᠮᠥᠴᠢᠷ ᠤᠨ ᠲᠤᠰᠬᠠᠢ ᠲᠥᠷᠥᠯ ᠤᠨ ᠦᠯᠡᠳᠡᠪᠦᠷᠢ ᠪᠡᠯᠡ ᠮᠥᠩᠭᠦ ᠶᠢ ᠡᠳ᠋ ᠤᠨ ᠵᠠᠰᠠᠭ ᠲᠤ | 1.33 ᠳ᠋ᠦᠩᠰᠢᠭᠤᠷ ᠲᠥᠭᠦᠷᠢᠭ ᠲᠤᠰᠢᠶᠠᠬᠤ ᠶᠢ ᠠᠬᠢᠭᠤᠯᠪᠠ᠃ ᠬᠤᠲᠠ ᠶᠢᠨ ᠰᠤᠷᠭᠠᠨ ᠬᠥᠮᠦᠵᠢᠯ ᠤᠨ | ᠲᠣᠪᠴᠢᠶ᠎ᠠ᠂ ᠬᠠᠤᠯᠢ ᠴᠠᠭᠠᠵᠠ ᠶᠢᠨ ᠲᠣᠪᠴᠢᠶ᠎ᠠ᠂ ᠪᠡᠶ᠎ᠡ ᠶᠢᠨ ᠲᠠᠮᠢᠷ ᠤᠨ ᠲᠣᠪᠴᠢᠶ᠎ᠠ᠂ ᠲᠠᠩᠰᠠ ᠡᠪᠬᠡᠮᠡᠯ ᠤᠨ | ᠣᠷᠳᠣᠨ ᠵᠡᠷᠭᠡ 4 ᠰᠠᠯᠠᠭ᠎ᠠ ᠮᠥᠴᠢᠷ ᠤᠨ 2022 ᠣᠨ ᠤ ᠲᠥᠰᠥᠪ ᠢ ᠬᠡᠷᠡᠭᠵᠢᠭᠦᠯᠦᠭᠰᠡᠨ ᠪᠠ ᠪᠤᠰᠤᠳ ᠡᠳ᠋ ᠤᠨ | ᠵᠠᠰᠠᠭ ᠤᠨ ᠣᠷᠣᠯᠭ᠎ᠠ ᠵᠠᠷᠤᠯᠭ᠎ᠠ ᠶᠢᠨ ᠪᠠᠶᠢᠳᠠᠯ ᠳᠤ ᠬᠢᠨᠠᠨ ᠪᠣᠳᠣᠯᠲᠠ ᠬᠢᠵᠦ᠂ ᠪᠡᠯᠡ ᠮᠥᠩᠭᠦ ᠶᠢ ᠬᠤᠪᠢᠶᠠᠷᠢᠯᠠᠬᠤ᠂ | ᠰᠠᠯᠭᠠᠨ ᠥᠭᠬᠦ᠂ ᠬᠡᠷᠡᠭᠯᠡᠬᠦ ᠬᠦᠴᠦᠨ ᠴᠢᠳᠠᠪᠤᠷᠢ ᠥᠨᠳᠥᠷ ᠪᠤᠰᠤ ᠪᠠᠶᠢᠬᠤ ᠠᠰᠠᠭᠤᠳᠠᠯ ᠢ ᠲᠤᠰᠬᠠᠵᠤ᠂ ᠴᠡᠭᠴᠡᠯᠡᠨ | ᠰᠠᠶᠢᠵᠢᠷᠠᠭᠤᠯᠬᠤ ᠶᠢ ᠪᠡᠶᠡᠯᠡᠭᠦᠯᠦᠭᠰᠡᠨ ᠵᠣᠭᠤᠰ ᠤᠨ ᠲᠤᠭ᠎ᠠ 1.24 ᠳ᠋ᠦᠩᠰᠢᠭᠤᠷ ᠲᠥᠭᠦᠷᠢᠭ ᠪᠠᠶᠢᠵᠤ᠂ 5 | ᠵᠦᠢᠯ ᠤᠨ ᠳᠦᠷᠢᠮ ᠤᠨ ᠠᠷᠭ᠎ᠠ ᠬᠡᠮᠵᠢᠶ᠎ᠡ ᠶᠢ ᠲᠡᠭᠦᠯᠳᠡᠷᠵᠢᠭᠦᠯᠬᠦ ᠶᠢ ᠠᠬᠢᠭᠤᠯᠪᠠ᠃ ᠬᠤᠲᠠ ᠶᠢᠨ ᠵᠠᠰᠠᠭ ᠤᠨ | ᠣᠷᠳᠣᠨ ᠢ ᠣᠷᠣᠯᠠᠨ ᠬᠤᠲᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ | ᠬᠤᠷᠢᠶ᠎ᠠ ᠳᠤ ᠨᠢᠳᠤᠨᠤᠨ ᠤ 7 ᠳ᠋ᠤᠭᠠᠷ ᠰᠠᠷ᠎ᠠ ᠠᠴᠠ ᠡᠨᠡ ᠵᠢᠯ ᠤᠨ 7 ᠳ᠋ᠤᠭᠠᠷ ᠰᠠᠷ᠎ᠠ ᠪᠣᠯᠲᠠᠯ᠎ᠠ ᠨᠡᠶᠢᠲᠡ 29 | ᠲᠥᠷᠥᠯ ᠵᠦᠢᠯ ᠤᠨ ᠬᠢᠨᠠᠨ ᠪᠣᠳᠣᠯᠲᠠ ᠶᠢᠨ ᠦᠷ᠎ᠡ ᠳ᠋ᠦᠩ ᠢ ᠮᠡᠳᠡᠭᠦᠯᠵᠦ᠂ 64 ᠵᠦᠢᠯ ᠤᠨ 154 ᠬᠤᠪᠢ | ᠪᠣᠳᠠᠲᠠᠢ ᠠᠰᠠᠭᠤᠳᠠᠯ ᠢ ᠲᠤᠰᠬᠠᠵᠤ᠂ ᠬᠤᠲᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶ᠎ᠠ ᠬᠢᠨᠠᠨ ᠪᠣᠳᠣᠯᠲᠠ ᠶᠢᠨ ᠠᠵᠢᠯ ᠤᠨ ᠮᠡᠳᠡᠭᠦᠯᠦᠯᠲᠡ ᠶᠢ ᠳᠡᠭᠡᠳᠦ ᠬᠡᠮᠵᠢᠶ᠎ᠡ ᠪᠠᠷ ᠦᠨᠡᠯᠡᠵᠦ᠂ | ᠮᠡᠳᠡᠭᠦᠯᠦᠯᠲᠡ ᠶᠢᠨ ᠠᠭᠤᠯᠭ᠎ᠠ ᠶᠢ ᠪᠥᠬᠦ ᠲᠠᠯ᠎ᠠ ᠪᠠᠷ ᠳᠡᠭᠡᠭᠰᠢᠯᠡᠭᠦᠯᠵᠦ᠂ ᠬᠢᠨᠠᠨ ᠪᠣᠳᠣᠯᠲᠠ ᠶᠢᠨ ᠶᠠᠰᠤ ᠴᠢᠨᠠᠷ | ᠢᠯᠡᠳᠲᠡ ᠳᠡᠭᠡᠭᠰᠢᠯᠡᠵᠦ᠂ ᠪᠠᠲᠤᠯᠠᠭᠰᠠᠨ ᠦᠷ᠎ᠡ ᠳ᠋ᠦᠩ ᠢ ︽ᠬᠠᠨᠤᠮᠵᠢᠲᠠᠶ︾ ᠭᠡᠵᠦ ᠦᠵᠡᠪᠡ᠃ ᠭᠦᠶᠠᠩ ᠰᠢᠶᠠᠨ ᠤ | ᠡᠳ᠋ ᠤᠨ ᠵᠠᠰᠠᠭ ᠤᠨ ᠲᠥᠰᠥᠪ ᠤᠨ ᠭᠦᠢᠴᠡᠳᠬᠡᠯ ᠪᠠ ᠪᠤᠰᠤᠳ ᠡᠳ᠋ ᠤᠨ ᠵᠠᠰᠠᠭ ᠤᠨ ᠣᠷᠣᠯᠭ᠎ᠠ ᠵᠠᠷᠤᠯᠭ᠎ᠠ ᠶᠢᠨ | ᠪᠠᠶᠢᠳᠠᠯ ᠳᠤ ᠬᠢᠨᠠᠨ ᠪᠣᠳᠣᠯᠲᠠ ᠬᠢᠵᠦ᠂ 3 ᠲᠣᠮᠣ ᠲᠥᠷᠥᠯ ᠤᠨ 34 ᠵᠦᠢᠯ ᠤᠨ ᠠᠰᠠᠭᠤᠳᠠᠯ ᠢ ᠢᠯᠡᠷᠡᠭᠦᠯᠵᠦ᠂ | 8723 ᠲᠦᠮᠡᠨ ᠲᠥᠭᠦᠷᠢᠭ ᠤᠨ ᠦᠯᠡᠳᠡᠭᠡᠯ ᠪᠡᠯᠡ ᠮᠥᠩᠭᠦ ᠶᠢ ᠢᠯᠭᠠᠷᠠᠭᠤᠯᠤᠨ ᠴᠡᠪᠡᠷᠯᠡᠵᠦ ᠠᠮᠢᠳᠤᠯᠢᠭ | ᠪᠣᠯᠭᠠᠬᠤ ᠶᠢ ᠰᠢᠪᠠᠳᠠᠨ ᠱᠠᠭᠠᠷᠳᠠᠵᠤ᠂ ᠤᠯᠤᠰ ᠤᠨ ᠥᠮᠴᠢᠯᠡᠯ ᠤᠨ ᠡᠳ᠋ ᠬᠥᠷᠥᠩᠭᠡ ᠵᠢᠴᠢ ᠲᠤᠰᠬᠠᠢ ᠪᠡᠯᠡ | ᠮᠥᠩᠭᠦ ᠶᠢᠨ ᠬᠤᠪᠢᠶᠠᠷᠢᠯᠠᠯᠲᠠ ᠶᠢᠨ ᠳᠦᠷᠢᠮ ᠢ ᠠᠬᠢᠭᠤᠯᠤᠨ ᠲᠡᠭᠦᠯᠳᠡᠷᠵᠢᠭᠦᠯᠪᠡ᠃ | ᠭᠤᠷᠪᠠ ᠳᠤ᠂ ᠵᠠᠰᠠᠭ ᠤᠨ ᠣᠷᠳᠣᠨ ᠤ ᠪᠡᠯᠡ ᠣᠷᠣᠭᠤᠯᠤᠯᠲᠠ ᠶᠢᠨ ᠲᠥᠷᠥᠯ ᠵᠦᠢᠯ ᠤᠨ ᠶᠠᠰᠤ ᠴᠢᠨᠠᠷ ᠢ | ᠳᠡᠭᠡᠭᠰᠢᠯᠡᠭᠦᠯᠬᠦ ᠶᠢ ᠠᠬᠢᠭᠤᠯᠪᠠ᠃ ︽ᠵᠠᠰᠠᠭ ᠤᠨ ᠣᠷᠳᠣᠨ ᠤ ᠪᠡᠯᠡ ᠣᠷᠣᠭᠤᠯᠤᠯᠲᠠ ᠶᠢᠨ ᠲᠥᠷᠥᠯ ᠵᠦᠢᠯ ᠤᠨ | ᠬᠢᠨᠠᠨ ᠪᠣᠳᠣᠯᠲᠠ ᠶᠢᠨ ᠬᠢᠨᠠᠯᠲᠠ ᠲᠠᠯᠪᠢᠬᠤ ᠬᠡᠷᠡᠭᠵᠢᠭᠦᠯᠬᠦ ᠠᠷᠭ᠎ᠠ︾ ᠶᠢ ᠲᠣᠭᠲᠠᠭᠠᠵᠤ᠂ ᠬᠢᠨᠠᠨ ᠪᠣᠳᠣᠯᠲᠠ ᠶᠢᠨ | ᠬᠠᠮᠤᠷᠬᠤ ᠬᠡᠪᠴᠢᠶ᠎ᠡ ᠶᠢ ᠥᠷᠭᠡᠳᠬᠡᠵᠦ᠂ ᠶᠠᠪᠤᠴᠠ ᠳᠤ ᠬᠢᠨᠠᠯᠲᠠ ᠲᠠᠯᠪᠢᠬᠤ ᠶᠢ ᠴᠢᠬᠤᠯᠠᠴᠢᠯᠠᠵᠤ᠂ ᠪᠠᠷᠢᠯᠭ᠎ᠠ | ᠳᠠᠭᠤᠰᠤᠭᠰᠠᠨ ᠲᠥᠰᠥᠪ ᠤᠨ ᠭᠦᠢᠴᠡᠳᠬᠡᠯ ᠢ ᠬᠢᠨᠠᠨ ᠪᠣᠳᠣᠬᠤ ᠪᠠ ᠮᠥᠷᠳᠡᠨ ᠬᠢᠨᠠᠨ ᠪᠤᠳᠤᠬᠤ ᠶᠢ ᠬᠠᠷᠢᠯᠴᠠᠨ | ᠤᠶᠠᠯᠳᠤᠭᠤᠯᠬᠤ ᠶᠢ ᠬᠡᠷᠡᠭᠵᠢᠭᠦᠯᠵᠦ᠂ ᠴᠢᠬᠤᠯᠠ ᠶᠡᠭᠡ ᠵᠠᠰᠠᠭ ᠤᠨ ᠣᠷᠳᠣᠨ ᠤ ᠪᠡᠯᠡ ᠣᠷᠣᠭᠤᠯᠤᠯᠲᠠ ᠶᠢᠨ | ᠲᠥᠯᠦᠪᠵᠢᠭᠦᠯᠭᠡ ᠶᠢ ᠬᠡᠷᠡᠭᠵᠢᠭᠦᠯᠬᠦ᠂ ᠪᠧᠢ ᠯᠢᠶᠠᠩ ᠳᠥᠭᠦᠮ ᠪᠦᠳᠦᠭᠦᠯᠢᠭ ᠣᠷᠣᠨ ᠰᠠᠭᠤᠴᠠ ᠶᠢᠨ ᠲᠣᠭᠤᠷᠢᠭ᠂ 6 | ᠭᠠᠵᠠᠷ ᠳᠣᠣᠷᠠᠬᠢ ᠶᠡᠷᠦᠩᠬᠡᠶᠢᠯᠡᠭᠰᠡᠨ ᠬᠤᠭᠤᠯᠠᠢ ᠬᠤᠩᠭᠢᠯ᠂ 2 ᠵᠤᠷᠪᠤᠰ ᠬᠤᠲᠠ ᠶᠢᠨ ᠵᠠᠮ ᠵᠡᠷᠭᠡ ᠳᠤ ᠬᠢᠨᠠᠨ | ᠪᠣᠳᠣᠯᠲᠠ ᠬᠢᠵᠦ᠂ 158 ᠲᠦᠷᠦᠯ ᠵᠦᠢᠯ ᠳᠤ ᠰᠤᠭᠤᠴᠢᠨ ᠪᠠᠶᠢᠴᠠᠭᠠᠯᠲᠠ ᠬᠢᠵᠦ᠂ ᠵᠣᠭᠤᠰ ᠤᠨ ᠲᠤᠭ᠎ᠠ ᠨᠢ 670 | ᠳ᠋ᠦᠩᠰᠢᠭᠤᠷ ᠲᠥᠭᠦᠷᠢᠭ ᠪᠠᠶᠢᠵᠤ᠂ 10 ᠲᠠᠯ᠎ᠠ ᠶᠢᠨ 292 ᠠᠰᠠᠭᠤᠳᠠᠯ ᠢ ᠢᠯᠡᠷᠡᠭᠦᠯᠵᠦ᠂ 2.38 ᠳ᠋ᠦᠩᠰᠢᠭᠤᠷ | ᠲᠥᠭᠦᠷᠢᠭ ᠤᠨ ᠪᠡᠯᠡ ᠣᠷᠣᠭᠤᠯᠤᠯᠲᠠ ᠶᠢ ᠠᠷᠪᠢᠯᠠᠬᠤ ᠶᠢ ᠠᠬᠢᠭᠤᠯᠪᠠ᠃ 6 ᠬᠤᠪᠢ ᠬᠢᠨᠠᠨ ᠪᠣᠳᠣᠬᠤ ᠲᠤᠰᠬᠠᠢ | ᠮᠡᠳᠡᠭᠦᠯᠦᠯᠲᠡ ᠶᠢ ᠪᠦᠷᠢᠯᠳᠦᠭᠦᠯᠵᠦ᠂ ᠢᠯᠠᠩᠭᠤᠶ᠎ᠠ 10 ᠵᠢᠯ ᠳᠠᠷᠠᠭᠠᠯᠠᠨ ᠪᠧᠢ ᠯᠢᠶᠠᠩ ᠳᠥᠭᠦᠮ ᠪᠦᠳᠦᠭᠦᠯᠢᠭ | ᠣᠷᠣᠨ ᠰᠠᠭᠤᠴᠠ ᠶᠢᠨ ᠥᠭᠡᠷᠡᠴᠢᠯᠡᠯᠲᠡ ᠶᠢᠨ ᠲᠥᠷᠥᠯ ᠵᠦᠢᠯ ᠢ ᠮᠥᠷᠳᠡᠨ ᠬᠢᠨᠠᠨ ᠪᠣᠳᠣᠯᠲᠠ ᠬᠢᠵᠦ᠂ ᠮᠡᠳᠡᠭᠦᠯᠦᠨ | ᠬᠦᠷᠭᠡᠭᠰᠡᠨ ᠲᠤᠰᠬᠠᠢ ᠰᠡᠳᠦᠪᠲᠦ ᠮᠡᠳᠡᠭᠦᠯᠦᠯᠲᠡ ᠶᠢ ᠬᠤᠲᠠ ᠶᠢᠨ ᠨᠠᠮ ᠤᠨ ᠬᠤᠷᠢᠶ᠎ᠠ᠂ ᠬᠤᠲᠠ ᠶᠢᠨ ᠵᠠᠰᠠᠭ ᠤᠨ | ᠣᠷᠳᠣᠨ ᠤ ᠭᠤᠣᠯ ᠤᠳᠤᠷᠢᠳᠤᠯᠭ᠎ᠠ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠪᠡ᠃ ᠬᠤᠲᠠ ᠶᠢᠨ ᠵᠠᠰᠠᠭ ᠤᠨ | ᠣᠷᠳᠣᠨ ᠬᠢᠨᠠᠨ ᠪᠣᠳᠣᠯᠲᠠ ᠶᠢᠨ ᠠᠰᠠᠭᠤᠳᠠᠯ ᠢ ᠣᠯᠠᠨ ᠤᠳᠠᠭ᠎ᠠ ᠲᠣᠬᠢᠷᠠᠭᠤᠯᠤᠨ ᠴᠡᠭᠴᠡᠯᠡᠨ ᠰᠠᠶᠢᠵᠢᠷᠠᠭᠤᠯᠵᠤ᠂ | ᠪᠧᠢ ᠯᠢᠶᠠᠩ ᠤᠨ ᠪᠥᠬᠦ ᠲᠠᠯ᠎ᠠ ᠪᠠᠷ ᠠᠮᠢᠳᠤᠯᠢᠭ ᠪᠣᠯᠬᠤ ᠶᠢ ᠪᠦᠲᠦᠮᠵᠢᠲᠡᠶ ᠠᠬᠢᠭᠤᠯᠵᠤ᠂ ᠬᠢᠨᠠᠨ ᠪᠤᠳᠤᠬᠤ ᠬᠢᠨᠠᠯᠲᠠ | ᠲᠠᠯᠪᠢᠬᠤ ᠪᠦᠲᠦᠭᠡᠯᠴᠢ ᠴᠢᠨᠠᠷᠲᠠᠢ ᠦᠢᠯᠡᠳᠦᠯ ᠢ ᠨᠡᠯᠢᠶᠡᠳ ᠰᠠᠶᠢᠨ ᠪᠠᠳᠠᠷᠠᠭᠤᠯᠪᠠ᠃ | ᠳᠥᠷᠪᠡ ᠳᠤ᠂ ᠡᠷᠬᠡ ᠶᠢᠨ ᠵᠢᠷᠤᠮᠵᠢᠯ ᠲᠠᠢ ᠠᠵᠢᠯᠯᠠᠭᠠᠨ ᠢ ᠠᠬᠢᠭᠤᠯᠪᠠ᠃ ᠰᠠᠯᠠᠭ᠎ᠠ ᠮᠥᠴᠢᠷ ᠤᠨ | ᠲᠥᠰᠥᠪ ᠢ ᠬᠢᠨᠠᠨ ᠪᠤᠳᠤᠬᠤ ᠲᠠᠢ ᠤᠶᠠᠯᠳᠤᠭᠤᠯᠤᠨ᠂ ᠬᠤᠰᠢᠭᠤ ᠰᠢᠶᠠᠨ ᠲᠣᠭᠤᠷᠢᠭ᠂ ᠰᠠᠯᠠᠭ᠎ᠠ ᠮᠥᠴᠢᠷ ᠵᠢᠴᠢ | ᠬᠠᠷᠢᠶ᠎ᠠ ᠨᠢᠭᠡᠴᠢ᠂ ᠡᠮᠨᠡᠯᠭᠡ ᠶᠢᠨ ᠬᠤᠷᠢᠶ᠎ᠠ᠂ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠨᠡᠶᠢᠲᠡ 18 | ᠨᠢᠭᠡᠴᠢ᠂ 26 ᠨᠡᠷ᠎ᠡ ᠰᠢᠶᠠᠨ ᠤ ᠱᠠᠲᠤᠨ ᠤ ᠭᠤᠣᠯ ᠤᠳᠤᠷᠢᠳᠬᠤ ᠺᠠᠳ᠋ᠷ ᠠᠵᠤ ᠠᠬᠤᠢ ᠶᠢᠨ ᠬᠠᠷᠢᠭᠤᠴᠠᠯᠭ᠎ᠠ ᠪᠠᠨ | ᠭᠦᠢᠴᠡᠳᠬᠡᠭᠰᠡᠨ ᠪᠠᠶᠢᠳᠠᠯ ᠳᠤ ᠬᠢᠨᠠᠨ ᠪᠣᠳᠣᠯᠲᠠ ᠬᠢᠵᠦ᠂ ︽ᠠᠵᠤ ᠠᠬᠤᠢ ᠶᠢᠨ ᠬᠠᠷᠢᠭᠤᠴᠠᠯᠭ᠎ᠠ ᠶᠢ ᠬᠢᠨᠠᠨ ᠪᠤᠳᠤᠬᠤ | ᠪᠢᠴᠢᠭ ᠮᠠᠲ᠋ᠧᠷᠢᠶᠠᠯ ᠪᠠ ᠬᠢᠨᠠᠨ ᠪᠤᠳᠤᠬᠤ ᠪᠢᠴᠢᠭ ᠮᠠᠲ᠋ᠧᠷᠢᠶᠠᠯ ᠤᠨ ᠬᠡᠪ ᠵᠠᠭᠪᠤᠷ︾ ᠢ ᠵᠣᠬᠢᠶᠠᠵᠤ᠂ ᠬᠢᠨᠠᠨ ᠪᠤᠳᠤᠬᠤ | ᠭᠤᠣᠯᠳᠠᠯᠭ᠎ᠠ ᠶᠢ ᠲᠣᠪᠤᠶᠢᠯᠭᠠᠨ᠂ ᠴᠢᠬᠤᠯᠠ ᠶᠡᠭᠡ ᠠᠵᠤ ᠠᠬᠤᠢ ᠶᠢᠨ ᠴᠢᠭᠯᠡᠯᠲᠡ ᠲᠥᠷᠥ ᠶᠢᠨ ᠪᠣᠳᠣᠯᠭ᠎ᠠ ᠶᠢ | ᠲᠤᠭᠤᠰᠢᠯᠠᠭᠤᠯᠤᠨ ᠬᠡᠷᠡᠭᠵᠢᠭᠦᠯᠬᠦ᠂ ᠴᠢᠬᠤᠯᠠ ᠶᠡᠭᠡ ᠠᠵᠤ ᠠᠬᠤᠢ ᠶᠢᠨ ᠰᠢᠢᠳᠪᠦᠷᠢᠲᠦ ᠪᠣᠳᠣᠯᠭ᠎ᠠ ᠲᠣᠭᠲᠠᠭᠠᠬᠤ᠂ | ᠡᠳ᠋ ᠤᠨ ᠵᠠᠰᠠᠭ ᠡᠳ᠋ ᠤᠨ ᠶᠠᠪᠤᠳᠠᠯ ᠤᠨ ᠬᠠᠮᠢᠶᠠᠷᠤᠯᠲᠠ ᠪᠠ ᠠᠵᠤ ᠠᠬᠤᠢ ᠶᠢᠨ ᠲᠦᠭᠰᠢᠭᠦᠷᠢ ᠶᠢ ᠰᠡᠷᠭᠡᠶᠢᠯᠡᠬᠦ | ᠵᠡᠷᠭᠡ ᠠᠭᠤᠯᠭ᠎ᠠ ᠶᠢ ᠨᠠᠩ ᠠᠩᠬᠠᠷᠴᠤ᠂ ᠨᠡᠶᠢᠲᠡ 387 ᠠᠰᠠᠭᠤᠳᠠᠯ ᠢ ᠪᠠᠶᠢᠴᠠᠭᠠᠨ ᠭᠠᠷᠭᠠᠵᠤ᠂ ᠬᠤᠯᠪᠣᠭᠳᠠᠬᠤ | ᠵᠣᠭᠤᠰ ᠤᠨ ᠲᠤᠭ᠎ᠠ ᠨᠢ 15.59 ᠳ᠋ᠦᠩᠰᠢᠭᠤᠷ ᠲᠥᠭᠦᠷᠢᠭ ᠪᠠᠶᠢᠵᠤ᠂ ᠳᠤᠮᠳᠠ ᠵᠡᠷᠭᠡ ᠶᠢᠨ ᠠᠵᠢᠯ ᠮᠡᠷᠭᠡᠵᠢᠯ ᠤᠨ | ᠰᠤᠷᠭᠠᠭᠤᠯᠢ ᠪᠠ ᠡᠮᠨᠡᠯᠭᠡ ᠶᠢᠨ ᠬᠤᠷᠢᠶ᠎ᠠ ᠶᠢᠨ ᠬᠢᠨᠠᠨ ᠪᠣᠳᠣᠯᠲᠠ ᠶᠢ ᠨᠡᠶᠢᠳᠡᠮ ᠪᠦᠷᠬᠦᠭᠦᠯᠬᠦ ᠶᠢ | ᠦᠨᠳᠦᠰᠦᠨ ᠳᠤ ᠪᠠᠨ ᠪᠡᠶᠡᠯᠡᠭᠦᠯᠪᠡ᠃ ᠡᠭᠦᠨ ᠤ ᠬᠠᠮᠲᠤ᠂ ᠬᠤᠰᠢᠭᠤ ᠰᠢᠶᠠᠨ ᠲᠣᠭᠤᠷᠢᠭ ᠤᠨ ᠤᠳᠤᠷᠢᠳᠬᠤ | ᠺᠠᠳ᠋ᠷ ᠤᠨ ᠠᠵᠤ ᠠᠬᠤᠢ ᠶᠢᠨ ᠬᠠᠷᠢᠭᠤᠴᠠᠯᠭ᠎ᠠ ᠶᠢᠨ ᠬᠢᠨᠠᠨ ᠪᠣᠳᠣᠯᠲᠠ ᠪᠠ ᠪᠠᠶᠢᠭᠠᠯᠢ ᠶᠢᠨ ᠡᠬᠢ ᠪᠠᠶᠠᠯᠢᠭ ᠡᠳ᠋ | ᠬᠥᠷᠥᠩᠭᠡ ᠶᠢᠨ ᠬᠠᠷᠢᠭᠤᠴᠠᠯᠭ᠎ᠠ ᠶᠢᠨ ᠬᠢᠨᠠᠨ ᠪᠣᠳᠣᠯᠲᠠ ᠶᠢ ᠬᠠᠮᠲᠤ ᠳᠤ ᠨᠢ ᠲᠣᠬᠢᠷᠠᠭᠤᠯᠵᠤ᠂ ᠭᠦᠶᠠᠩ ᠰᠢᠶᠠᠨ ᠤ | ᠨᠠᠮ ᠤᠨ ᠬᠤᠷᠢᠶᠠᠨ ᠤ ᠭᠤᠣᠯ ᠤᠳᠤᠷᠢᠳᠬᠤ ᠺᠠᠳ᠋ᠷ ᠤᠨ ᠭᠠᠵᠠᠷ ᠰᠢᠷᠣᠢ᠂ ᠠᠭᠤᠷᠬᠠᠢ ᠶᠢᠨ ᠭᠠᠷᠤᠯᠲᠠ ᠶᠢᠨ ᠡᠬᠢ | ᠪᠠᠶᠠᠯᠢᠭ ᠡᠳ᠋ ᠬᠥᠷᠥᠩᠭᠡ ᠶᠢᠨ ᠬᠠᠷᠢᠭᠤᠴᠠᠯᠭ᠎ᠠ ᠶᠢ ᠭᠦᠢᠴᠡᠳᠬᠡᠭᠰᠡᠨ ᠪᠠᠶᠢᠳᠠᠯ ᠳᠤ ᠬᠢᠨᠠᠨ ᠪᠣᠳᠣᠯᠲᠠ ᠬᠢᠵᠦ᠂ ᠨᠢᠭᠡ | ᠰᠢᠭᠦᠯᠲᠡ ᠳᠤ ᠤᠯᠠᠨ ᠵᠦᠢᠯ᠂ ᠨᠢᠭᠡ ᠰᠢᠭᠦᠯᠲᠡ ᠳᠤ ᠤᠯᠠᠨ ᠳ᠋ᠦᠩ ᠢ ᠪᠡᠶᠡᠯᠡᠭᠦᠯᠪᠡ᠃ ᠬᠤᠶᠠᠷ ᠵᠢᠯ ᠳᠠᠷᠠᠭᠠᠯᠠᠨ | ᠬᠤᠲᠠ ᠶᠢᠨ ᠲᠤᠰ ᠱᠠᠲᠤᠨ ᠤ ᠠᠵᠤ ᠠᠬᠤᠢ ᠶᠢᠨ ᠬᠠᠷᠢᠭᠤᠴᠠᠯᠭ᠎ᠠ ᠪᠠᠨ ᠭᠦᠢᠴᠡᠳᠬᠡᠭᠰᠡᠨ ᠪᠠᠶᠢᠳᠠᠯ ᠳᠤ ᠥᠪᠡᠷ ᠤᠨ | ᠪᠠᠶᠢᠴᠠᠭᠠᠯᠲᠠ ᠬᠢᠪᠡ᠃ | ᠲᠠᠪᠤ ᠳᠤ᠂ ᠨᠢᠭᠡᠳᠦᠯᠲᠡᠢ ᠰᠢᠭᠦᠬᠦ ᠪᠠ ᠭᠤᠣᠯᠳᠠᠯᠭ᠎ᠠ ᠲᠠᠢ ᠲᠤᠰᠬᠠᠢ ᠬᠢᠨᠠᠨ ᠪᠣᠳᠣᠯᠲᠠ ᠶᠢ ᠰᠠᠶᠢᠲᠤᠷ | ᠬᠢᠪᠡ᠃ ᠬᠢᠨᠠᠨ ᠪᠣᠳᠣᠯᠲᠠ ᠶᠢᠨ ᠬᠠᠮᠵᠢᠯᠴᠠᠨ ᠨᠢᠭᠡᠳᠬᠦ ᠣᠨᠣᠯᠵᠢᠬᠤᠨ ᠢ ᠪᠠᠲᠤ ᠪᠠᠬᠢ ᠪᠣᠶ ᠪᠣᠯᠭᠠᠵᠤ᠂ ᠥᠪᠡᠷᠲᠡᠭᠡᠨ | ᠵᠠᠰᠠᠬᠤ ᠣᠷᠣᠨ ᠤ ᠬᠢᠨᠠᠨ ᠪᠤᠳᠤᠬᠤ ᠲᠢᠩᠬᠢᠮ ᠤᠨ ᠨᠢᠭᠡᠳᠦᠯᠲᠡᠢ ᠵᠣᠬᠢᠶᠠᠨ ᠪᠠᠶᠢᠭᠤᠯᠤᠯᠲᠠ ᠶᠣᠰᠣᠭᠠᠷ᠂ 30 ᠭᠠᠷᠤᠢ | ᠬᠥᠮᠥᠨ ᠢ ᠲᠠᠲᠠᠵᠤ ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠡᠳ᠋ ᠤᠨ ᠵᠠᠰᠠᠭ ᠪᠠ ᠥᠪᠡᠷᠲᠡᠭᠡᠨ ᠵᠠᠰᠠᠬᠤ | ᠣᠷᠣᠨ ᠤ ᠡᠳ᠋ ᠤᠨ ᠵᠠᠰᠠᠭ ᠤᠨ ᠲᠢᠩᠬᠢᠮ ᠤᠨ ᠰᠠᠯᠠᠭ᠎ᠠ ᠮᠥᠴᠢᠷ ᠤᠨ ᠲᠥᠰᠥᠪ ᠢ ᠬᠡᠷᠡᠭᠵᠢᠭᠦᠯᠦᠭᠰᠡᠨ ᠪᠠᠶᠢᠳᠠᠯ ᠢ | ᠬᠢᠨᠠᠨ ᠪᠤᠳᠤᠬᠤ᠂ ᠬᠢᠩᠭᠠᠨ ᠠᠶᠢᠮᠠᠭ ᠤᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠭᠤᠣᠯᠳᠠᠯᠭ᠎ᠠ ᠲᠠᠢ | ᠰᠢᠶᠠᠨ ᠤ ᠬᠢᠨᠠᠨ ᠪᠣᠳᠣᠯᠲᠠ᠂ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠲᠢᠩᠬᠢᠮ ᠪᠠ ᠦᠬᠠᠢ | ᠬᠤᠲᠠ ᠶᠢᠨ ᠭᠤᠣᠯ ᠤᠳᠤᠷᠢᠳᠬᠤ ᠺᠠᠳ᠋ᠷ ᠤᠨ ᠠᠵᠤ ᠠᠬᠤᠢ ᠶᠢᠨ ᠬᠠᠷᠢᠭᠤᠴᠠᠯᠭ᠎ᠠ ᠶᠢ ᠬᠢᠨᠠᠨ ᠪᠤᠳᠤᠬᠤ ᠳᠤ | ᠣᠷᠣᠯᠴᠠᠭᠤᠯᠵᠤ᠂ ᠬᠢᠨᠠᠨ ᠪᠤᠳᠤᠬᠤ ᠡᠭᠦᠷᠭᠡ ᠪᠠᠨ ᠲᠡᠭᠦᠰ ᠠᠮᠵᠢᠯᠲᠠ ᠲᠠᠢ ᠪᠡᠶᠡᠯᠡᠭᠦᠯᠵᠦ᠂ ᠥᠪᠡᠷᠲᠡᠭᠡᠨ ᠵᠠᠰᠠᠬᠤ | ᠣᠷᠣᠨ ᠤ ᠬᠢᠨᠠᠨ ᠪᠤᠳᠤᠬᠤ ᠲᠢᠩᠬᠢᠮ ᠳᠤ ᠵᠠᠷᠯᠠᠨ ᠰᠠᠶᠢᠰᠢᠶᠠᠭᠳᠠᠭᠰᠠᠨ ᠪᠠᠶᠢᠨ᠎ᠠ᠃ ᠤᠯᠤᠰ ᠤᠨ ᠭᠠᠳᠠᠭᠠᠳᠤ ᠶᠢᠨ | ᠵᠢᠭᠡᠯᠡᠯᠭᠡ ᠶᠢᠨ ᠲᠤᠰᠠᠯᠠᠬᠤ ᠵᠣᠭᠤᠰ ᠤᠨ ᠲᠥᠷᠥᠯ ᠵᠦᠢᠯ ᠤᠨ ᠡᠳ᠋ ᠬᠥᠷᠥᠩᠭᠡ ᠶᠢᠨ ᠬᠠᠮᠢᠶᠠᠷᠤᠯᠲᠠ ᠶᠢᠨ | ᠪᠠᠶᠢᠳᠠᠯ ᠤᠨ ᠲᠤᠰᠬᠠᠢ ᠬᠢᠨᠠᠨ ᠪᠣᠳᠣᠯᠲᠠ ᠶᠢᠨ ᠪᠠᠶᠢᠴᠠᠭᠠᠯᠲᠠ ᠶᠢ ᠵᠣᠬᠢᠶᠠᠨ ᠪᠠᠶᠢᠭᠤᠯᠤᠨ ᠥᠷᠨᠢᠭᠦᠯᠵᠦ᠂ | ᠤᠯᠤᠰ ᠤᠨ ᠭᠠᠳᠠᠨᠠᠬᠢ ᠵᠢᠭᠡᠯᠡᠯᠭᠡ ᠲᠤᠰᠠᠯᠠᠬᠤ ᠵᠣᠭᠤᠰ ᠤᠨ 4 ᠲᠥᠷᠥᠯ ᠵᠦᠢᠯ ᠤᠨ ᠡᠳ᠋ ᠬᠥᠷᠥᠩᠭᠡ ᠶᠢᠨ | ᠪᠦᠷᠢᠯᠳᠦᠯ᠂ ᠬᠠᠮᠢᠶᠠᠷᠤᠯᠲᠠ᠂ ᠳᠠᠩᠰᠠᠯᠠᠯᠲᠠ᠂ ᠦᠷ᠎ᠡ ᠠᠰᠢᠭ ᠵᠡᠷᠭᠡ ᠲᠠᠯ᠎ᠠ ᠪᠠᠷ ᠣᠷᠣᠰᠢᠵᠤ ᠪᠠᠶᠢᠭ᠎ᠠ ᠠᠰᠠᠭᠤᠳᠠᠯ ᠢ | ᠲᠣᠳᠣᠷᠬᠠᠶᠢᠯᠠᠵᠤ᠂ ᠤᠯᠤᠰ ᠤᠨ ᠥᠮᠴᠢᠯᠡᠯ ᠤᠨ ᠡᠳ᠋ ᠬᠥᠷᠥᠩᠭᠡ ᠶᠢᠨ ᠠᠮᠤᠷ ᠲᠦᠪᠰᠢᠨ ᠪᠦᠷᠢᠨ ᠪᠦᠲᠦᠨ | ᠪᠠᠶᠢᠬᠤ ᠶᠢ ᠬᠠᠮᠠᠭᠠᠯᠠᠬᠤ ᠶᠢ ᠠᠬᠢᠭᠤᠯᠪᠠ᠃ ᠬᠤᠲᠠ ᠶᠢᠨ ᠨᠠᠮ ᠤᠨ ᠬᠤᠷᠢᠶᠠᠨ ᠤ ᠭᠤᠣᠯ ᠤᠳᠤᠷᠢᠳᠤᠯᠭ᠎ᠠ | ᠴᠣᠬᠤᠯᠠᠪᠤᠷᠢᠯᠠᠭᠰᠠᠨ ᠨᠢ᠄ ︽ᠮᠡᠳᠡᠭᠦᠯᠦᠯᠲᠡ ᠳᠤ ᠲᠤᠰᠬᠠᠭᠰᠠᠨ ᠠᠰᠠᠭᠤᠳᠠᠯ ᠢ ᠡᠷᠬᠡᠪᠰᠢ ᠳᠡᠭᠡᠳᠦ ᠬᠡᠮᠵᠢᠶ᠎ᠡ ᠪᠠᠷ | ᠴᠢᠬᠤᠯᠠᠴᠢᠯᠠᠵᠤ᠂ ᠬᠢᠨᠠᠨ ᠪᠤᠳᠤᠬᠤ ᠰᠠᠨᠠᠭᠤᠯᠭ᠎ᠠ ᠶᠢ ᠡᠭᠦᠷᠭᠡ ᠶᠢᠨ ᠨᠠᠷᠢᠨ ᠲᠠᠩᠰᠠ ᠪᠣᠯᠭᠠᠨ ᠬᠤᠯᠪᠣᠭᠳᠠᠯ ᠪᠦᠬᠦᠢ | ᠰᠠᠯᠠᠭ᠎ᠠ ᠮᠥᠴᠢᠷ ᠨᠢᠭᠡᠴᠢ ᠳᠤ ᠲᠦᠭᠡᠭᠡᠨ ᠥᠭᠴᠦ︾᠂ ᠴᠣᠬᠤᠯᠠᠪᠤᠷᠢ ᠶᠢᠨ ᠱᠠᠭᠠᠷᠳᠠᠯᠭ᠎ᠠ ᠶᠢ ᠢᠳᠡᠪᠬᠢᠲᠡᠢ | ᠨᠠᠶᠢᠳᠠᠪᠤᠷᠢᠵᠢᠭᠤᠯᠵᠤ᠂ ᠬᠢᠨᠠᠨ ᠪᠤᠳᠤᠭᠳᠠᠵᠦ ᠪᠠᠶᠢᠭ᠎ᠠ ᠨᠢᠭᠡᠴᠢ ᠶᠢ ᠱᠠᠯᠠᠪᠳᠠᠭᠤᠯᠤᠨ ᠠᠰᠠᠭᠤᠳᠠᠯ ᠢ ᠴᠡᠭᠴᠡᠯᠡᠨ | ᠰᠠᠶᠢᠵᠢᠷᠠᠭᠤᠯᠬᠤ ᠶᠢ ᠪᠡᠶᠡᠯᠡᠭᠦᠯᠬᠦ ᠬᠡᠷᠡᠭᠲᠡᠢ᠃ ᠬᠤᠲᠠ ᠶᠢᠨ ᠲᠣᠰ ᠱᠠᠲᠤᠨ ᠤ ᠵᠠᠰᠠᠭ ᠤᠨ ᠣᠷᠳᠣᠨ ᠤ ᠪᠡᠯᠡ | ᠣᠷᠣᠭᠤᠯᠤᠯᠲᠠ ᠶᠢᠨ ᠰᠠᠭᠤᠷᠢ ᠮᠥᠩᠭᠦ ᠶᠢᠨ ᠬᠠᠮᠢᠶᠠᠷᠤᠯᠲᠠ ᠬᠡᠷᠡᠭᠯᠡᠯᠲᠡ ᠶᠢᠨ ᠪᠠᠶᠢᠳᠠᠯ ᠳᠤ ᠲᠤᠰᠬᠠᠢ ᠬᠢᠨᠠᠨ | ᠪᠣᠳᠣᠯᠲᠠ ᠶᠢᠨ ᠪᠠᠶᠢᠴᠠᠭᠠᠯᠲᠠ ᠬᠢᠵᠦ᠂ ᠵᠠᠰᠠᠭ ᠤᠨ ᠣᠷᠳᠣᠨ ᠤ ᠪᠡᠯᠡ ᠣᠷᠣᠭᠤᠯᠤᠯᠲᠠ ᠶᠢᠨ ᠰᠠᠭᠤᠷᠢ ᠮᠥᠩᠭᠦ | ᠪᠠᠶᠢᠭᠤᠯᠬᠤ᠂ ᠴᠤᠭᠯᠠᠭᠤᠯᠬᠤ᠂ ᠪᠡᠯᠡ ᠣᠷᠣᠭᠤᠯᠬᠤ᠂ ᠬᠠᠮᠢᠶᠠᠷᠬᠤ᠂ ᠪᠤᠴᠠᠭᠠᠨ ᠭᠠᠷᠭᠠᠬᠤ ᠵᠡᠷᠭᠡ ᠭᠤᠭᠴᠤᠭ᠎ᠠ ᠳᠤ | ᠴᠢᠭᠯᠡᠭᠦᠯᠦᠨ᠂ ᠵᠠᠰᠠᠭ ᠤᠨ ᠣᠷᠳᠣᠨ ᠤ ᠪᠡᠯᠡ ᠣᠷᠣᠭᠤᠯᠤᠯᠲᠠ ᠶᠢᠨ ᠰᠠᠭᠤᠷᠢ ᠮᠥᠩᠭᠦ ᠶᠢᠨ ᠭᠤᠣᠯᠳᠠᠯᠭ᠎ᠠ ᠲᠠᠢ | ᠠᠵᠤ ᠦᠢᠯᠡᠰ ᠤᠨ ᠬᠥᠭᠵᠢᠯᠲᠡ ᠶᠢ ᠳᠡᠮᠵᠢᠬᠦ᠂ ᠠᠵᠤ ᠠᠬᠤᠢ ᠶᠢᠨ ᠬᠡᠯᠪᠡᠷᠢ ᠪᠠᠨ ᠬᠤᠪᠢᠷᠠᠭᠤᠯᠬᠤ ᠶᠢ ᠠᠬᠢᠭᠤᠯᠬᠤ | ᠵᠡᠷᠭᠡ ᠲᠠᠯ᠎ᠠ ᠪᠠᠷ ᠬᠢ ᠬᠥᠲᠥᠯᠥᠨ ᠵᠢᠯᠤᠭᠤᠳᠬᠤ ᠦᠢᠯᠡᠳᠦᠯ ᠢ ᠬᠦᠴᠦᠯᠡᠨ ᠵᠢᠷᠤᠮᠵᠢᠭᠤᠯᠪᠠ᠃ ᠠᠷᠠᠳ ᠤᠨ | ᠠᠮᠢᠳᠤᠷᠠᠯ ᠤᠨ ᠪᠣᠳᠠᠲᠤ ᠶᠠᠪᠤᠳᠠᠯ ᠢ ᠲᠦᠯᠬᠢᠨ ᠠᠬᠢᠭᠤᠯᠵᠤ ᠨᠠᠶᠢᠳᠠᠪᠤᠷᠢᠵᠢᠭᠤᠯᠤᠭᠰᠠᠨ ᠪᠠᠶᠢᠳᠠᠯ ᠳᠤ ᠲᠤᠰᠬᠠᠢ | ᠵᠦᠢᠯ ᠢᠶᠠᠷ ᠬᠢᠨᠠᠨ ᠪᠤᠳᠤᠬᠤ ᠪᠠᠶᠢᠴᠠᠭᠠᠯᠲᠠ ᠬᠢᠵᠦ᠂ ᠤᠷᠢᠳ ᠢᠶᠠᠷ ᠲᠤᠷᠰᠢᠨ ᠬᠢᠨᠠᠬᠤ᠂ ᠳᠠᠷᠠᠭ᠎ᠠ ᠨᠢ ᠰᠤᠭᠤᠴᠢᠨ | ᠰᠢᠭᠦᠬᠦ ᠬᠤᠶᠠᠷ ᠠᠯᠬᠤᠮ ᠳᠠᠷᠠᠭ᠎ᠠ ᠶᠣᠰᠣᠭᠠᠷ᠂ ᠳᠥᠷᠪᠡᠨ ᠲᠥᠷᠥᠯ ᠤᠨ 39 ᠵᠦᠢᠯ ᠤᠨ ᠠᠰᠠᠭᠤᠳᠠᠯ ᠢ | ᠢᠯᠡᠷᠡᠭᠦᠯᠪᠡ᠃ ᠨᠡᠶᠢᠭᠡᠮ ᠲᠣᠭᠤᠷᠢᠭ ᠤᠨ ᠵᠠᠷᠤᠳᠠᠯ ᠵᠢᠴᠢ ᠦᠨᠳᠦᠰᠦᠨ ᠱᠠᠲᠤᠨ ᠤ ᠵᠠᠰᠠᠯᠲᠠ ᠶᠢᠨ ᠲᠥᠷᠥ ᠶᠢᠨ | ᠪᠣᠳᠣᠯᠭ᠎ᠠ ᠶᠢ ᠨᠠᠶᠢᠳᠠᠪᠤᠷᠢᠵᠢᠭᠤᠯᠤᠭᠰᠠᠨ ᠪᠠᠶᠢᠳᠠᠯ ᠳᠤ ᠲᠤᠰᠬᠠᠢ ᠬᠢᠨᠠᠨ ᠪᠣᠳᠣᠯᠲᠠ ᠶᠢᠨ ᠪᠠᠶᠢᠴᠠᠭᠠᠯᠲᠠ ᠬᠢᠵᠦ᠂ | ᠬᠤᠲᠠ ᠶᠢᠨ ᠲᠣᠪᠴᠢᠶ᠎ᠠ ᠠᠴᠠ ᠨᠢᠭᠡᠳᠦᠯᠲᠡᠢ ᠲᠥᠯᠥᠪᠯᠡᠨ ᠵᠣᠬᠢᠴᠠᠭᠤᠯᠬᠤ᠂ ᠬᠤᠰᠢᠭᠤ ᠰᠢᠶᠠᠨ ᠲᠣᠭᠤᠷᠢᠭ ᠠᠴᠠ | ᠪᠣᠳᠠᠲᠠᠢ ᠬᠡᠷᠡᠭᠵᠢᠭᠦᠯᠬᠦ᠂ 9 ᠬᠤᠰᠢᠭᠤ ᠰᠢᠶᠠᠨ ᠲᠣᠭᠤᠷᠢᠭ᠂ 9 ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ | ︵ᠪᠠᠯᠭᠠᠰᠤ︶ ᠤᠨ ᠬᠠᠷᠢᠶᠠᠨ ᠳᠠᠬᠢ 53 ᠨᠡᠶᠢᠭᠡᠮ ᠲᠣᠭᠤᠷᠢᠭ᠂ ᠬᠤᠲᠠ ᠶᠢᠨ ᠲᠣᠪᠴᠢᠶ᠎ᠠ ᠠᠴᠠ 4 ᠰᠢᠮᠳᠠᠭᠤᠯᠤᠨ | ᠵᠢᠯᠤᠭᠤᠳᠬᠤ ᠳᠤᠭᠤᠶᠢᠯᠠᠩ ᠪᠠᠶᠢᠭᠤᠯᠵᠤ᠂ 9 ᠬᠢᠨᠠᠨ ᠪᠣᠳᠣᠬᠤ ᠳᠤᠭᠤᠶᠢᠯᠠᠩ ᠤᠨ ︽ᠨᠢᠭᠡ ᠳᠤ ᠨᠢᠭᠡ ᠶᠢ | ᠬᠠᠷᠭᠤᠭᠤᠯᠬᠤ︾ ᠵᠢᠯᠣᠭᠤᠳᠤᠯᠭ᠎ᠠ᠂ ᠨᠡᠶᠢᠭᠡᠮ ᠲᠣᠭᠤᠷᠢᠭ ᠤᠨ ᠵᠠᠷᠤᠳᠠᠯ ᠭᠡᠬᠦ ᠡᠨᠡ ᠬᠦ ︽ᠵᠢᠵᠢᠭ︾ ᠲᠠᠯ᠎ᠠ ᠠᠴᠠ | ᠭᠠᠷᠳᠠᠵᠤ᠂ ᠨᠡᠶᠢᠭᠡᠮ ᠲᠣᠭᠤᠷᠢᠭ ᠤᠨ ᠵᠠᠰᠠᠯᠲᠠ ᠶᠢᠨ ᠪᠠᠶᠢᠭᠤᠯᠤᠯ ᠵᠣᠬᠢᠴᠠᠮᠵᠢ᠂ ᠨᠡᠶᠢᠭᠡᠮ ᠲᠣᠭᠤᠷᠢᠭ ᠤᠨ | ᠦᠢᠯᠡᠴᠢᠯᠡᠭᠡᠨ ᠤ ᠬᠢᠷᠢ ᠲᠦᠪᠰᠢᠨ ᠤ ᠪᠠᠲᠤᠯᠠᠭ᠎ᠠ᠂ ᠨᠡᠶᠢᠭᠡᠮ ᠲᠣᠭᠤᠷᠢᠭ ᠤᠨ ᠵᠣᠬᠢᠶᠠᠨ ᠪᠠᠶᠢᠭᠤᠯᠤᠯᠲᠠ ᠶᠢᠨ | ᠤᠳᠤᠷᠢᠳᠤᠯᠭ᠎ᠠ ᠵᠡᠷᠭᠡ ᠲᠠᠯ᠎ᠠ ᠪᠠᠷ ᠣᠷᠣᠰᠢᠵᠤ ᠪᠠᠶᠢᠭ᠎ᠠ ︽ᠲᠣᠮᠣ︾ ᠠᠰᠠᠭᠤᠳᠠᠯ ᠢ ᠰᠢᠢᠳᠪᠦᠷᠢᠯᠡᠬᠦ ᠶᠢ ᠠᠬᠢᠭᠤᠯᠪᠠ ᠃ | ᠥᠪᠡᠷᠲᠡᠭᠡᠨ ᠵᠠᠰᠠᠬᠤ ᠣᠷᠣᠨ ᠤ ᠬᠢᠨᠠᠨ ᠪᠣᠳᠣᠬᠤ ᠲᠢᠩᠬᠢᠮ ᠤᠨ ᠳᠡᠭᠡᠭᠰᠢ ᠮᠡᠳᠡᠭᠦᠯᠦᠭᠰᠡᠨ ︽ᠨᠡᠶᠢᠭᠡᠮ | ᠲᠣᠭᠤᠷᠢᠭ ᠤᠨ ᠵᠠᠷᠤᠳᠠᠯ ᠢ ᠳᠠᠩᠰᠠᠨ ᠳᠤ ᠤᠷᠤᠭᠤᠯᠬᠤ ᠨᠢ ᠵᠣᠬᠢᠰ ᠦᠭᠡᠢ︾ ᠲᠤᠰᠬᠠᠢ ᠰᠣᠨᠢᠨ ᠳᠤ ᠮᠠᠨ ᠤ | ᠬᠤᠲᠠ ᠶᠢᠨ ᠬᠢᠨᠠᠨ ᠪᠣᠳᠣᠯᠲᠠ ᠳᠤ ᠢᠯᠡᠷᠡᠭᠦᠯᠦᠭᠰᠡᠨ ᠠᠰᠠᠭᠤᠳᠠᠯ ᠢ ᠬᠡᠷᠡᠭᠯᠡᠭᠰᠡᠨ ᠪᠠᠶᠢᠨ᠎ᠠ᠃ ᠡᠭᠦᠨ ᠠᠴᠠ ᠭᠠᠳᠠᠨ᠎ᠠ | ᠂ ᠬᠤᠲᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠲᠣᠬᠢᠷᠠᠭᠤᠯᠤᠯᠲᠠ ᠶᠣᠰᠣᠭᠠᠷ᠂ ᠬᠢᠨᠠᠨ ᠪᠤᠳᠤᠬᠤ | ᠲᠤᠰᠬᠠᠢ ᠮᠡᠷᠭᠡᠵᠢᠯ ᠤᠨ ᠦᠢᠯᠡᠴᠢᠯᠡᠭᠡ ᠶᠢ ᠢᠳᠡᠪᠬᠢᠲᠡᠢ ᠰᠠᠶᠢᠲᠤᠷ ᠬᠢᠪᠡ᠃ ᠬᠤᠷᠴᠠ ᠴᠢᠳᠠᠮᠠᠭᠠᠢ ᠬᠦᠴᠦᠨ ᠢ | ᠲᠠᠲᠠᠵᠤ᠂ ᠪᠥᠬᠦ ᠲᠤᠬᠠᠶᠢᠯᠠᠭᠰᠠᠨ ᠠᠵᠢᠯ ᠤᠨ ᠰᠠᠯᠠᠭ᠎ᠠ ᠲᠠᠰᠤᠭ ᠣᠷᠣᠯᠴᠠᠵᠤ᠂ ᠬᠤᠶᠠᠷ ᠤᠳᠠᠭ᠎ᠠ ᠲᠥᠪᠯᠡᠷᠡᠭᠦᠯᠦᠨ | ᠪᠣᠭᠤᠮᠲᠠ ᠰᠢᠪᠲᠤᠯᠵᠤ᠂ ᠰᠢᠨ᠎ᠡ ᠪᠠᠷ ᠨᠡᠮᠡᠭᠳᠡᠭᠰᠡᠨ ᠠᠵᠤ ᠠᠬᠤᠶᠢᠯᠠᠯ ᠤᠨ ᠲᠠᠩᠰᠠᠨ ᠵᠣᠭᠤᠰ ᠢ ᠬᠢᠨᠠᠨ ᠪᠤᠳᠤᠬᠤ ᠶᠢ | ᠪᠡᠶᠡᠯᠡᠭᠦᠯᠵᠦ᠂ ᠬᠤᠯᠪᠣᠭᠳᠠᠬᠤ ᠨᠢᠭᠡᠴᠢ 35 ᠡᠷᠦᠬᠡ᠂ ᠲᠤᠭ᠎ᠠ ᠪᠠᠷᠢᠮᠲᠠ 912 ᠵᠤᠷᠪᠤᠰ᠂ ᠪᠥᠬᠦ ᠬᠤᠲᠠ ᠶᠢᠨ | ᠥᠷᠢ ᠶᠢ ᠲᠥᠯᠥᠬᠦ ᠠᠵᠢᠯ ᠳᠤ ᠬᠢᠨᠠᠨ ᠪᠣᠳᠣᠯᠲᠠ ᠶᠢᠨ ᠯᠠᠪᠯᠠᠯᠲᠠ ᠬᠠᠩᠭᠠᠪᠠ︔ ᠠᠶᠤᠯᠲᠠᠢ ᠬᠠᠶᠠᠭᠳᠠᠮᠠᠯ ᠪᠣᠳᠠᠰ᠂ | ᠡᠮᠦᠨ᠎ᠡ ᠲᠡᠭᠦᠷᠭᠡ᠂ ᠪᠧᠢ ᠯᠢᠶᠠᠩ ᠵᠡᠷᠭᠡ ᠳᠤ ᠲᠤᠰᠬᠠᠢ ᠬᠢᠨᠠᠨ ᠪᠠᠶᠢᠴᠠᠭᠠᠯᠲᠠ ᠬᠢᠪᠡ᠃ ︵ᠭᠤᠷᠪᠠ︶ | ᠰᠤᠳᠤᠯᠭ᠎ᠠ ᠶᠢ ᠤᠷᠢᠳ ᠢᠶᠠᠷ ᠬᠡᠷᠡᠭᠵᠢᠭᠦᠯᠬᠦ ᠲᠤᠭ᠎ᠠ ᠪᠠᠷᠢᠮᠲᠠ ᠶᠢ ᠤᠷᠢᠳ ᠢᠶᠠᠷ ᠬᠡᠷᠡᠭᠵᠢᠭᠦᠯᠬᠦ ᠶᠢ ᠢᠳᠡᠪᠬᠢᠲᠡᠢ | ᠬᠡᠷᠡᠭᠵᠢᠭᠦᠯᠵᠦ᠂ ︽ᠭᠤᠷᠪᠠᠨ ᠬᠢᠨᠠᠯᠲᠠ︾ ᠶᠢ ᠬᠢᠨᠠᠨ ᠪᠤᠳᠤᠬᠤ ᠶᠠᠰᠤ ᠴᠢᠨᠠᠷ ᠦᠷ᠎ᠡ ᠪᠦᠲᠦᠮᠵᠢ ᠶᠢ ᠴᠢᠩᠭᠠᠳᠬᠠᠬᠤ | ᠴᠢᠬᠤᠯᠠ ᠬᠥᠳᠡᠯᠭᠡᠭᠦᠷ ᠪᠣᠯᠭᠠᠪᠠ᠃ ᠪᠢᠳᠡ ᠰᠤᠳᠤᠯᠭᠠᠨ ᠤ ᠬᠡᠯᠪᠡᠷᠢ ᠶᠢᠨ ᠬᠢᠨᠠᠨ ᠪᠤᠳᠤᠬᠤ ᠪᠠ ᠲᠣᠮᠣ ᠲᠤᠭ᠎ᠠ | ᠪᠠᠷᠢᠮᠲᠠ ᠶᠢᠨ ᠬᠢᠨᠠᠨ ᠪᠤᠳᠤᠬᠤ ᠶᠢ ᠰᠠᠨᠠᠭᠠᠴᠢᠯᠠᠵᠤ᠂ ᠳᠣᠲᠣᠭᠠᠳᠤ ᠶᠢᠨ ᠬᠢᠨᠠᠨ ᠪᠤᠳᠤᠬᠤ ᠰᠠᠭᠤᠷᠢ ᠴᠢᠨᠠᠷᠲᠠᠢ | ᠦᠢᠯᠡᠳᠦᠯ ᠢ ᠪᠠᠳᠠᠷᠠᠭᠤᠯᠵᠤ᠂ ︽ᠬᠠᠮ ᠠᠷᠭ᠎ᠠ︾ ᠶᠢ ᠰᠠᠶᠢᠲᠤᠷ ᠬᠡᠷᠡᠭᠯᠡᠵᠦ᠂ ᠬᠢᠨᠠᠨ ᠪᠤᠳᠤᠵᠤ ᠬᠢᠨᠠᠯᠲᠠ ᠲᠠᠯᠪᠢᠬᠤ ᠳᠤ | ᠨᠡᠩ ᠰᠠᠶᠢᠨ ᠴᠢᠳᠠᠪᠤᠷᠢ ᠣᠯᠭᠤᠪᠠ᠃ | ᠨᠢᠭᠡ ᠳᠤ᠂ ᠰᠤᠳᠤᠯᠭᠠᠨ ᠤ ᠬᠡᠯᠪᠡᠷᠢ ᠶᠢᠨ ᠬᠢᠨᠠᠨ ᠪᠣᠳᠣᠯᠲᠠ ᠶᠢ ᠭᠦᠨᠵᠡᠭᠡᠶᠢᠷᠡᠭᠦᠯᠪᠡ᠃ ᠰᠤᠳᠤᠯᠭᠠᠨ ᠤ | ᠬᠡᠯᠪᠡᠷᠢ ᠶᠢᠨ ᠬᠢᠨᠠᠨ ᠪᠣᠳᠣᠯᠲᠠ ᠶᠢ ᠤᠴᠢᠷ ᠶᠠᠪᠤᠳᠠᠯ ᠢ ᠪᠣᠳᠣᠯᠬᠢᠯᠠᠬᠤ ᠶᠢᠨ ᠰᠠᠭᠤᠷᠢ᠂ ᠤᠴᠢᠷ ᠶᠠᠪᠤᠳᠠᠯ ᠢ | ᠪᠦᠲᠦᠭᠡᠬᠦ ᠠᠷᠭ᠎ᠠ ᠵᠠᠮ ᠪᠣᠯᠭᠠᠵᠤ᠂ ᠬᠢᠨᠠᠨ ᠪᠠᠶᠢᠴᠠᠭᠠᠬᠤ ᠶᠢ ᠵᠠᠪᠠᠯ ᠰᠤᠳᠤᠯᠬᠤ᠂ ᠰᠤᠳᠤᠯᠤᠨ ᠬᠢᠨᠠᠬᠤ ᠶᠢ | ᠤᠶᠠᠯᠳᠤᠭᠤᠯᠵᠤ᠂ ᠰᠤᠳᠤᠯᠤᠭᠠᠳ ᠬᠡᠷᠡᠭᠯᠡᠬᠦ᠂ ᠬᠢᠨᠠᠬᠤ᠂ ᠰᠤᠷᠤᠯᠴᠠᠬᠤ᠂ ᠰᠤᠳᠤᠯᠬᠤ ᠶᠢ ᠭᠦᠨᠵᠡᠭᠡᠢ | ᠠᠭᠤᠰᠤᠯᠴᠠᠭᠤᠯᠬᠤ ᠶᠢ ᠠᠬᠢᠭᠤᠯᠵᠤ᠂ ᠬᠢᠨᠠᠨ ᠪᠤᠳᠤᠬᠤ ᠲᠦᠷᠦᠯ ᠵᠦᠢᠯ ᠨᠢᠭᠡᠪᠦᠷᠢ ᠳᠤ ᠴᠥᠮ ᠲᠦᠷᠦᠯ ᠵᠦᠢᠯ | ᠲᠣᠭᠲᠠᠭᠠᠬᠤ᠂ ᠠᠰᠠᠭᠤᠳᠠᠯ᠂ ᠰᠠᠨᠠᠭᠤᠯᠭ᠎ᠠ ᠶᠢ ᠰᠤᠳᠤᠯᠬᠤ ᠶᠢ ᠱᠠᠭᠠᠷᠳᠠᠵᠤ ᠪᠠᠶᠢᠨ᠎ᠠ᠃ ︽2023 ᠣᠨ ᠤ | ᠰᠤᠳᠤᠯᠭᠠᠨ ᠤ ᠬᠡᠯᠪᠡᠷᠢ ᠶᠢᠨ ᠬᠢᠨᠠᠨ ᠪᠣᠳᠣᠯᠲᠠ ᠶᠢᠨ ᠬᠡᠷᠡᠭ ᠤᠨ ᠵᠢᠱᠢᠶ᠎ᠡ ᠶᠢᠨ ᠲᠥᠯᠥᠪᠯᠡᠭᠡ︾ ᠶᠢ ᠲᠣᠭᠲᠠᠭᠠᠵᠤ᠂ | ︽ᠰᠤᠳᠤᠯᠭᠠᠨ ᠤ ᠬᠡᠯᠪᠡᠷᠢ ᠶᠢᠨ ᠬᠢᠨᠠᠨ ᠪᠣᠳᠣᠯᠲᠠ︾ ᠶᠢᠨ ᠲᠤᠰᠬᠠᠢ ᠬᠡᠪᠯᠡᠯ ᠢ ᠪᠠᠶᠢᠭᠤᠯᠤᠨ᠂ ᠰᠤᠳᠤᠯᠭᠠᠨ ᠤ | ᠬᠡᠯᠪᠡᠷᠢ ᠶᠢᠨ ᠬᠢᠨᠠᠨ ᠪᠣᠳᠣᠯᠲᠠ ᠶᠢᠨ ᠬᠡᠷᠡᠭ ᠤᠨ ᠵᠢᠱᠢᠶ᠎ᠡ ᠶᠢ 52 ᠬᠤᠪᠢ ᠪᠦᠷᠢᠯᠳᠦᠭᠦᠯᠵᠦ᠂ ᠥᠪᠡᠷᠲᠡᠭᠡᠨ ᠵᠠᠰᠠᠬᠤ | ᠣᠷᠣᠨ ᠤ ᠬᠢᠨᠠᠨ ᠪᠣᠳᠣᠯᠲᠠ ᠶᠢᠨ ᠲᠢᠩᠬᠢᠮ ᠠᠴᠠ 14 ᠬᠤᠪᠢ ᠶᠢ ᠰᠤᠷᠪᠤᠯᠵᠢᠯᠠᠨ ᠨᠠᠶᠢᠷᠠᠭᠤᠯᠵᠤ᠂ 3 ᠬᠤᠪᠢ ᠨᠢ | ᠱᠠᠩᠨᠠᠯ ᠭᠥᠷᠳᠡᠪᠡ᠃ | ᠬᠤᠶᠠᠷ ᠲᠤ᠂ ᠲᠣᠮᠣ ᠲᠤᠭ᠎ᠠ ᠪᠠᠷᠢᠮᠲᠠ ᠶᠢᠨ ᠬᠢᠨᠠᠨ ᠪᠣᠳᠣᠯᠲᠠ ᠶᠢ ᠪᠣᠳᠠᠲᠠᠶᠢᠵᠢᠭᠤᠯᠪᠠ᠃ ︽ᠰᠢᠨᠵᠢᠯᠡᠬᠦ | ᠤᠬᠠᠭᠠᠨ ᠲᠧᠭᠨᠢᠭ ᠮᠡᠷᠭᠡᠵᠢᠯ ᠢᠶᠠᠷ ᠬᠢᠨᠠᠨ ᠪᠤᠳᠤᠬᠤ ᠶᠢᠨ ᠬᠡᠷᠡᠭᠵᠢᠭᠦᠯᠬᠦ ᠲᠥᠰᠥᠯ︾ ᠵᠢᠴᠢ ᠢᠵᠢ ᠪᠦᠷᠢᠳᠦᠭᠦᠯᠬᠦ | ᠠᠷᠭ᠎ᠠ ᠶᠢ ᠲᠣᠭᠲᠠᠭᠠᠵᠤ᠂ ︽ᠬᠢᠨᠠᠯᠲᠠ ᠶᠢᠨ ᠭᠤᠣᠯ ᠭᠤᠷᠪᠠᠨ ᠬᠤᠭᠤᠴᠠᠭ᠎ᠠ︾ ᠶᠢᠨ ᠢᠨᠵᠧᠨᠧᠷᠢᠩ ᠤᠨ ᠪᠦᠲᠦᠭᠡᠨ | ᠪᠠᠶᠢᠭᠤᠯᠤᠯᠲᠠ ᠳᠤ ᠲᠦᠰᠢᠭᠯᠡᠨ᠂ ᠬᠢᠨᠠᠨ ᠪᠤᠳᠤᠬᠤ ᠶᠡᠷᠦᠩᠬᠡᠶᠢᠯᠡᠭᠰᠡᠨ ᠬᠠᠮᠢᠶᠠᠷᠤᠯᠲᠠ᠂ ᠲᠤᠬᠠᠢ ᠶᠢᠨ ᠲᠠᠯᠠᠪᠤᠷ ᠤᠨ | ᠬᠢᠨᠠᠨ ᠪᠤᠳᠤᠬᠤ ᠠᠵᠢᠯ ᠤᠨ ᠡᠭᠦᠯᠡ᠂ ᠰᠢᠯᠵᠢᠮᠡᠯ ᠲᠠᠯ᠎ᠠ ᠵᠡᠷᠭᠡ ᠰᠢᠰᠲ᠋ᠧᠮ ᠢ ᠪᠠᠶᠢᠷᠢᠯᠠᠭᠤᠯᠤᠨ ᠪᠡᠶᠡᠯᠡᠭᠦᠯᠵᠦ᠂ ︽ | ᠲᠤᠭ᠎ᠠ ᠪᠠᠷᠢᠮᠲᠠ ᠶᠢᠨ ᠵᠠᠳᠠᠯᠤᠯᠲᠠ + ᠲᠤᠬᠠᠢ ᠶᠢᠨ ᠲᠠᠯᠠᠪᠤᠷ ᠤᠨ ᠪᠠᠶᠢᠴᠠᠭᠠᠯᠲᠠ︾ ᠶᠢᠨ ︽ᠬᠤᠣᠰ ᠭᠤᠣᠯ | ᠬᠢᠨᠠᠯᠲᠠ︾ ᠶᠢᠨ ᠬᠢᠨᠠᠨ ᠪᠤᠳᠤᠬᠤ ᠵᠠᠭᠪᠤᠷ ᠢ ᠳᠡᠯᠭᠡᠷᠡᠭᠦᠯᠦᠨ᠂ ᠬᠢᠨᠠᠨ ᠪᠤᠳᠤᠬᠤ ᠦᠷ᠎ᠡ ᠪᠦᠲᠦᠮᠵᠢ ᠪᠠ | ᠢᠯᠡᠷᠡᠭᠦᠯᠦᠭᠰᠡᠨ ᠠᠰᠠᠭᠤᠳᠠᠯ ᠤᠨ ᠣᠨᠣᠪᠴᠢ ᠶᠢᠨ ᠬᠡᠮᠵᠢᠶ᠎ᠡ ᠶᠢ ᠳᠡᠭᠡᠭᠰᠢᠯᠡᠭᠦᠯᠪᠡ᠃ ᠡᠯ᠎ᠡ ᠲᠥᠷᠥᠯ ᠤᠨ ᠬᠢᠨᠠᠨ | ᠪᠤᠳᠤᠬᠤ ᠲᠥᠷᠥᠯ ᠵᠦᠢᠯ ᠳᠤ ᠨᠡᠶᠢᠲᠡ 237 ᠬᠢᠨᠠᠨ ᠪᠤᠳᠤᠬᠤ ᠵᠠᠭᠪᠤᠷ ᠢ ᠪᠠᠶᠢᠭᠤᠯᠵᠤ᠂ ᠨᠠᠶᠢᠷᠠᠭᠤᠯᠤᠨ ᠪᠢᠴᠢᠭᠰᠡᠨ | 13 ᠲᠣᠮᠣ ᠲᠤᠭ᠎ᠠ ᠪᠠᠷᠢᠮᠲᠠ ᠶᠢᠨ ᠬᠡᠷᠡᠭ ᠤᠨ ᠵᠢᠱᠢᠶ᠎ᠡ ᠪᠠ 6 ᠮᠡᠷᠭᠡᠵᠢᠯ ᠤᠨ ᠪᠠᠭᠠᠵᠢ ᠶᠢ ᠥᠪᠡᠷᠲᠡᠭᠡᠨ ᠵᠠᠰᠠᠬᠤ | ᠣᠷᠣᠨ ᠤ ᠬᠢᠨᠠᠨ ᠪᠤᠳᠤᠬᠤ ᠲᠢᠩᠬᠢᠮ ᠳᠤ ᠬᠡᠷᠡᠭᠯᠡᠵᠦ᠂ 40 ᠬᠥᠮᠥᠨ ᠢ ᠬᠢᠨᠠᠨ ᠪᠤᠳᠤᠬᠤ ᠵᠠᠬᠢᠷᠭ᠎ᠠ ᠶᠢᠨ | ᠺᠣᠮᠫᠢᠦ᠋ᠲ᠋ᠧᠷ ᠤᠨ ᠳᠤᠮᠳᠠ ᠵᠡᠷᠭᠡ ᠶᠢᠨ ᠪᠣᠯᠪᠠᠰᠤᠷᠠᠯ ᠤᠨ ᠰᠢᠯᠭᠠᠯᠲᠠ ᠪᠠᠷ ᠳᠡᠮᠵᠢᠨ᠂ ᠪᠥᠬᠦ ᠣᠷᠣᠨ ᠤ ᠡᠮᠦᠨ᠎ᠡ | ᠡᠩᠨᠡᠭᠡᠨ ᠳᠤ ᠣᠷᠣᠭᠤᠯᠪᠠ᠃ | ᠭᠤᠷᠪᠠ ᠳᠤ᠂ ᠳᠣᠲᠣᠭᠠᠳᠤ ᠶᠢᠨ ᠬᠢᠨᠠᠨ ᠪᠣᠳᠣᠯᠲᠠ ᠶᠢᠨ ᠵᠢᠯᠣᠭᠤᠳᠤᠯᠭ᠎ᠠ ᠬᠢᠨᠠᠯᠲᠠ ᠶᠢ ᠴᠢᠩᠭᠠᠷᠠᠭᠤᠯᠪᠠ᠃ | ︽ᠳᠣᠲᠣᠭᠠᠳᠤ ᠶᠢᠨ ᠬᠢᠨᠠᠨ ᠪᠤᠳᠤᠬᠤ ᠶᠠᠰᠤ ᠴᠢᠨᠠᠷ ᠢ ᠪᠠᠶᠢᠴᠠᠭᠠᠬᠤ ᠠᠵᠢᠯ ᠤᠨ ᠲᠥᠰᠥᠯ︾᠂ ︽︿ᠬᠢᠨᠠᠨ ᠪᠤᠳᠤᠬᠤ ᠪᠠᠷ | ᠪᠣᠯᠪᠠᠰᠤᠷᠠᠯ ᠢ ᠣᠷᠣᠯᠠᠭᠤᠯᠬᠤ﹀ ᠳᠣᠲᠣᠭᠠᠳᠤ ᠶᠢᠨ ᠬᠢᠨᠠᠨ ᠪᠤᠳᠤᠬᠤ ᠠᠵᠢᠯᠲᠠᠨ ᠤ ᠬᠠᠮᠢᠶᠠᠷᠤᠯᠲᠠ ᠶᠢᠨ ᠠᠷᠭ᠎ᠠ︾ ᠶᠢ | ᠲᠣᠭᠲᠠᠭᠠᠵᠤ᠂ ᠳᠣᠲᠣᠭᠠᠳᠤ ᠶᠢᠨ ᠬᠢᠨᠠᠨ ᠪᠤᠳᠤᠬᠤ ᠪᠠᠶᠢᠭᠤᠯᠤᠮᠵᠢ ᠶᠢᠨ ᠬᠢᠨᠠᠯᠲᠠ ᠲᠠᠯᠪᠢᠵᠤ ᠵᠢᠯᠤᠭᠤᠳᠬᠤ ᠶᠢ | ᠴᠢᠩᠭᠠᠳᠬᠠᠪᠠ᠃ ᠳᠣᠲᠣᠭᠠᠳᠤ ᠶᠢᠨ ᠬᠢᠨᠠᠨ ᠪᠤᠳᠤᠬᠤ ᠬᠦᠴᠦᠨ ᠢ ᠳᠠᠶᠢᠴᠢᠯᠠᠵᠤ᠂ 38 ᠳᠣᠲᠣᠭᠠᠳᠤ ᠶᠢᠨ ᠬᠢᠨᠠᠨ | ᠪᠤᠳᠤᠬᠤ ᠠᠵᠢᠯᠲᠠᠨ ᠢ ︽ᠬᠢᠨᠠᠨ ᠪᠠᠶᠢᠴᠠᠭᠠᠬᠤ ᠪᠠᠷ ᠪᠣᠯᠪᠠᠰᠤᠷᠠᠯ ᠢ ᠣᠷᠣᠯᠠᠭᠤᠯᠬᠤ︾ ᠪᠠᠷ ᠳᠠᠮᠵᠢᠭᠤᠯᠤᠨ ᠬᠢᠨᠠᠨ | ᠪᠤᠳᠤᠬᠤ ᠲᠥᠷᠥᠯ ᠵᠦᠢᠯ ᠳᠤ ᠣᠷᠣᠯᠴᠠᠭᠤᠯᠵᠤ᠂ ᠬᠢᠨᠠᠯᠲᠠ ᠲᠠᠯᠪᠢᠬᠤ ᠶᠡᠭᠡ ᠪᠠᠶᠢᠷᠢᠰᠢᠯ ᠢ ᠪᠣᠶ ᠪᠣᠯᠭᠠᠪᠠ᠃ ᠬᠢᠨᠠᠨ | ᠪᠤᠳᠤᠬᠤ ᠨᠡᠶᠢᠭᠡᠮᠯᠢᠭ ᠲᠤ ᠲᠦᠰᠢᠭᠯᠡᠨ᠂ ᠤᠷᠢᠳ ᠬᠤᠵᠢᠳ 3 ᠪᠦᠯᠦᠭ ᠤᠳᠠᠭ᠎ᠠ ᠬᠤᠪᠢᠶᠠᠨ 62 ᠬᠥᠮᠥᠨ ᠢ | ᠵᠣᠬᠢᠶᠠᠨ ᠪᠠᠶᠢᠭᠤᠯᠤᠨ ᠵᠠᠬᠢᠷᠭ᠎ᠠ᠂ ᠲᠢᠩᠬᠢᠮ ᠠᠴᠠ ᠡᠷᠭᠢᠯᠡᠭᠰᠡᠨ ᠳᠣᠲᠣᠭᠠᠳᠤ ᠶᠢᠨ ᠬᠢᠨᠠᠨ ᠪᠤᠳᠤᠬᠤ ᠠᠵᠢᠯᠲᠠᠨ ᠤ | ᠪᠣᠯᠪᠠᠰᠤᠷᠠᠯ ᠳᠤ ᠣᠷᠣᠯᠴᠠᠭᠤᠯᠵᠤ᠂ ᠳᠣᠲᠣᠭᠠᠳᠤ ᠰᠢᠭᠦᠭᠴᠢ ᠶᠢᠨ ᠴᠢᠳᠠᠪᠤᠷᠢ ᠬᠡᠪ ᠴᠢᠨᠠᠷ ᠪᠠ ᠬᠢᠷᠢ ᠬᠡᠮᠵᠢᠶ᠎ᠡ ᠶᠢ | ᠪᠦᠲᠦᠮᠵᠢᠲᠡᠶ ᠳᠡᠭᠡᠭᠰᠢᠯᠡᠭᠦᠯᠪᠡ᠃ | ︵ᠳᠥᠷᠪᠡ︶ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠪᠠ ᠬᠢᠨᠠᠨ ᠪᠠᠶᠢᠴᠠᠭᠠᠬᠤ ᠶᠢ ᠢᠳᠡᠪᠬᠢᠲᠡᠢ | ᠠᠬᠢᠭᠤᠯᠵᠤ᠂ ︽ᠲᠠᠪᠤᠨ ᠵᠦᠢᠯ ᠢ ᠳᠡᠭᠡᠭᠰᠢᠯᠡᠭᠦᠯᠬᠦ︾ ᠶᠢ ᠬᠢᠨᠠᠨ ᠪᠤᠳᠤᠬᠤ ᠦᠢᠯᠡᠳᠦᠯᠭᠡ ᠳᠤ ᠦᠨᠡᠨ ᠬᠦ ᠠᠭᠤᠰᠬᠠᠨ | ᠣᠷᠣᠭᠤᠯᠪᠠ᠃ ᠪᠢᠳᠡ ᠪᠠᠶᠢᠭᠤᠯᠭ᠎ᠠ ᠶᠢᠨ ᠲᠤᠰ ᠪᠡᠶ᠎ᠡ ᠶᠢᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠬᠤ ᠪᠠᠷ | ᠰᠠᠭᠤᠷᠢ ᠲᠠᠯᠪᠢᠬᠤ᠂ ᠠᠯᠤᠰ ᠬᠡᠳᠦ ᠳᠤ ᠠᠰᠢᠭᠲᠠᠢ ᠰᠠᠭᠤᠷᠢ ᠴᠢᠨᠠᠷᠲᠠᠢ ᠠᠵᠢᠯ ᠪᠣᠯᠭᠠᠵᠤ᠂ ︽ᠬᠢᠨᠠᠨ ᠪᠤᠳᠤᠬᠤ | ᠵᠣᠷᠢᠭ ᠰᠠᠨᠠᠭ᠎ᠠ ᠪᠠᠷ ᠪᠡᠶ᠎ᠡ ᠪᠠᠨ ᠵᠠᠰᠠᠵᠤ᠂ ᠰᠢᠨ᠎ᠡ ᠶᠢ ᠡᠭᠦᠳᠬᠦ ᠵᠢᠷᠤᠮᠵᠢᠯ ᠢᠶᠠᠷ ᠦᠢᠯᠡᠰ ᠪᠣᠰᠬᠠᠵᠤ ᠂ ᠲᠤᠰ | ᠪᠡᠶ᠎ᠡ ᠶᠢᠨ ᠪᠦᠲᠦᠭᠡᠨ ᠪᠠᠶᠢᠭᠤᠯᠤᠯᠲᠠ ᠪᠠᠷ ᠢᠲᠡᠭᠡᠯ ᠣᠯᠭᠤᠬᠤ︾ ᠶᠡᠷᠦᠩᠬᠡᠢ ᠱᠠᠭᠠᠷᠳᠠᠯᠭ᠎ᠠ ᠲᠠᠢ ᠪᠦᠬᠦ ᠲᠠᠯ᠎ᠠ ᠪᠠᠷ | ᠬᠠᠷᠭᠤᠭᠤᠯᠵᠤ᠂ ᠬᠢᠨᠠᠨ ᠪᠤᠳᠤᠬᠤ ᠡᠭᠦᠷᠭᠡ ᠶᠢ ᠴᠢᠨᠠᠷ ᠰᠠᠶᠢᠲᠠᠢ ᠥᠨᠳᠥᠷ ᠪᠦᠲᠦᠮᠵᠢᠲᠡᠢ ᠪᠡᠶᠡᠯᠡᠭᠦᠯᠬᠦ ᠳᠤ | ᠪᠠᠲᠤᠯᠠᠭ᠎ᠠ ᠬᠠᠩᠭᠠᠪᠠ᠃ | ᠨᠢᠭᠡ ᠳᠤ᠂ ᠶᠠᠰᠤ ᠴᠢᠨᠠᠷ ᠢ ᠳᠡᠭᠡᠭᠰᠢᠯᠡᠭᠦᠯᠬᠦ ᠠᠵᠢᠯᠯᠠᠭ᠎ᠠ ᠶᠢ ᠥᠷᠨᠢᠭᠦᠯᠪᠡ᠃ ᠬᠢᠨᠠᠨ ᠪᠤᠳᠤᠬᠤ ᠶᠠᠰᠤ | ᠴᠢᠨᠠᠷ ᠨᠢ ︽ᠰᠣᠳᠣᠨ ᠪᠦᠲᠦᠭᠡᠯ ᠭᠠᠷᠭᠠᠬᠤ ᠪᠠᠷ ᠮᠠᠰᠢᠳᠠ ᠴᠢᠷᠮᠠᠶᠢᠬᠤ︾ ᠶᠢ ᠪᠠᠷᠢᠮᠲᠠᠯᠠᠵᠤ᠂ ︽ᠰᠢᠯᠢᠳᠡᠭ ᠬᠢᠨᠠᠨ | ᠪᠤᠳᠤᠬᠤ ᠲᠥᠷᠥᠯ ᠵᠦᠢᠯ ᠢ ᠰᠢᠯᠭᠠᠷᠠᠭᠤᠯᠬᠤ ᠠᠷᠭ᠎ᠠ︾ ︽ᠬᠢᠨᠠᠨ ᠪᠤᠳᠤᠬᠤ ᠮᠡᠳᠡᠭᠦᠯᠦᠯᠲᠡ ᠶᠢᠨ ᠰᠢᠯᠢᠳᠡᠭ | ᠵᠥᠷᠢᠶᠡᠲᠦ ᠦᠨᠡᠯᠡᠯᠲᠡ ᠶᠢᠨ ᠲᠥᠰᠥᠯ︾ ᠢ ᠲᠣᠭᠲᠠᠭᠠᠵᠤ᠂ ᠰᠢᠯᠢᠳᠡᠭ ᠢ ᠰᠢᠯᠭᠠᠷᠠᠭᠤᠯᠬᠤ ᠪᠠᠷ ᠬᠢᠨᠠᠨ ᠪᠤᠳᠤᠬᠤ | ᠶᠠᠰᠤ ᠴᠢᠨᠠᠷ ᠢ ᠳᠠᠶᠢᠴᠢᠯᠠᠪᠠ᠃ ᠬᠢᠨᠠᠨ ᠪᠤᠳᠤᠬᠤ ᠶᠠᠰᠤ ᠴᠢᠨᠠᠷ ᠤᠨ ᠡᠵᠡᠮᠳᠡᠯ ᠢ ᠴᠢᠩᠭᠠᠷᠠᠭᠤᠯᠵᠤ᠂ ︽ᠬᠢᠨᠠᠨ ᠪᠤᠳᠤᠬᠤ | ᠶᠠᠰᠤ ᠴᠢᠨᠠᠷ ᠤᠨ ᠪᠥᠬᠦ ᠠᠵᠢᠯᠲᠠᠨ᠂ ᠪᠥᠬᠦ ᠶᠠᠪᠤᠴᠠ᠂ ᠪᠥᠬᠦ ᠬᠦᠴᠦᠨ ᠵᠦᠢᠯ ᠤᠨ ᠬᠠᠮᠢᠶᠠᠷᠤᠨ ᠡᠵᠡᠮᠳᠡᠬᠦ | ᠰᠠᠨᠠᠭᠤᠯᠤᠮᠵᠢ ᠶᠢᠨ ᠨᠠᠷᠢᠨ ᠬᠠᠭᠤᠳᠠᠰᠤ︾᠂ ︽ᠭᠤᠣᠯ ᠪᠣᠯᠬᠤ ᠬᠢᠨᠠᠨ ᠪᠤᠳᠤᠬᠤ ᠪᠢᠴᠢᠭ ᠬᠠᠷ᠎ᠠ ᠶᠢᠨ ᠯᠠᠪᠯᠠᠯᠲᠠ ᠶᠢᠨ | ᠬᠡᠯᠪᠡᠷᠢ︾ ᠶᠢ ᠨᠠᠶᠢᠷᠠᠭᠤᠯᠤᠨ ᠳᠠᠷᠤᠮᠠᠯᠯᠠᠵᠤ᠂ ᠬᠢᠨᠠᠨ ᠬᠠᠷᠭᠤᠭᠤᠯᠬᠤ᠂ ᠳᠠᠬᠢᠨ ᠬᠢᠨᠠᠬᠤ᠂ ᠰᠢᠭᠦᠬᠦ ᠬᠠᠷᠢᠭᠤᠴᠠᠯᠭ᠎ᠠ ᠶᠢ | ᠪᠥᠬᠦ ᠲᠠᠯ᠎ᠠ ᠪᠠᠷ ᠪᠣᠳᠠᠲᠠᠶᠢᠵᠢᠭᠤᠯᠪᠠ᠃ ᠡᠯ᠎ᠡ ᠬᠤᠰᠢᠭᠤ ᠰᠢᠶᠠᠨ ᠲᠣᠭᠤᠷᠢᠭ ᠤᠨ ᠬᠢᠨᠠᠨ ᠪᠤᠳᠤᠬᠤ | ᠪᠠᠶᠢᠭᠤᠯᠭ᠎ᠠ ᠶᠢᠨ ᠬᠠᠤᠯᠢ ᠶᠣᠰᠣᠭᠠᠷ ᠵᠠᠰᠠᠭ ᠶᠠᠪᠤᠭᠤᠯᠬᠤ ᠪᠠ ᠬᠢᠨᠠᠨ ᠪᠤᠳᠤᠬᠤ ᠲᠤᠬᠠᠶᠢᠯᠠᠭᠰᠠᠨ ᠠᠵᠢᠯ ᠤᠨ ᠶᠠᠰᠤ | ᠴᠢᠨᠠᠷ ᠢ ᠪᠥᠬᠦ ᠲᠠᠯ᠎ᠠ ᠪᠠᠷ ᠪᠠᠶᠢᠴᠠᠭᠠᠬᠤ ᠶᠢ ᠵᠣᠬᠢᠶᠠᠨ ᠪᠠᠶᠢᠭᠤᠯᠵᠤ᠂ ᠨᠡᠶᠢᠲᠡ 50 ᠬᠢᠨᠠᠨ ᠪᠤᠳᠤᠬᠤ ᠲᠥᠷᠥᠯ ᠵᠦᠢᠯ᠂ | 87 ᠳᠠᠩᠰᠠ ᠡᠪᠬᠡᠮᠡᠯ ᠢ ᠰᠤᠭᠤᠴᠢᠨ ᠪᠠᠶᠢᠴᠠᠭᠠᠵᠤ᠂ 13 ᠲᠠᠯ᠎ᠠ ᠶᠢᠨ 391 ᠠᠰᠠᠭᠤᠳᠠᠯ ᠢ ᠢᠯᠡᠷᠡᠭᠦᠯᠵᠦ᠂ 7 | ᠵᠤᠷᠪᠤᠰ ᠠᠵᠢᠯ ᠤᠨ ᠰᠠᠨᠠᠭᠤᠯᠭ᠎ᠠ ᠳᠤᠷᠠᠳᠪᠠ᠃ ᠪᠥᠬᠦ ᠣᠷᠣᠨ ᠤ ᠬᠢᠨᠠᠨ ᠪᠤᠳᠤᠬᠤ ᠲᠥᠷᠥᠯ ᠵᠦᠢᠯ ᠤᠨ ᠳᠠᠷᠠᠭᠠᠬᠢ | ᠦᠨᠡᠯᠡᠨ ᠵᠢᠱᠢᠯᠲᠡ᠂ ᠬᠢᠨᠠᠨ ᠪᠣᠳᠣᠯᠲᠠ ᠶᠢᠨ ᠮᠡᠳᠡᠭᠦᠯᠦᠯᠲᠡ ᠶᠢᠨ ᠰᠢᠯᠢᠳᠡᠭ ᠵᠥᠷᠢᠶᠡᠲᠦ ᠦᠨᠡᠯᠡᠯᠲᠡ ᠳᠤ᠂ ᠡᠯ᠎ᠡ | ᠵᠦᠢᠯ ᠤᠨ ᠨᠡᠷᠡᠰ ᠤᠨ ᠵᠢᠭᠰᠠᠭᠠᠯᠲᠠ ᠡᠮᠦᠨ᠎ᠡ ᠡᠩᠨᠡᠭᠡ ᠳᠤ ᠣᠷᠣᠬᠤ ᠪᠠᠨ ᠪᠠᠲᠤᠯᠠᠪᠠ᠃ | ᠬᠤᠶᠠᠷ ᠲᠤ᠂ ᠦᠷ᠎ᠡ ᠪᠦᠲᠦᠭᠡᠯ ᠢ ᠳᠡᠭᠡᠭᠰᠢᠯᠡᠭᠦᠯᠬᠦ ᠠᠵᠢᠯᠯᠠᠭ᠎ᠠ ᠶᠢ ᠥᠷᠨᠢᠭᠦᠯᠪᠡ᠃ ᠬᠢᠨᠠᠨ ᠪᠣᠳᠣᠯᠲᠠ ᠶᠢᠨ | ᠮᠡᠳᠡᠭᠦᠯᠦᠯᠲᠡ ᠶᠢ ᠭᠦᠨᠵᠡᠭᠡᠢ ᠡᠳ᠋ᠰᠢᠭᠦᠯᠬᠦ ᠶᠢ ᠰᠠᠶᠢᠲᠤᠷ ᠬᠢᠵᠦ᠂ ᠶᠡᠷᠦᠩᠬᠡᠶᠢᠯᠡᠭᠰᠡᠨ ᠮᠡᠳᠡᠭᠦᠯᠦᠯᠲᠡ᠂ ᠲᠤᠰᠬᠠᠢ | ᠰᠡᠳᠦᠪᠲᠦ ᠮᠡᠳᠡᠭᠦᠯᠦᠯᠲᠡ᠂ ᠲᠤᠰᠬᠠᠢ ᠲᠦᠷᠦᠯ ᠤᠨ ᠮᠡᠳᠡᠭᠦᠯᠦᠯᠲᠡ ᠶᠢ ᠴᠠᠭ ᠲᠤᠬᠠᠢ ᠳᠤ ᠨᠢ ᠪᠣᠯᠪᠠᠰᠤᠷᠠᠭᠤᠯᠤᠨ | ᠪᠦᠷᠢᠯᠳᠦᠭᠦᠯᠵᠦ᠂ ᠰᠠᠨᠠᠯ ᠵᠥᠪᠯᠡᠯᠭᠡ ᠳᠤᠷᠠᠳᠤᠨ ᠠᠷᠭ᠎ᠠ ᠤᠬᠠᠭᠠᠨ ᠭᠠᠷᠭᠠᠬᠤ ᠲᠦᠪᠰᠢᠨ ᠢᠶᠠᠨ ᠲᠠᠰᠤᠷᠠᠯᠲᠠ ᠦᠭᠡᠢ | ᠳᠡᠭᠡᠭᠰᠢᠯᠡᠭᠦᠯᠵᠦ᠂ ᠬᠤᠳᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠰᠢᠢᠳᠪᠦᠷᠢᠲᠦ ᠪᠣᠳᠣᠯᠭ᠎ᠠ | ᠲᠣᠭᠲᠠᠭᠠᠬᠤ ᠳᠤ ᠯᠠᠪᠯᠠᠯᠲᠠ ᠬᠠᠩᠭᠠᠪᠠ᠃ ᠠᠯᠪᠠᠨ ᠵᠢᠷᠤᠮ ᠤᠨ ᠰᠤᠷᠭᠠᠨ ᠬᠥᠮᠦᠵᠢᠯ᠂ ᠠᠯᠪᠠᠨ ᠠᠴᠠ | ᠪᠠᠶᠢᠭᠤᠯᠤᠭᠰᠠᠨ ᠡᠮᠨᠡᠯᠭᠡ ᠶᠢᠨ ᠬᠤᠷᠢᠶ᠎ᠠ᠂ ᠵᠠᠰᠠᠭ ᠤᠨ ᠣᠷᠳᠣᠨ ᠤ ᠪᠡᠯᠡ ᠣᠷᠣᠭᠤᠯᠤᠯᠲᠠ᠂ ᠪᠧᠢ ᠯᠢᠶᠠᠩ ᠤᠨ | ᠳᠥᠭᠦᠮ ᠪᠦᠳᠦᠭᠦᠯᠢᠭ ᠣᠷᠣᠨ ᠰᠠᠭᠤᠴᠠ ᠶᠢ ᠥᠭᠡᠷᠡᠴᠢᠯᠡᠨ ᠰᠢᠨᠡᠳᠬᠡᠬᠦ ᠵᠡᠷᠭᠡ ᠬᠢᠨᠠᠨ ᠪᠤᠳᠤᠭᠰᠠᠨ ᠦᠷ᠎ᠡ | ᠳ᠋ᠦᠩ ᠤᠨ ᠲᠣᠭᠤᠷᠢᠨ ᠳᠤ᠂ ᠬᠤᠲᠠ ᠶᠢᠨ ᠨᠠᠮ ᠤᠨ ᠬᠤᠷᠢᠶᠠᠨ ᠤ ᠬᠢᠨᠠᠨ ᠪᠤᠳᠤᠬᠤ ᠵᠥᠪᠯᠡᠯ ᠳᠤ ᠡᠯ᠎ᠡ ᠲᠥᠷᠥᠯ ᠤᠨ | ᠮᠡᠳᠡᠭᠦᠯᠦᠯᠲᠡ ᠶᠢ 14 ᠬᠤᠪᠢ ᠮᠡᠳᠡᠭᠦᠯᠵᠦ᠂ ᠡᠭᠦᠨ ᠳᠤ 10 ᠬᠤᠪᠢ ᠨᠢ ᠬᠤᠲᠠ ᠶᠢᠨ ᠨᠠᠮ ᠤᠨ ᠬᠤᠷᠢᠶ᠎ᠠ᠂ | ᠬᠤᠲᠠ ᠶᠢᠨ ᠵᠠᠰᠠᠭ ᠤᠨ ᠣᠷᠳᠣᠨ ᠤ ᠭᠤᠣᠯ ᠤᠳᠤᠷᠢᠳᠤᠯᠭ᠎ᠠ ᠶᠢᠨ ᠮᠥᠨ ᠴᠢᠨᠠᠷ ᠤᠨ ᠴᠣᠬᠤᠯᠠᠪᠤᠷᠢ ᠶᠢ ᠣᠯᠣᠭᠰᠠᠨ | ᠪᠠᠶᠢᠨ᠎ᠠ᠃ ᠬᠢᠨᠠᠨ ᠪᠤᠳᠤᠬᠤ ᠲᠥᠷᠥᠯ ᠵᠦᠢᠯ ᠳᠤ ᠲᠦᠰᠢᠭᠯᠡᠨ᠂ 681 ᠬᠤᠪᠢ ᠬᠢᠨᠠᠨ ᠪᠤᠳᠤᠬᠤ ᠮᠡᠳᠡᠭᠡ ᠵᠠᠩᠭᠢ ᠶᠢ | ᠨᠠᠶᠢᠷᠠᠭᠤᠯᠤᠨ ᠮᠡᠳᠡᠭᠦᠯᠵᠦ᠂ ᠬᠤᠲᠠ ᠶᠢᠨ ᠱᠠᠲᠤ ᠵᠢᠴᠢ ᠲᠡᠭᠦᠨ ᠠᠴᠠ ᠳᠡᠭᠡᠭᠰᠢᠬᠢ ᠭᠤᠣᠯ ᠵᠠᠭᠤᠴᠢᠯᠠᠭᠤᠷ ᠲᠤ | 339 ᠬᠤᠪᠢ ︵ᠤᠳᠠᠭ᠎ᠠ︶ ᠬᠢᠨᠠᠨ ᠪᠤᠳᠤᠬᠤ ᠰᠠᠨᠠᠭᠤᠯᠭ᠎ᠠ ᠶᠢ 546 ᠵᠤᠷᠪᠤᠰ ᠳᠤᠷᠠᠳᠤᠨ ᠭᠠᠷᠭᠠᠪᠠ᠃ ᠣᠯᠠᠨ | ᠵᠦᠢᠯ ᠤᠨ ᠬᠡᠯᠪᠡᠷᠢ ᠪᠠᠷ ᠬᠢᠨᠠᠨ ᠪᠤᠳᠤᠬᠤ ᠪᠠᠶᠢᠭᠤᠯᠭ᠎ᠠ ᠪᠠᠶᠢᠭᠤᠯᠤᠭᠳᠠᠭᠰᠠᠨ 40 ᠵᠢᠯ ᠤᠨ ᠣᠢ᠂ ᠪᠥᠬᠦ | ᠬᠤᠲᠠ ᠶᠢᠨ ᠬᠢᠨᠠᠨ ᠪᠤᠳᠤᠬᠤ ᠪᠠᠶᠢᠭᠤᠯᠭ᠎ᠠ ᠶᠢᠨ ᠵᠣᠬᠢᠶᠠᠯ ᠡᠯᠰᠡᠬᠦ ᠠᠵᠢᠯᠯᠠᠭ᠎ᠠ ᠶᠢᠨ ᠳᠤᠮᠳᠠ᠂ 16 ᠨᠡᠷᠡᠰ ᠱᠠᠩᠨᠠᠯ | ᠣᠯᠣᠭᠰᠠᠨ ᠬᠥᠮᠥᠰ ᠢ ᠰᠢᠯᠭᠠᠷᠠᠭᠤᠯᠤᠨ ᠭᠠᠷᠭᠠᠵᠤ᠂ ᠬᠢᠨᠠᠨ ᠪᠤᠳᠤᠬᠤ ᠴᠤᠭ ᠵᠢᠪᠬᠤᠭ᠎ᠠ ᠶᠢ ᠢᠯᠡᠷᠡᠭᠦᠯᠵᠦ᠂ ᠰᠢᠨ᠎ᠡ | ᠴᠠᠭ ᠦᠶ᠎ᠡ ᠶᠢᠨ ᠬᠢᠨᠠᠨ ᠪᠤᠳᠤᠬᠤ ᠠᠵᠢᠯᠲᠠᠨ ᠤ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ | ᠤᠯᠤᠰ ᠤᠨ ᠢᠶᠠᠨ ᠲᠥᠯᠥᠭᠡ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ᠂ ᠠᠷᠠᠳ ᠲᠦᠮᠡᠨ ᠤ ᠲᠥᠯᠥᠭᠡ | ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ ᠰᠡᠳᠬᠢᠯᠭᠡ ᠪᠠᠨ ᠴᠢᠩᠭᠠᠷᠠᠭᠤᠯᠬᠤ ᠶᠢ ᠵᠣᠷᠢᠭᠵᠢᠭᠤᠯᠪᠠ᠃ | ᠭᠤᠷᠪᠠ ᠳᠤ᠂ ᠴᠡᠭᠴᠡᠯᠡᠨ ᠰᠠᠶᠢᠵᠢᠷᠠᠭᠤᠯᠵᠤ ᠳᠡᠭᠡᠭᠰᠢᠯᠡᠭᠦᠯᠬᠦ ᠠᠵᠢᠯᠯᠠᠭ᠎ᠠ ᠶᠢ ᠥᠷᠨᠢᠭᠦᠯᠪᠡ᠃ ᠬᠢᠨᠠᠨ | ᠪᠤᠳᠤᠵᠤ ᠴᠡᠭᠴᠡᠯᠡᠨ ᠰᠠᠶᠢᠵᠢᠷᠠᠭᠤᠯᠬᠤ ᠶᠢ ᠡᠳᠦᠷ ᠲᠤᠲᠤᠮ ᠤᠨ ᠬᠢᠨᠠᠯᠲᠠ ᠲᠠᠯᠪᠢᠬᠤ ᠴᠢᠬᠤᠯᠠ ᠭᠠᠷᠳᠠᠴᠠ ᠪᠣᠯᠭᠠᠵᠤ | ᠂ ᠬᠢᠨᠠᠨ ᠪᠤᠳᠤᠵᠤ ᠢᠯᠡᠷᠡᠭᠦᠯᠦᠭᠰᠡᠨ ᠠᠰᠠᠭᠤᠳᠠᠯ ᠤᠨ ᠡᠮᠦᠨᠡᠬᠢ ᠠᠵᠢᠯ ᠪᠠ ᠴᠡᠭᠴᠡᠯᠡᠨ ᠰᠠᠶᠢᠵᠢᠷᠠᠭᠤᠯᠬᠤ | ᠲᠠᠷᠠᠭᠠᠴᠢ ᠶᠢᠨ ᠠᠵᠢᠯ ᠢ ᠨᠢᠭᠡ ᠴᠣᠭᠴᠠᠵᠢᠭᠤᠯᠤᠨ ᠠᠬᠢᠭᠤᠯᠪᠠ᠃ ︽ᠬᠢᠨᠠᠨ ᠪᠣᠳᠣᠯᠲᠠ ᠪᠠᠷ ᠪᠠᠶᠢᠴᠠᠭᠠᠵᠤ | ᠭᠠᠷᠭᠠᠭᠰᠠᠨ ᠠᠰᠠᠭᠤᠳᠠᠯ ᠢ ᠴᠡᠭᠴᠡᠯᠡᠨ ᠰᠠᠶᠢᠵᠢᠷᠠᠭᠤᠯᠬᠤ ᠴᠠᠭ ᠤᠨ ᠬᠢᠵᠠᠭᠠᠷ ᠢ ᠨᠤᠲᠠᠯᠠᠬᠤ ᠪᠠ ᠴᠡᠭᠴᠡᠯᠡᠨ | ᠰᠠᠶᠢᠵᠢᠷᠠᠭᠤᠯᠵᠤ ᠳ᠋ᠤᠭᠠᠷ ᠢ ᠬᠠᠰᠤᠬᠤ ᠶᠢ ᠬᠡᠷᠡᠭᠵᠢᠭᠦᠯᠬᠦ ᠠᠷᠭ᠎ᠠ︾᠂ ︽ᠬᠢᠨᠠᠨ ᠪᠣᠳᠣᠯᠲᠠ ᠪᠠᠷ ᠪᠠᠶᠢᠴᠠᠭᠠᠵᠤ | ᠭᠠᠷᠭᠠᠭᠰᠠᠨ ᠠᠰᠠᠭᠤᠳᠠᠯ ᠢ ᠴᠡᠭᠴᠡᠯᠡᠨ ᠰᠠᠶᠢᠵᠢᠷᠠᠭᠤᠯᠵᠤ ᠰᠢᠮᠳᠠᠭᠤᠯᠤᠨ ᠪᠠᠶᠢᠴᠠᠭᠠᠬᠤ ᠠᠵᠢᠯ ᠤᠨ ᠬᠡᠷᠡᠭᠵᠢᠭᠦᠯᠬᠦ | ᠠᠷᠭ᠎ᠠ︾ ᠶᠢ ᠲᠣᠭᠲᠠᠭᠠᠵᠤ᠂ ᠨᠠᠷᠢᠨ ᠬᠠᠭᠤᠳᠠᠰᠤ ᠶᠢ ᠲᠤᠰᠢᠶᠠᠨ ᠰᠢᠢᠳᠪᠦᠷᠢᠯᠡᠭᠦᠯᠬᠦ᠂ ᠲᠣᠭᠲᠠᠮᠠᠯ | ᠬᠤᠭᠤᠴᠠᠭ᠎ᠠ ᠲᠠᠢ ᠪᠠᠷ ᠰᠠᠨᠠᠭᠤᠯᠬᠤ᠂ ᠬᠠᠷᠢᠭᠤ ᠲᠤᠰᠬᠠᠵᠤ ᠬᠢᠨᠠᠨ ᠬᠠᠷᠭᠤᠭᠤᠯᠬᠤ ᠶᠢᠨ ︽ᠰᠢᠮᠳᠠᠭᠤᠯᠬᠤ᠂ | ᠥᠭᠡᠷᠡᠴᠢᠯᠡᠭᠦᠯᠬᠦ᠂ ᠪᠣᠷᠣᠯᠠᠭᠤᠯᠬᠤ ᠶᠢ ᠬᠢᠨᠠᠨ ᠬᠠᠷᠭᠤᠭᠤᠯᠬᠤ︾ ᠪᠢᠲᠡᠭᠦᠦ ᠭᠤᠭᠴᠤᠭ᠎ᠠ ᠶᠢᠨ ᠬᠠᠮᠢᠶᠠᠷᠤᠯᠲᠠ ᠶᠢ | ᠬᠡᠷᠡᠭᠵᠢᠭᠦᠯᠵᠦ᠂ ︽ᠬᠠᠭᠠᠰ ᠰᠠᠷ᠎ᠠ ᠳᠤ ᠨᠢᠭᠡ ᠲᠣᠬᠢᠷᠠᠭᠤᠯᠵᠤ᠂ ᠨᠢᠭᠡ ᠰᠠᠷ᠎ᠠ ᠳᠤ ᠨᠢᠭᠡ ᠵᠠᠷᠯᠠᠨ ᠮᠡᠳᠡᠭᠳᠡᠬᠦ︾ ᠶᠢ | ᠬᠡᠷᠡᠭᠵᠢᠭᠦᠯᠵᠦ᠂ ᠴᠡᠭᠴᠡᠯᠡᠨ ᠰᠠᠶᠢᠵᠢᠷᠠᠭᠤᠯᠬᠤ ᠶᠢ ᠰᠢᠮᠳᠠᠭᠤᠯᠬᠤ ᠶᠢ ᠪᠠᠶᠢᠩᠭᠤᠵᠢᠭᠤᠯᠬᠤ ᠶᠢ ᠪᠡᠶᠡᠯᠡᠭᠦᠯᠪᠡ᠃ | ᠬᠢᠨᠠᠯᠲᠠ ᠶᠢ ᠨᠡᠪᠲᠡᠷᠡᠯᠴᠡᠭᠦᠯᠦᠨ ᠵᠣᠬᠢᠴᠠᠭᠤᠯᠬᠤ ᠶᠢ ᠠᠬᠢᠭᠤᠯᠵᠤ᠂ ᠬᠤᠲᠠ ᠶᠢᠨ ᠰᠠᠬᠢᠯᠭ᠎ᠠ ᠪᠠᠲᠤ ᠪᠠᠶᠢᠴᠠᠭᠠᠬᠤ | ᠬᠤᠷᠢᠶ᠎ᠠ ᠬᠢᠨᠠᠨ ᠪᠠᠶᠢᠴᠠᠭᠠᠬᠤ ᠵᠥᠪᠯᠡᠯ ᠲᠠᠢ ᠬᠠᠮᠲᠤᠷᠠᠨ ︽︿ᠳᠥᠷᠪᠡᠨ ᠵᠦᠢᠯ ᠤᠨ ᠬᠢᠨᠠᠯᠲᠠ ᠲᠠᠯᠪᠢᠯᠲᠠ﹀ ᠶᠢ | ᠨᠡᠪᠲᠡᠷᠡᠭᠦᠯᠦᠨ ᠬᠠᠮᠵᠢᠯᠴᠠᠭᠤᠯᠬᠤ︾᠂ ︽ᠠᠰᠠᠭᠤᠳᠠᠯ ᠤᠨ ᠰᠦᠪᠡᠭᠴᠢ ᠶᠢ ᠬᠤᠣᠰ ᠴᠢᠭᠯᠡᠯ ᠢᠶᠠᠷ ᠰᠢᠯᠵᠢᠭᠦᠯᠦᠨ | ᠬᠦᠷᠭᠡᠬᠦ︾ ᠬᠤᠶᠠᠷ ᠠᠷᠭ᠎ᠠ ᠶᠢ ᠨᠡᠶᠢᠲᠡᠯᠡᠵᠦ᠂ ᠬᠤᠲᠠ ᠶᠢᠨ ᠲᠤᠭ᠎ᠠ ᠪᠦᠷᠢᠳᠬᠡᠯ ᠤᠨ ᠲᠣᠪᠴᠢᠶ᠎ᠠ ᠲᠠᠢ ᠬᠠᠮᠲᠤᠷᠠᠨ | ︽ᠬᠠᠮᠵᠢᠯᠴᠠᠬᠤ ᠵᠣᠬᠢᠴᠠᠮᠵᠢ ᠶᠢᠨ ᠰᠠᠨᠠᠯ︾ ᠢ ᠳᠠᠷᠤᠮᠠᠯᠯᠠᠨ ᠲᠠᠷᠬᠠᠭᠠᠵᠤ᠂ 3 ᠤᠳᠠᠭ᠎ᠠ ︽︿1 + 9﹀ ᠬᠢᠨᠠᠯᠲᠠ | ᠲᠠᠯᠪᠢᠬᠤ ᠲᠠᠪᠴᠠᠩ︾ ᠤᠨ 243 ᠬᠤᠪᠢ ᠠᠰᠠᠭᠤᠳᠠᠯ ᠢ ᠳᠡᠭᠡᠭᠰᠢ ᠶᠢᠨ ᠳᠠᠮᠵᠢᠭᠤᠯᠵᠤ᠂ ᠴᠡᠭᠴᠡᠯᠡᠨ | ᠰᠠᠶᠢᠵᠢᠷᠠᠭᠤᠯᠬᠤ ᠬᠤᠭᠤᠴᠠᠭᠠᠨ ᠳᠤ ᠬᠦᠷᠦᠭᠰᠡᠨ ᠠᠰᠠᠭᠤᠳᠠᠯ ᠢ ᠪᠦᠬᠦᠨ ᠢ ᠬᠦᠴᠦᠨ ᠦᠭᠡᠢ ᠪᠣᠯᠭᠠᠪᠠ᠃ | ᠳᠥᠷᠪᠡ ᠳᠤ᠂ ᠬᠡᠪ ᠴᠢᠨᠠᠷ ᠢ ᠳᠡᠭᠡᠭᠰᠢᠯᠡᠭᠦᠯᠬᠦ ᠠᠵᠢᠯᠯᠠᠭ᠎ᠠ ᠶᠢ ᠥᠷᠨᠢᠭᠦᠯᠪᠡ᠃ ︽ᠺᠠᠳ᠋ᠷ ᠤᠨ ᠬᠥᠮᠦᠵᠢᠯ | ᠪᠣᠯᠪᠠᠰᠤᠷᠠᠯ ᠤᠨ ᠭᠤᠷᠪᠠᠨ ᠵᠢᠯ ᠤᠨ ᠲᠥᠯᠥᠪᠯᠡᠭᠡ︾ ᠶᠢ ᠬᠡᠷᠡᠭᠵᠢᠭᠦᠯᠵᠦ᠂ ᠺᠠᠳ᠋ᠷᠴᠤᠳ ᠤᠨ ᠰᠤᠷᠤᠯᠭ᠎ᠠ ᠶᠢᠨ | ᠨᠠᠮᠲᠠᠷ ᠢᠶᠠᠷ ᠮᠡᠷᠭᠡᠵᠢᠯ ᠤᠨ ᠴᠣᠯᠠ ᠲᠣᠭᠲᠠᠭᠠᠬᠤ ᠶᠢ ᠵᠣᠷᠢᠭᠵᠢᠭᠤᠯᠵᠤ᠂ ᠪᠥᠬᠦ ᠲᠠᠯ᠎ᠠ ᠶᠢᠨ ᠵᠢᠩᠬᠢᠨᠢ ᠠᠩᠭᠢ ᠠᠴᠠ | ᠳᠡᠭᠡᠭᠰᠢᠬᠢ ᠰᠤᠷᠤᠯᠭ᠎ᠠ ᠶᠢᠨ ᠨᠠᠮᠲᠠᠷ ᠲᠠᠢ ᠨᠢ 98% ᠳᠤ ᠬᠦᠷᠴᠦ᠂ ᠳᠤᠮᠳᠠ ᠳᠡᠭᠡᠳᠦ ᠵᠡᠷᠭᠡ ᠶᠢᠨ ᠮᠡᠷᠭᠡᠵᠢᠯ ᠤᠨ | ᠴᠣᠯᠠ ᠲᠠᠢ ᠬᠥᠮᠥᠰ ᠨᠢ 70% ᠣᠷᠴᠢᠮ ᠪᠠᠶᠢᠨ᠎ᠠ᠃ ︽ᠪᠥᠬᠦ ᠬᠤᠲᠠ ᠶᠢᠨ ᠬᠢᠨᠠᠨ ᠪᠤᠳᠤᠬᠤ ᠪᠠᠶᠢᠭᠤᠯᠭ᠎ᠠ ᠶᠢᠨ ︿ | ᠳᠥᠷᠪᠡᠨ ᠴᠢᠳᠠᠪᠤᠷᠢ ᠲᠠᠢ ᠺᠠᠳ᠋ᠷ﹀ ᠢ ᠰᠣᠩᠭᠤᠨ ᠪᠣᠶ ᠪᠣᠯᠭᠠᠬᠤ ᠠᠵᠢᠯ ᠤᠨ ᠲᠥᠰᠥᠯ︾ ᠢ ᠲᠣᠭᠲᠠᠭᠠᠵᠤ᠂ 14 ᠺᠠᠳ᠋ᠷ | ᠥᠪᠡᠷᠲᠡᠭᠡᠨ ᠵᠠᠰᠠᠬᠤ ᠣᠷᠣᠨ ᠤ ᠬᠢᠨᠠᠨ ᠪᠤᠳᠤᠬᠤ ᠲᠢᠩᠬᠢᠮ ᠳᠤ ︽ᠳᠥᠷᠪᠡᠨ ᠴᠢᠳᠠᠪᠤᠷᠢ ᠲᠠᠢ︾ ᠲᠤᠬᠠᠶᠢᠯᠠᠭᠰᠠᠨ | ᠠᠵᠢᠯ ᠤᠨ ᠴᠢᠳᠠᠪᠤᠷᠢᠲᠠᠨ ᠢᠶᠠᠷ ᠦᠨᠡᠯᠡᠭᠳᠡᠪᠡ᠃ ︽ᠠᠵᠢᠯᠯᠠᠬᠤ ᠰᠤᠷᠤᠯᠴᠠᠬᠤ ᠠᠷᠭ᠎ᠠ︾ ᠶᠢ ᠶᠡᠭᠡ ᠪᠠᠷ ᠬᠡᠷᠡᠭᠵᠢᠭᠦᠯᠵᠦ᠂ | ᠰᠤᠷᠤᠯᠴᠠᠬᠤ ᠳᠤᠮᠳᠠ ᠠᠵᠢᠯᠯᠠᠨ᠂ ᠠᠵᠢᠯᠯᠠᠬᠤ ᠳᠤᠮᠳᠠ ᠰᠤᠷᠤᠯᠴᠠᠨ᠂ ᠲᠤᠰᠬᠠᠢ ᠮᠡᠷᠭᠡᠵᠢᠯ ᠤᠨ ᠴᠢᠳᠠᠪᠤᠷᠢ ᠪᠠᠨ | ᠦᠷᠭᠦᠯᠵᠢᠯᠡᠨ ᠪᠠᠬᠢᠵᠢᠭᠦᠯᠵᠦ᠂ ᠠᠵᠢᠯ ᠮᠡᠷᠭᠡᠵᠢᠯ ᠤᠨ ᠵᠣᠷᠢᠭ ᠰᠠᠨᠠᠭ᠎ᠠ ᠶᠢ ᠬᠥᠮᠥᠵᠢᠭᠦᠯᠪᠡ᠃ ᠤᠷᠢᠳ ᠬᠤᠵᠢᠳ | 50 ᠭᠠᠷᠤᠢ ᠺᠠᠳ᠋ᠷ ᠢ ᠰᠤᠭᠤᠴᠢᠨ ᠲᠣᠬᠢᠷᠠᠭᠤᠯᠵᠤ ᠲᠦᠷ ᠴᠠᠭ ᠲᠤᠰᠢᠶᠠᠯ ᠡᠭᠦᠷᠭᠡᠯᠡᠭᠦᠯᠬᠦ᠂ ᠰᠢᠯᠵᠢᠭᠦᠯᠦᠨ | ᠪᠣᠯᠪᠠᠰᠤᠷᠠᠭᠤᠯᠬᠤ᠂ ᠭᠠᠳᠠᠭᠰᠢ ᠲᠣᠮᠢᠯᠠᠨ ᠬᠢᠨᠠᠨ ᠪᠣᠳᠣᠭᠤᠯᠬᠤ ᠪᠠ ᠥᠪᠡᠷᠲᠡᠭᠡᠨ ᠵᠠᠰᠠᠬᠤ ᠣᠷᠣᠨ ᠤ ᠨᠠᠮ ᠤᠨ | ᠬᠤᠷᠢᠶ᠎ᠠ ᠶᠢᠨ ᠲᠣᠭᠤᠷᠢᠨ ᠪᠠᠶᠢᠴᠠᠭᠠᠬᠤ᠂ ᠬᠤᠲᠠ ᠶᠢᠨ ᠨᠠᠮ ᠤᠨ ᠬᠤᠷᠢᠶ᠎ᠠ ᠶᠢᠨ ᠲᠣᠭᠤᠷᠢᠨ ᠪᠠᠶᠢᠴᠠᠭᠠᠬᠤ᠂ | ᠬᠤᠲᠠ ᠶᠢᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ ᠤᠨ ᠬᠢᠨᠠᠨ ᠵᠢᠯᠤᠭᠤᠳᠬᠤ ᠪᠠ | ᠬᠡᠷᠡᠭ ᠢ ᠪᠠᠶᠢᠴᠠᠭᠠᠬᠤ ᠵᠡᠷᠭᠡ ᠠᠵᠢᠯ ᠳᠤ ᠣᠷᠣᠯᠴᠠᠭᠤᠯᠪᠠ᠃ | ᠲᠠᠪᠤ ᠳᠤ᠂ ᠨᠠᠮ ᠤᠨ ᠪᠠᠶᠢᠭᠤᠯᠤᠯᠲᠠ ᠶᠢ ᠳᠡᠭᠡᠭᠰᠢᠯᠡᠭᠦᠯᠬᠦ ᠠᠵᠢᠯᠯᠠᠭ᠎ᠠ ᠶᠢ ᠥᠷᠨᠢᠭᠦᠯᠪᠡ᠃ ︽ᠨᠠᠮ ᠤᠨ | ᠪᠦᠲᠦᠭᠡᠨ ᠪᠠᠶᠢᠭᠤᠯᠤᠯᠲᠠ ᠶᠢᠨ ︿ᠭᠤᠷᠪᠠᠨ ᠱᠠᠲᠤ ᠳᠥᠷᠪᠡᠨ ᠠᠵᠢᠯ ᠤᠨ ᠪᠠᠶᠢᠷᠢ﹀ ᠶᠢᠨ ᠬᠠᠷᠢᠭᠤᠴᠠᠯᠭ᠎ᠠ ᠶᠢᠨ ᠨᠠᠷᠢᠨ | ᠬᠠᠭᠤᠳᠠᠰᠤ︾ ᠶᠢ ᠲᠣᠭᠲᠠᠭᠠᠵᠤ᠂ ᠨᠠᠮ ᠢ ᠬᠠᠮᠢᠶᠠᠷᠴᠤ ᠨᠠᠮ ᠢ ᠵᠠᠰᠠᠬᠤ ᠭᠤᠣᠯ ᠴᠣᠭᠴᠠ ᠶᠢᠨ ᠬᠠᠷᠢᠭᠤᠴᠠᠯᠭ᠎ᠠ ᠶᠢ | ᠪᠣᠳᠠᠲᠠᠶᠢᠵᠢᠭᠤᠯᠵᠤ᠂ ︽ᠨᠢᠭᠡᠳᠦᠭᠡᠷ ᠬᠠᠷᠢᠭᠤᠴᠠᠯᠭᠠᠲᠠᠨ︾ ᠤ ᠡᠭᠦᠷᠭᠡ ᠬᠠᠷᠢᠭᠤᠴᠠᠯᠭ᠎ᠠ ᠪᠠ ︽ᠨᠢᠭᠡ ᠠᠵᠢᠯ ᠤᠨ | ᠪᠠᠶᠢᠷᠢ ᠳᠤ ᠬᠤᠣᠰ ᠬᠠᠷᠢᠭᠤᠴᠠᠯᠭ᠎ᠠ ᠡᠭᠦᠷᠭᠡᠯᠡᠬᠦ︾ ᠶᠢ ᠴᠢᠩᠭ᠎ᠠ ᠨᠠᠶᠢᠳᠠᠪᠤᠷᠢᠵᠢᠭᠤᠯᠪᠠ᠃ ᠨᠠᠮ ᠤᠨ ᠭᠡᠰᠢᠭᠦᠨ ᠤ | ᠠᠵᠢᠯᠯᠠᠭᠠᠨ ᠤ ᠲᠠᠰᠤᠭ᠂ ︽ᠨᠠᠮ ᠤᠨ ᠪᠠᠶᠢᠭᠤᠯᠤᠯᠲᠠ ᠶᠢᠨ ᠵᠠᠭᠤᠨ ᠮᠧᠲᠷ ᠤᠨ ᠤᠷᠳᠤ ᠬᠤᠩᠭᠢᠯ︾ ᠵᠡᠷᠭᠡ ᠨᠠᠮ ᠤᠨ | ᠪᠠᠶᠢᠭᠤᠯᠤᠯᠲᠠ ᠶᠢᠨ ᠲᠦᠷᠦᠯ ᠲᠡᠮᠳᠡᠭᠲᠦ ᠶᠢ ᠢᠳᠡᠪᠬᠢᠲᠡᠢ ᠡᠭᠦᠳᠴᠦ᠂ ᠪᠠᠶᠢᠭᠤᠯᠭ᠎ᠠ ᠶᠢᠨ 5 ᠨᠠᠮ ᠤᠨ ᠡᠭᠦᠷ | ᠪᠦᠬᠦᠨ ᠢᠶᠠᠷ ᠢᠶᠠᠨ ︽ᠬᠠᠮᠤᠭ ᠤᠨ ᠬᠦᠴᠦᠷᠬᠡᠭ ᠨᠠᠮ ᠤᠨ ᠡᠭᠦᠷ︾ ᠢᠶᠠᠷ ᠦᠨᠡᠯᠡᠭᠳᠡᠪᠡ᠃ ︽ᠬᠤᠣᠰ ᠨᠡᠷ᠎ᠡ | ᠮᠡᠳᠡᠭᠦᠯᠦᠯᠲᠡ᠂ ᠬᠤᠣᠰ ᠦᠢᠯᠡᠴᠢᠯᠡᠭᠡ᠂ ᠬᠤᠣᠰ ᠮᠡᠳᠡᠭᠦᠯᠦᠯᠲᠡ︾ ᠶᠢᠨ ᠠᠵᠢᠯᠯᠠᠭ᠎ᠠ ᠶᠢ ᠨᠠᠷᠢᠨ ᠬᠢᠨᠠᠮᠠᠭᠠᠢ | ᠥᠷᠨᠢᠭᠦᠯᠵᠦ᠂ ᠨᠠᠮ ᠤᠨ ᠭᠡᠰᠢᠭᠦᠨ ᠺᠠᠳ᠋ᠷᠴᠤᠳ ︽ᠯᠦ ᠴᠧᠩ ᠰᠢᠶᠠᠨ ᠹᠧᠩ︾ ᠢᠶᠠᠷ ᠳᠠᠮᠵᠢᠭᠤᠯᠤᠨ 120 ᠭᠠᠷᠤᠢ | ᠵᠦᠢᠯ ᠤᠨ ᠨᠡᠶᠢᠭᠡᠮ ᠲᠣᠭᠤᠷᠢᠭ ᠤᠨ ᠡᠭᠦᠷᠭᠡ ᠶᠢ ᠳᠠᠭᠠᠭᠠᠨ ᠠᠪᠴᠤ ᠪᠡᠶᠡᠯᠡᠭᠦᠯᠪᠡ᠃ ᠪᠣᠳᠠᠲᠠᠢ ᠱᠠᠭᠠᠷᠳᠠᠯᠭ᠎ᠠ | ᠶᠣᠰᠣᠭᠠᠷ ᠭᠤᠣᠯ ᠰᠡᠳᠦᠪᠲᠦ ᠬᠥᠮᠦᠵᠢᠯ ᠢ ᠥᠷᠨᠢᠭᠦᠯᠵᠦ᠂ ᠭᠤᠣᠯ ᠰᠡᠳᠦᠪ ᠭᠤᠣᠯ ᠱᠤᠭᠤᠮ ᠳᠤ ᠠᠩᠬᠠᠷᠤᠯ ᠢᠶᠠᠨ | ᠲᠥᠪᠯᠡᠷᠡᠭᠦᠯᠵᠦ᠂ ᠨᠣᠮ ᠤᠩᠰᠢᠬᠤ ᠠᠩᠭᠢ ᠶᠢ 4 ᠬᠤᠭᠤᠴᠠᠭ᠎ᠠ ᠵᠣᠬᠢᠶᠠᠨ ᠪᠠᠶᠢᠭᠤᠯᠵᠤ᠂ ᠣᠨᠣᠯ ᠤᠨ ᠰᠤᠷᠤᠯᠴᠠᠯᠭ᠎ᠠ᠂ | ᠪᠠᠶᠢᠴᠠᠭᠠᠨ ᠰᠤᠳᠤᠯᠤᠯᠲᠠ᠂ ᠬᠥᠭᠵᠢᠯᠲᠡ ᠶᠢ ᠠᠬᠢᠭᠤᠯᠬᠤ᠂ ᠪᠠᠶᠢᠴᠠᠭᠠᠨ ᠦᠵᠡᠵᠦ ᠴᠡᠭᠴᠡᠯᠡᠨ ᠰᠠᠶᠢᠵᠢᠷᠠᠭᠤᠯᠬᠤ | ᠵᠡᠷᠭᠡ ᠡᠯ᠎ᠡ ᠵᠦᠢᠯ ᠤᠨ ᠭᠤᠣᠯᠳᠠᠯᠭ᠎ᠠ ᠲᠠᠢ ᠡᠭᠦᠷᠭᠡ ᠶᠢ ᠯᠠᠪᠳᠠᠭᠤᠨ ᠪᠠᠲᠤᠲᠠᠢ ᠠᠬᠢᠭᠤᠯᠵᠤ᠂ ᠥᠪᠡᠷᠲᠡᠭᠡᠨ ᠵᠠᠰᠠᠬᠤ | ᠣᠷᠣᠨ ᠤ ᠬᠢᠨᠠᠨ ᠵᠢᠯᠤᠭᠤᠳᠬᠤ ᠳᠤᠭᠤᠶᠢᠯᠠᠩ ᠬᠤᠲᠠ ᠶᠢᠨ ᠬᠢᠨᠠᠨ ᠪᠤᠳᠤᠬᠤ ᠲᠣᠪᠴᠢᠶ᠎ᠠ ᠳᠤ ᠢᠷᠡᠵᠦ ᠬᠠᠷᠢᠭᠤ | ᠮᠡᠳᠡᠭᠦᠯᠦᠯᠲᠡ ᠶᠢ ᠰᠣᠨᠣᠰᠤᠭᠰᠠᠨ ᠤ ᠬᠠᠮᠲᠤ ᠲᠤᠰᠬᠠᠢ ᠰᠡᠳᠦᠪᠲᠦ ᠰᠤᠳᠤᠯᠤᠨ ᠶᠠᠷᠢᠯᠴᠠᠬᠤ ᠳᠤ ᠣᠷᠣᠯᠴᠠᠵᠤ᠂ | ᠭᠦᠢᠴᠡᠳ ᠨᠤᠲᠠᠯᠠᠪᠠ᠃ ︽ᠪᠤᠭᠤᠲᠤ ᠪᠠᠨ ᠬᠠᠶᠢᠷᠠᠯᠠᠵᠤ᠂ ᠬᠤᠪᠢ ᠨᠡᠮᠡᠷᠢ ᠦᠵᠡᠭᠦᠯᠬᠦ︾ ᠭᠤᠣᠯ ᠰᠡᠳᠦᠪᠲᠦ | ᠦᠢᠯᠡᠳᠦᠯᠭᠡ ᠶᠢᠨ ᠠᠵᠢᠯᠯᠠᠭ᠎ᠠ ᠶᠢ ᠪᠠᠶᠢᠩᠭᠤᠵᠢᠭᠤᠯᠤᠨ ᠠᠬᠢᠭᠤᠯᠤᠨ᠎ᠠ᠃ ᠦᠵᠡᠯ ᠤᠬᠠᠮᠰᠠᠷ ᠤᠨ ᠬᠡᠯᠪᠡᠷᠢ ᠶᠢᠨ | ᠠᠵᠢᠯ ᠤᠨ ᠬᠠᠷᠢᠭᠤᠴᠠᠯᠭ᠎ᠠ ᠶᠢᠨ ᠳᠦᠷᠢᠮ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠤᠨ᠎ᠠ᠃ ᠳᠤᠮᠳᠠᠳᠤ ᠶᠢᠨ | ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠪᠠᠬᠢ ᠪᠤᠢ ᠪᠣᠯᠭᠠᠵᠤ᠂ ᠰᠢᠨ᠎ᠡ ᠴᠠᠭ ᠦᠶ᠎ᠡ ᠶᠢᠨ | ᠦᠨᠳᠦᠰᠦᠲᠡᠨ ᠤ ᠠᠵᠢᠯ ᠢ ᠰᠠᠶᠢᠲᠤᠷ ᠬᠢᠨ᠎ᠡ᠃ ᠠᠷᠢᠭᠤᠨ ᠴᠢᠬᠡᠴᠢ ᠪᠠᠷ ᠵᠠᠰᠠᠭ ᠪᠠᠷᠢᠬᠤ ᠪᠦᠲᠦᠭᠡᠨ | ᠪᠠᠶᠢᠭᠤᠯᠤᠯᠲᠠ ᠶᠢ ᠴᠢᠩᠭᠠᠳᠬᠠᠵᠤ᠂ ︽ᠬᠢᠨᠠᠨ ᠪᠤᠳᠤᠬᠤ ᠳᠤᠭᠤᠶᠢᠯᠠᠩ + ᠲᠦᠷ ᠴᠠᠭ ᠤᠨ ᠨᠠᠮ ᠤᠨ ᠡᠭᠦᠷ︾᠂ | ︽ᠨᠢᠭᠡ ᠳᠤᠭᠤᠶᠢᠯᠠᠩ ᠭᠤᠷᠪᠠᠨ ᠭᠡᠰᠢᠭᠦᠨ︾᠂ ︽ᠪᠢᠴᠢᠭ ᠤᠨ ᠺᠠᠷᠲ︾ ᠤᠨ ᠵᠠᠭᠪᠤᠷ ᠢ ᠪᠥᠬᠦ ᠲᠠᠯ᠎ᠠ ᠪᠠᠷ | ᠬᠡᠷᠡᠭᠵᠢᠭᠦᠯᠵᠦ᠂ ᠢᠮᠠᠭᠲᠠ ᠬᠠᠤᠯᠢ ᠶᠣᠰᠣᠭᠠᠷ᠂ ᠪᠣᠯᠪᠠᠰᠤᠨ᠂ ᠠᠷᠢᠭᠤᠨ ᠴᠢᠬᠡᠴᠢ ᠪᠠᠷ ᠬᠢᠨᠠᠨ ᠪᠤᠳᠤᠬᠤ ᠶᠢ | ᠪᠡᠶᠡᠯᠡᠭᠦᠯᠦᠨ᠎ᠡ᠃ ᠰᠤᠷᠲᠠᠯ ᠤᠨ ᠠᠷᠬᠠᠭ ᠭᠡᠮ ᠢ ᠡᠷᠡᠰ ᠵᠠᠯᠠᠷᠠᠭᠤᠯᠤᠨ ᠵᠠᠰᠠᠵᠤ᠂ ᠺᠠᠳ᠋ᠷ ᠤᠨ ︽ᠭᠤᠷᠪᠠᠨ ᠤᠯᠠᠨ | ᠭᠤᠷᠪᠠᠨ ᠴᠥᠭᠡᠨ ᠭᠤᠷᠪᠠᠨ ᠤᠳᠠᠭᠠᠨ︾᠂ ︽ᠤᠳᠠᠭᠠᠨ ᠪᠦᠳᠦᠭᠦᠯᠢᠭ ᠬᠡᠶᠢᠰᠪᠦᠷᠢ︾᠂ ︽ᠲᠠᠪᠤᠨ ᠵᠠᠷᠴᠢᠮ︾ ᠵᠡᠷᠭᠡ | ᠲᠣᠪᠣᠶᠢᠮ᠎ᠠ ᠠᠰᠠᠭᠤᠳᠠᠯ ᠢ ᠰᠢᠢᠳᠪᠦᠷᠢᠯᠡᠬᠦ ᠶᠢ ᠠᠬᠢᠭᠤᠯᠤᠨ᠎ᠠ᠃ | ᠬᠥᠲᠥᠯᠥᠭᠴᠢ᠄ ᠣᠳᠣᠬᠠᠨ ᠳᠤ᠂ ᠪᠥᠬᠦ ᠬᠤᠲᠠ ᠶᠢᠨ ᠳᠡᠭᠡᠳᠦ ᠳᠣᠣᠷᠠᠳᠤ ᠱᠠᠲᠤᠨ ᠤ ᠬᠢᠨ ᠲᠡᠦᠬᠡ ᠶᠢᠨ | ᠬᠠᠮᠤᠭ ᠤᠨ ᠥᠨᠳᠥᠷ ᠲᠦᠪᠰᠢᠨ ᠳᠤ ᠪᠤᠴᠠᠬᠤ ᠡᠷᠡᠰ ᠵᠣᠷᠢᠭ ᠪᠠ ᠡᠷᠴᠢ ᠵᠣᠷᠢᠭ ᠢᠶᠠᠨ ᠬᠥᠪᠴᠢᠯᠡᠵᠦ᠂ | ᠢᠯᠠᠯᠲᠠ ᠶᠢᠨ ᠡᠷᠴᠢᠨ ᠳᠡᠭᠡᠷ᠎ᠡ ᠪᠠᠨ ᠤᠷᠤᠭᠰᠢᠯᠠᠵᠤ᠂ ᠳᠠᠷᠤᠯᠲᠠ ᠥᠭᠴᠦ ᠡᠷᠡᠯᠬᠡᠭᠯᠡᠨ ᠤᠷᠤᠭᠰᠢᠯᠠᠵᠤ᠂ ᠬᠢᠨᠠᠨ | ᠪᠤᠳᠤᠬᠤ ᠠᠵᠢᠯ ᠳᠤ ᠲᠤᠯᠭᠠᠷᠠᠵᠤ ᠪᠠᠶᠢᠭ᠎ᠠ ᠪᠠᠶᠢᠳᠠᠯ ᠡᠭᠦᠷᠭᠡ ᠴᠦ ᠲᠠᠰᠤᠷᠠᠯᠲᠠ ᠦᠭᠡᠢ ᠬᠤᠪᠢᠷᠠᠵᠤ ᠪᠠᠶᠢᠨ᠎ᠠ᠃ | 2024 ᠣᠨ ᠳᠤ᠂ ᠪᠥᠬᠦ ᠬᠤᠲᠠ ᠶᠢᠨ ᠬᠢᠨᠠᠨ ᠪᠤᠳᠤᠬᠤ ᠪᠠᠶᠢᠭᠤᠯᠭ᠎ᠠ ᠬᠡᠷᠬᠢᠨ ᠬᠦᠴᠦᠯᠡᠵᠦ᠂ ᠪᠥᠬᠦ ᠬᠤᠲᠠ ᠶᠢᠨ | ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠳᠤ ᠨᠠᠩ ᠰᠠᠶᠢᠲᠤᠷ ᠦᠢᠯᠡᠴᠢᠯᠡᠵᠦ ᠪᠠᠲᠤᠯᠠᠬᠤ ᠪᠣᠶ︖ | ᠰᠤᠷᠪᠤᠯᠵᠢᠯᠠᠭᠳᠠᠭᠴᠢ ᠯᠢᠦ ᠴᠢᠩ ᠢ᠄ 2024 ᠣᠨ ᠪᠣᠯ ᠰᠢᠨ᠎ᠡ ᠳᠤᠮᠳᠠᠳᠤ ᠤᠯᠤᠰ | ᠪᠠᠶᠢᠭᠤᠯᠤᠭᠳᠠᠭᠰᠠᠨ 75 ᠵᠢᠯ ᠤᠨ ᠤᠢ᠂ ︽ᠠᠷᠪᠠᠨ ᠳᠥᠷᠪᠡᠳᠦᠭᠡᠷ ᠲᠠᠪᠤᠨ ᠵᠢᠯ︾ ᠤᠨ ᠲᠥᠯᠦᠪᠵᠢᠭᠦᠯᠭᠡ ᠶᠢ | ᠬᠡᠷᠡᠭᠵᠢᠭᠦᠯᠬᠦ ᠵᠠᠩᠭᠢᠯᠠᠭ᠎ᠠ ᠶᠢᠨ ᠨᠢᠭᠡ ᠵᠢᠯ ᠪᠣᠯᠣᠨ᠎ᠠ᠃ ᠪᠦᠬᠦ ᠬᠤᠳᠠ ᠶᠢᠨ ᠬᠢᠨᠠᠨ ᠪᠤᠳᠤᠬᠤ ᠠᠵᠢᠯ ᠤᠨ ᠶᠡᠷᠦᠩᠬᠡᠢ | ᠰᠡᠳᠬᠢᠮᠵᠢ ᠪᠣᠯ᠄ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ | ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠤᠯᠭ᠎ᠠ ᠪᠣᠯᠭᠠᠵᠤ᠂ ᠨᠠᠮ ᠤᠨ ᠬᠤᠷᠢᠳᠤᠭᠠᠷ ᠶᠡᠭᠡ ᠬᠤᠷᠠᠯ ᠪᠣᠯᠣᠨ | ᠬᠤᠷᠢᠳᠤᠭᠠᠷ ᠬᠤᠭᠤᠴᠠᠭᠠᠨ ᠤ ᠬᠤᠶᠠᠳᠤᠭᠠᠷ ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ | ᠲᠤᠭᠤᠰᠢᠯᠠᠭᠤᠯᠵᠤ᠂ ᠲᠥᠪ᠂ ᠥᠪᠡᠷᠲᠡᠭᠡᠨ ᠵᠠᠰᠠᠬᠤ ᠣᠷᠣᠨ᠂ ᠪᠦᠬᠦ ᠬᠤᠳᠠ ᠶᠢᠨ ᠠᠵᠤ ᠠᠬᠤᠢ ᠶᠢᠨ ᠠᠵᠢᠯ ᠤᠨ | ᠬᠤᠷᠠᠯ ᠪᠣᠯᠣᠨ ᠪᠦᠬᠦ ᠤᠯᠤᠰ᠂ ᠪᠦᠬᠦ ᠣᠷᠣᠨ ᠤ ᠬᠢᠨᠠᠨ ᠪᠤᠳᠤᠬᠤ ᠬᠤᠷᠠᠯ ᠤᠨ ᠵᠣᠷᠢᠭ ᠰᠠᠨᠠᠭ᠎ᠠ ᠶᠢ ᠪᠦᠬᠦ | ᠲᠠᠯ᠎ᠠ ᠪᠠᠷ ᠨᠠᠶᠢᠳᠠᠪᠤᠷᠢᠵᠢᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ | ᠪᠠᠲᠤ ᠴᠣᠭᠴᠠᠯᠠᠬᠤ ᠪᠠᠷ ᠭᠤᠣᠯ ᠰᠢᠵᠢᠮ ᠪᠣᠯᠭᠠᠵᠤ᠂ ᠬᠢᠨᠠᠨ ᠪᠤᠳᠤᠬᠤ ᠶᠠᠰᠤ ᠴᠢᠨᠠᠷ ᠦᠷ᠎ᠡ ᠪᠦᠲᠦᠮᠵᠢ ᠶᠢ | ᠳᠡᠭᠡᠭᠰᠢᠯᠡᠭᠦᠯᠬᠦ ᠪᠠᠷ ᠭᠤᠣᠯ ᠰᠡᠳᠦᠪ ᠪᠣᠯᠭᠠᠵᠤ᠂ ︽ᠪᠦᠬᠦ ᠤᠯᠤᠰ ᠤᠨ ᠵᠠᠭᠤᠨ ᠬᠦᠴᠦᠷᠬᠡᠭ ᠬᠤᠳᠠ ᠳᠤ ᠲᠠᠬᠢᠨ | ᠠᠷᠪᠠ ᠣᠷᠴᠢᠮ ᠤᠷᠤᠭᠰᠢᠯᠠᠬᠤ︾ ᠬᠠᠷᠠᠯᠲᠠ ᠶᠢ ᠲᠣᠭᠲᠠᠭᠠᠵᠤ᠂ ᠠᠵᠤ ᠠᠬᠤᠢ ᠶᠢᠨ ᠬᠢᠨᠠᠯᠲᠠ ᠲᠠᠯᠪᠢᠬᠤ ᠪᠠᠶᠢᠷᠢ | ᠲᠣᠭᠲᠠᠭᠠᠯᠲᠠ ᠳᠤ ᠰᠠᠭᠤᠷᠢᠯᠠᠵᠤ᠂ ᠭᠤᠣᠯ ᠬᠠᠷᠢᠭᠤᠴᠠᠯᠭ᠎ᠠ ᠭᠤᠣᠯ ᠦᠢᠯᠡᠰ ᠲᠤ ᠠᠩᠬᠠᠷᠤᠯ ᠢᠶᠠᠨ ᠲᠥᠪᠯᠡᠷᠡᠭᠦᠯᠵᠦ | ᠂ ᠲᠥᠪᠯᠡᠷᠡᠩᠭᠦᠢ ᠨᠢᠭᠡᠳᠦᠯᠲᠡᠢ᠂ ᠪᠦᠬᠦ ᠲᠠᠯ᠎ᠠ ᠶᠢ ᠬᠠᠮᠤᠷᠤᠭᠰᠠᠨ᠂ ᠡᠷᠬᠡ ᠰᠦᠷ ᠲᠠᠢ ᠥᠨᠳᠥᠷ ᠪᠦᠲᠦᠮᠵᠢᠲᠡᠢ ᠬᠢᠨᠠᠨ | ᠪᠤᠳᠤᠬᠤ ᠬᠢᠨᠠᠯᠲᠠ ᠲᠠᠯᠪᠢᠬᠤ ᠲᠣᠭᠲᠠᠯᠴᠠᠭ᠎ᠠ ᠶᠢ ᠪᠠᠶᠢᠭᠤᠯᠬᠤ ᠪᠠᠷ ᠴᠢᠷᠮᠠᠶᠢᠵᠤ᠂ ᠬᠢᠨᠠᠨ ᠪᠤᠳᠤᠬᠤ ᠬᠢᠨᠠᠯᠲᠠ | ᠲᠠᠯᠪᠢᠬᠤ ᠦᠢᠯᠡᠳᠦᠯ ᠢ ᠨᠡᠩ ᠰᠠᠶᠢᠲᠤᠷ ᠪᠠᠳᠠᠷᠠᠭᠤᠯᠬᠤ ᠲᠠᠯ᠎ᠠ ᠪᠠᠷ ᠠᠩᠬᠠᠷᠤᠯ ᠢᠶᠠᠨ ᠲᠥᠪᠯᠡᠷᠡᠭᠦᠯᠦᠨ ᠬᠦᠴᠦᠯᠡᠵᠦ᠂ | ᠪᠦᠬᠦ ᠬᠤᠳᠠ ᠶᠢᠨ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ᠂ ᠬᠠᠭᠤᠴᠢᠨ ᠠᠵᠤ | ᠦᠢᠯᠡᠳᠪᠦᠷᠢ ᠶᠢᠨ ᠰᠠᠭᠤᠷᠢᠨ ᠤ ᠰᠢᠨ᠎ᠡ ᠶᠢ ᠡᠭᠦᠳᠬᠦ ᠬᠥᠭᠵᠢᠯᠲᠡ ᠶᠢᠨ ᠰᠢᠨ᠎ᠡ ᠵᠠᠮ ᠢᠶᠠᠷ ᠲᠦᠷᠭᠡᠨ ᠵᠠᠮᠨᠠᠬᠤ ᠳᠤ | ᠬᠢᠨᠠᠨ ᠪᠣᠳᠣᠬᠤ ᠬᠢᠨᠠᠯᠲᠠ ᠲᠠᠯᠪᠢᠬᠤ ᠥᠪᠡᠷᠮᠢᠴᠡ ᠦᠢᠯᠡᠳᠦᠯ ᠢ ᠪᠠᠳᠠᠷᠠᠭᠤᠯᠬᠤ ᠬᠡᠷᠡᠭᠲᠡᠢ᠃ ᠡᠨᠡ ᠵᠢᠯ ᠤᠨ | ᠬᠢᠨᠠᠨ ᠪᠤᠳᠤᠬᠤ ᠭᠤᠣᠯᠳᠠᠯᠭ᠎ᠠ ᠪᠣᠯ ᠳᠠᠷᠤᠢ ︽ᠨᠢᠭᠡ ᠭᠤᠣᠯ ᠰᠡᠳᠦᠪ︾ ᠢ ᠪᠠᠷᠢᠮᠲᠠᠯᠠᠬᠤ ᠶᠠᠪᠤᠳᠠᠯ ᠪᠣᠯᠣᠨ᠎ᠠ᠂ | ᠲᠤᠬᠠᠶᠢᠯᠠᠪᠠᠯ ᠬᠢᠨᠠᠨ ᠪᠤᠳᠤᠬᠤ ᠶᠠᠰᠤ ᠴᠢᠨᠠᠷ ᠦᠷ᠎ᠡ ᠪᠦᠲᠦᠮᠵᠢ ᠶᠢ ᠳᠡᠭᠡᠭᠰᠢᠯᠡᠭᠦᠯᠬᠦ ᠪᠠᠷ ᠭᠤᠣᠯ ᠰᠡᠳᠦᠪ ᠪᠣᠯᠭᠠᠨ᠎ᠠ︔ | ︽ᠬᠤᠶᠠᠷ ᠢ ᠨᠢᠭᠡᠳᠦᠯᠲᠡᠢ ᠲᠥᠯᠥᠪᠵᠢᠭᠦᠯᠬᠦ︾ ᠶᠢ ᠴᠢᠩᠭᠠᠷᠠᠭᠤᠯᠤᠨ᠎ᠠ᠂ ᠲᠤᠬᠠᠶᠢᠯᠠᠪᠠᠯ ᠪᠦᠬᠦᠯᠢ ᠴᠣᠭᠴᠠ ᠪᠠᠷ | ᠠᠵᠢᠯᠯᠠᠭᠤᠯᠬᠤ ᠶᠢ ᠨᠢᠭᠡᠳᠦᠯᠲᠡᠢ ᠲᠥᠯᠥᠪᠵᠢᠭᠦᠯᠬᠦ᠂ ᠲᠦᠷᠦᠯ ᠵᠦᠢᠯ ᠢ ᠬᠡᠷᠡᠭᠵᠢᠭᠦᠯᠬᠦ ᠶᠢ ᠨᠢᠭᠡᠳᠦᠯᠲᠡᠢ | ᠲᠥᠯᠥᠪᠵᠢᠭᠦᠯᠦᠨ᠎ᠡ᠂ ︽ᠭᠤᠷᠪᠠ ᠶᠢ ᠨᠡᠩ ᠴᠢᠬᠤᠯᠠᠴᠢᠯᠠᠬᠤ︾ ᠶᠢ ᠲᠤᠪᠤᠶᠢᠯᠭᠠᠨ᠎ᠠ᠂ ᠲᠤᠬᠠᠶᠢᠯᠠᠪᠠᠯ ᠶᠠᠰᠤ ᠴᠢᠨᠠᠷ ᠢ | ᠪᠠᠲᠤᠯᠠᠬᠤ᠂ ᠦᠷ᠎ᠡ ᠪᠦᠲᠦᠭᠡᠯ ᠭᠠᠷᠭᠠᠬᠤ᠂ ᠬᠡᠪ ᠴᠢᠨᠠᠷ ᠢ ᠴᠢᠩᠭᠠᠳᠬᠠᠬᠤ ᠶᠢ ᠨᠡᠩ ᠴᠢᠬᠤᠯᠠᠴᠢᠯᠠᠬᠤ ᠶᠠᠪᠤᠳᠠᠯ | ᠪᠣᠯᠣᠨ᠎ᠠ᠃ | ︵ᠨᠢᠭᠡ︶ ᠬᠢᠨᠠᠨ ᠪᠤᠳᠤᠬᠤ ᠠᠯᠪᠠᠨ ᠭᠡᠷ ᠤᠨ ᠲᠠᠪᠴᠠᠩ ᠳᠤ ᠲᠦᠰᠢᠭᠯᠡᠨ᠂ ᠪᠦᠬᠦᠯᠢ ᠴᠣᠭᠴᠠ ᠶᠢᠨ | ᠠᠵᠢᠯᠯᠠᠭᠠᠨ ᠢ ᠨᠢᠭᠡᠳᠦᠯᠲᠡᠢ ᠲᠥᠯᠥᠪᠵᠢᠭᠦᠯᠬᠦ ᠶᠢ ᠴᠢᠩᠭᠠᠷᠠᠭᠤᠯᠵᠤ᠂ ᠡᠯ᠎ᠡ ᠵᠦᠢᠯ ᠤᠨ ᠠᠵᠢᠯ ᠢ ᠵᠡᠷᠭᠡ ᠪᠠᠷ | ᠠᠬᠢᠭᠤᠯᠵᠤ᠂ ᠬᠢᠨᠠᠨ ᠪᠤᠳᠤᠬᠤ ᠶᠠᠰᠤ ᠴᠢᠨᠠᠷ ᠦᠷ᠎ᠡ ᠪᠦᠲᠦᠮᠵᠢ ᠶᠢ ᠳᠡᠭᠡᠭᠰᠢᠯᠡᠭᠦᠯᠬᠦ ᠳᠤ ᠪᠠᠲᠤ ᠰᠠᠭᠤᠷᠢ ᠲᠠᠯᠪᠢᠵᠤ | ᠥᠭᠭᠦᠨ᠎ᠡ | ᠨᠢᠭᠡ ᠳᠤ᠂ ᠨᠠᠮ ᠤᠨ ᠬᠢᠨᠠᠨ ᠪᠤᠳᠤᠬᠤ ᠠᠵᠢᠯ ᠳᠠᠬᠢ ᠤᠳᠤᠷᠢᠳᠤᠯᠭ᠎ᠠ ᠶᠢ ᠴᠢᠩᠭᠠᠳᠬᠠᠬᠤ ᠶᠢᠨ | ᠲᠣᠭᠤᠷᠢᠨ ᠳᠤ᠂ ᠠᠵᠢᠯ ᠤᠨ ᠠᠵᠢᠯᠯᠠᠭᠠᠨ ᠤ ᠵᠣᠬᠢᠴᠠᠮᠵᠢ ᠶᠢ ᠪᠦᠷᠢᠨᠰᠢᠭᠦᠯᠦᠨ᠎ᠡ᠃ ᠨᠠᠮ ᠠᠴᠠ ᠬᠢᠨᠠᠨ ᠪᠤᠳᠤᠬᠤ | ᠰᠢᠨ᠎ᠡ ᠪᠠᠶᠢᠭᠤᠯᠤᠮᠵᠢ ᠶᠢᠨ ᠱᠠᠭᠠᠷᠳᠠᠯᠭ᠎ᠠ ᠶᠢ ᠤᠳᠤᠷᠢᠳᠴᠤ ᠪᠢᠴᠢᠭ ᠮᠠᠲ᠋ᠧᠷᠢᠶᠠᠯ ᠰᠢᠢᠳᠪᠦᠷᠢᠯᠡᠬᠦ ᠬᠤᠷᠠᠯ ᠤᠨ ᠠᠵᠢᠯ | ᠶᠠᠪᠤᠳᠠᠯ ᠰᠢᠢᠳᠪᠦᠷᠢᠯᠡᠬᠦ ᠳᠦᠷᠢᠮ ᠵᠣᠬᠢᠴᠠᠮᠵᠢ ᠶᠢ ᠤᠯᠠᠮ ᠨᠢᠭᠡ ᠠᠯᠬᠤᠮ ᠰᠢᠯᠢᠳᠡᠭᠵᠢᠭᠦᠯᠵᠦ᠂ ᠬᠢᠨᠠᠨ ᠪᠤᠳᠤᠬᠤ | ᠠᠯᠪᠠᠨ ᠭᠡᠷ ᠢ ᠨᠠᠮ ᠤᠨ ᠤᠳᠤᠷᠢᠳᠤᠯᠭ᠎ᠠ ᠶᠢ ᠲᠠᠭᠠᠬᠤ᠂ ᠨᠠᠮ ᠤᠨ ᠠᠩᠬᠠᠷᠤᠯ ᠲᠠᠯᠪᠢᠵᠤ ᠪᠠᠶᠢᠭ᠎ᠠ ᠠᠰᠠᠭᠤᠳᠠᠯ ᠳᠤ | ᠬᠠᠷᠢᠭᠤᠯᠲᠠ ᠥᠭᠬᠦ᠂ ᠨᠠᠮ ᠠᠴᠠ ᠵᠢᠭᠠᠪᠤᠷᠢ ᠠᠪᠴᠤ ᠮᠡᠳᠡᠭᠦᠯᠬᠦ᠂ ᠤᠳᠤᠷᠢᠳᠤᠯᠭ᠎ᠠ ᠶᠢᠨ ᠰᠢᠢᠳᠪᠦᠷᠢᠲᠦ ᠪᠣᠳᠣᠯᠭ᠎ᠠ | ᠲᠣᠭᠲᠠᠭᠠᠬᠤ ᠳᠤ ᠦᠢᠯᠡᠴᠢᠯᠡᠬᠦ ᠴᠢᠬᠤᠯᠠ ᠲᠠᠪᠴᠠᠩ ᠪᠣᠯᠭᠠᠨ ᠪᠠᠶᠢᠭᠤᠯᠤᠨ᠎ᠠ᠃ ᠬᠢᠨᠠᠨ ᠪᠤᠳᠤᠬᠤ ᠵᠥᠪᠯᠡᠯ ᠤᠨ | ᠵᠥᠪᠯᠡᠨ ᠲᠣᠭᠲᠠᠭᠠᠭᠰᠠᠨ ᠵᠦᠢᠯᠡᠰ᠂ ᠤᠳᠤᠷᠢᠳᠤᠯᠭ᠎ᠠ ᠶᠢᠨ ᠴᠣᠬᠤᠯᠠᠪᠤᠷᠢ ᠪᠠ ᠴᠢᠬᠤᠯᠠ ᠪᠢᠴᠢᠭ ᠮᠠᠲ᠋ᠧᠷᠢᠶᠠᠯ ᠢ | ᠬᠤᠪᠢᠶᠠᠷᠢᠯᠠᠨ ᠭᠦᠢᠴᠡᠳᠬᠡᠬᠦ᠂ ᠰᠢᠮᠳᠠᠭᠤᠯᠤᠨ ᠭᠦᠢᠴᠡᠳᠬᠡᠬᠦ ᠡᠷᠴᠢᠮ ᠢᠶᠠᠨ ᠴᠢᠩᠭᠠᠷᠠᠭᠤᠯᠵᠤ᠂ ᠨᠢᠭᠡᠳᠦᠯᠵᠢᠭᠦᠯᠵᠦ | ᠲᠥᠪᠯᠡᠷᠡᠭᠦᠯᠦᠨ ᠬᠠᠮᠢᠶᠠᠷᠬᠤ ᠶᠢ ᠬᠡᠷᠡᠭᠵᠢᠭᠦᠯᠦᠨ᠂ ︽ᠡᠬᠡ ᠲᠠᠩᠰᠠ ᠶᠢ ᠪᠠᠶᠢᠭᠤᠯᠬᠤ - ᠡᠭᠦᠷᠭᠡ ᠶᠢ ᠬᠤᠪᠢᠶᠠᠷᠢᠯᠠᠬᠤ | - ᠰᠢᠮᠳᠠᠭᠤᠯᠤᠨ ᠭᠦᠢᠴᠡᠳᠬᠡᠵᠦ ᠨᠠᠶᠢᠳᠠᠪᠤᠷᠢᠵᠢᠭᠤᠯᠬᠤ - ᠲᠣᠭᠲᠠᠮᠠᠯ ᠬᠤᠭᠤᠴᠠᠭ᠎ᠠ ᠲᠠᠢ ᠪᠠᠷ ᠮᠡᠳᠡᠭᠦᠯᠬᠦ - | ᠮᠥᠷᠳᠡᠨ ᠦᠷ᠎ᠡ ᠪᠦᠲᠦᠮᠵᠢ ᠶᠢ ᠠᠰᠠᠭᠤᠬᠤ︾ ᠪᠠᠷ ᠳᠠᠮᠵᠢᠭᠤᠯᠤᠨ᠂ ᠪᠥᠬᠦ ᠬᠡᠯᠬᠢᠶᠡᠨ ᠤ ᠬᠠᠮᠢᠶᠠᠷᠤᠯᠲᠠ ᠶᠢᠨ | ᠵᠣᠬᠢᠴᠠᠮᠵᠢ ᠶᠢ ᠲᠠᠰᠤᠷᠠᠯᠲᠠ ᠦᠭᠡᠢ ᠪᠦᠷᠢᠨᠰᠢᠭᠦᠯᠦᠨ ᠲᠡᠭᠦᠯᠳᠡᠷᠵᠢᠭᠦᠯᠵᠦ᠂ ᠶᠠᠪᠤᠳᠠᠯ ᠪᠣᠯᠭᠠᠨ ᠳᠤ ᠬᠠᠷᠢᠭᠤ ᠥᠭᠴᠦ᠂ | ᠶᠠᠪᠤᠳᠠᠯ ᠪᠣᠯᠭᠠᠨ ᠢ ᠨᠠᠶᠢᠳᠠᠪᠤᠷᠢᠵᠢᠭᠤᠯᠬᠤ ᠶᠢ ᠪᠡᠶᠡᠯᠡᠭᠦᠯᠦᠨ᠎ᠡ᠃ ᠬᠤᠰᠢᠭᠤ ᠰᠢᠶᠠᠨ ᠲᠣᠭᠤᠷᠢᠭ ᠤᠨ ᠬᠢᠨᠠᠨ | ᠪᠤᠳᠤᠬᠤ ᠠᠯᠪᠠᠨ ᠭᠡᠷ ᠤᠨ ᠨᠢᠭᠡᠳᠦᠯᠲᠡᠢ ᠤᠳᠤᠷᠢᠳᠤᠯᠭ᠎ᠠ ᠪᠠ ᠲᠤᠬᠠᠶᠢᠯᠠᠭᠰᠠᠨ ᠠᠵᠢᠯ ᠤᠨ ᠵᠢᠯᠣᠭᠤᠳᠤᠯᠭ᠎ᠠ ᠶᠢ | ᠴᠢᠩᠭᠠᠳᠬᠠᠵᠤ᠂ ᠪᠥᠬᠦ ᠬᠤᠲᠠ ᠶᠢᠨ ᠬᠢᠨᠠᠨ ᠪᠤᠳᠤᠬᠤ ᠳᠤ ᠬᠠᠮᠵᠢᠯᠴᠠᠨ ᠨᠢᠭᠡᠳᠬᠦ ᠶᠢ ᠪᠣᠢ ᠪᠣᠯᠭᠠᠨ᠎ᠠ᠃ ᠬᠢᠨᠠᠨ | ᠪᠤᠳᠤᠬᠤ ᠵᠥᠪᠯᠡᠯ ᠤᠨ ᠪᠦᠷᠢᠯᠳᠦᠭᠦᠨ ᠨᠢᠭᠡᠴᠢ ᠶᠢᠨ ᠵᠣᠬᠢᠴᠠᠭᠤᠯᠬᠤ ᠬᠤᠷᠠᠯ ᠤᠨ ᠳᠦᠷᠢᠮ ᠪᠠ ᠬᠤᠯᠪᠣᠭᠠᠴᠢᠨ ᠤ | ᠳᠦᠷᠢᠮ ᠢ ᠨᠠᠶᠢᠳᠠᠪᠤᠷᠢᠵᠢᠭᠤᠯᠵᠤ᠂ ᠬᠢᠨᠠᠨ ᠪᠤᠳᠤᠬᠤ ᠠᠯᠪᠠᠨ ᠭᠡᠷ ᠤᠨ ᠨᠡᠷ᠎ᠡ ᠪᠠᠷ ᠬᠢᠨᠠᠨ ᠪᠤᠳᠤᠬᠤ ᠵᠥᠪᠯᠡᠯ ᠤᠨ | ᠪᠦᠷᠢᠯᠳᠦᠭᠦᠨ ᠨᠢᠭᠡᠴᠢ ᠶᠢᠨ ᠠᠵᠢᠯ ᠤᠨ ᠵᠣᠬᠢᠴᠠᠭᠤᠯᠭ᠎ᠠ ᠶᠢ ᠴᠢᠩᠭᠠᠳᠬᠠᠵᠤ᠂ ᠤᠳᠤᠷᠢᠳᠤᠯᠭ᠎ᠠ ᠶᠢᠨ ᠵᠢᠭᠠᠪᠤᠷᠢ | ᠴᠣᠬᠤᠯᠠᠪᠤᠷᠢ ᠶᠢᠨ ᠵᠣᠷᠢᠭ ᠰᠠᠨᠠᠭ᠎ᠠ ᠪᠠ ᠬᠢᠨᠠᠨ ᠪᠤᠳᠤᠬᠤ ᠵᠥᠪᠯᠡᠯ ᠤᠨ ᠵᠥᠪᠯᠡᠨ ᠲᠣᠭᠲᠠᠭᠠᠭᠰᠠᠨ ᠵᠦᠢᠯᠡᠰ ᠢ | ᠪᠣᠳᠠᠲᠠᠢ ᠨᠠᠶᠢᠳᠠᠪᠤᠷᠢᠵᠢᠭᠤᠯᠤᠨ ᠨᠠᠷᠢᠯᠢᠭ ᠨᠠᠶᠢᠳᠠᠪᠤᠷᠢᠵᠢᠭᠤᠯᠬᠤ ᠶᠢ ᠠᠬᠢᠭᠤᠯᠬᠤ ᠶᠢᠨ ᠬᠠᠮᠲᠤ ᠲᠥᠷᠥᠯ ᠵᠦᠢᠯ ᠤᠨ | ᠲᠥᠯᠥᠪᠯᠡᠭᠡ ᠶᠢ ᠲᠣᠭᠲᠠᠭᠠᠬᠤ᠂ ᠬᠢᠨᠠᠨ ᠪᠤᠳᠤᠵᠤ ᠴᠡᠭᠴᠡᠯᠡᠨ ᠰᠠᠶᠢᠵᠢᠷᠠᠭᠤᠯᠬᠤ ᠶᠢ ᠠᠬᠢᠭᠤᠯᠬᠤ᠂ ᠬᠢᠨᠠᠨ ᠪᠤᠳᠤᠭᠰᠠᠨ | ᠦᠷ᠎ᠡ ᠪᠦᠲᠦᠭᠡᠯ ᠢ ᠬᠡᠷᠡᠭᠯᠡᠬᠦ᠂ ᠬᠢᠨᠠᠯᠲᠠ ᠲᠠᠯᠪᠢᠬᠤ ᠶᠢ ᠨᠡᠪᠲᠡᠷᠡᠯᠴᠡᠭᠦᠯᠦᠨ ᠵᠣᠬᠢᠴᠠᠭᠤᠯᠬᠤ᠂ ᠴᠢᠬᠤᠯᠠ ᠶᠡᠭᠡ | ᠠᠰᠠᠭᠤᠳᠠᠯ ᠢ ᠰᠢᠢᠳᠪᠦᠷᠢᠯᠡᠬᠦ ᠵᠡᠷᠭᠡ ᠲᠠᠯ᠎ᠠ ᠪᠠᠷ ᠨᠢᠭᠲᠠ ᠬᠠᠮᠵᠢᠯᠴᠠᠵᠤ᠂ ᠠᠵᠢᠯ ᠤᠨ ᠨᠡᠶᠢᠯᠡᠮᠡᠯ ᠬᠦᠴᠦᠨ ᠢ | ᠪᠦᠷᠢᠯᠳᠦᠭᠦᠯᠦᠨ᠎ᠡ᠃ | ᠬᠤᠶᠠᠷ ᠲᠤ᠂ ᠬᠢᠨᠠᠨ ᠪᠣᠳᠣᠯᠲᠠ ᠶᠢᠨ ᠦᠷ᠎ᠡ ᠪᠦᠲᠦᠭᠡᠯ ᠢ ᠬᠤᠪᠢᠷᠠᠭᠤᠯᠬᠤ ᠶᠢᠨ ᠲᠣᠭᠤᠷᠢᠨ ᠳᠤ ᠵᠢᠭᠠᠪᠤᠷᠢ | ᠠᠪᠴᠤ ᠮᠡᠳᠡᠭᠦᠯᠬᠦ ᠵᠣᠬᠢᠴᠠᠮᠵᠢ ᠶᠢ ᠪᠦᠷᠢᠨᠰᠢᠭᠦᠯᠦᠨ᠎ᠡ᠃ ᠴᠢᠬᠤᠯᠠ ᠶᠡᠭᠡ ᠤᠴᠢᠷ ᠶᠠᠪᠤᠳᠠᠯ ᠤᠨ ᠲᠤᠬᠠᠢ ᠵᠢᠭᠠᠪᠤᠷᠢ | ᠠᠪᠴᠤ ᠮᠡᠳᠡᠭᠦᠯᠬᠦ ᠳᠦᠷᠢᠮ ᠢ ᠪᠦᠬᠦ ᠲᠠᠯ᠎ᠠ ᠪᠠᠷ ᠵᠢᠷᠤᠮᠵᠢᠭᠤᠯᠤᠨ ᠨᠠᠶᠢᠳᠠᠪᠤᠷᠢᠵᠢᠭᠤᠯᠵᠤ᠂ ᠵᠢᠭᠠᠪᠤᠷᠢ ᠠᠪᠴᠤ | ᠮᠡᠳᠡᠭᠦᠯᠬᠦ ᠶᠠᠪᠤᠴᠠ ᠶᠢ ᠰᠢᠯᠤᠭᠤᠳᠬᠠᠵᠤ᠂ ᠴᠢᠬᠤᠯᠠ ᠬᠢᠨᠠᠨ ᠪᠣᠳᠣᠯᠲᠠ ᠶᠢᠨ ᠪᠠᠶᠢᠳᠠᠯ᠂ ᠴᠢᠬᠤᠯᠠ ᠬᠢᠨᠠᠨ | ᠪᠣᠳᠣᠯᠲᠠ ᠶᠢᠨ ᠮᠡᠳᠡᠭᠦᠯᠦᠯᠲᠡ᠂ ᠰᠠᠬᠢᠯᠭ᠎ᠠ ᠪᠠᠲᠤ ᠬᠠᠤᠯᠢ ᠴᠠᠭᠠᠵᠠ ᠶᠢ ᠵᠥᠷᠢᠴᠡᠭᠰᠡᠨ ᠬᠦᠨᠳᠦ ᠶᠡᠭᠡ ᠠᠰᠠᠭᠤᠳᠠᠯ | ᠵᠢᠴᠢ ᠰᠢᠢᠳᠪᠦᠷᠢᠯᠡᠬᠦ ᠰᠠᠨᠠᠯ ᠵᠡᠷᠭᠡ ᠬᠢᠨᠠᠨ ᠪᠣᠳᠣᠯᠲᠠ ᠶᠢᠨ ᠠᠵᠢᠯ ᠤᠨ ᠴᠢᠬᠤᠯᠠ ᠶᠡᠭᠡ ᠵᠦᠢᠯᠡᠰ ᠢ ᠦᠨᠡᠨ ᠬᠦ | ᠪᠠᠲᠤᠯᠠᠵᠤ᠂ ᠡᠩ ᠲᠡᠷᠢᠭᠦᠨ ᠳᠤ ᠠᠳᠠᠯᠢ ᠱᠠᠲᠤᠨ ᠤ ᠬᠢᠨᠠᠨ ᠪᠤᠳᠤᠬᠤ ᠵᠥᠪᠯᠡᠯ ᠳᠤ ᠮᠡᠳᠡᠭᠦᠯᠵᠦ᠂ ᠮᠡᠳᠡᠭᠦᠯᠬᠦ | ᠶᠣᠰᠣᠲᠠᠢ ᠶᠢ ᠨᠢ ᠪᠦᠬᠦᠨ ᠢ ᠮᠡᠳᠡᠭᠦᠯᠵᠦ᠂ ᠳᠤᠲᠠᠭᠤᠯᠬᠤ ᠦᠭᠡᠢ ᠣᠷᠬᠢᠭᠳᠠᠭᠤᠯᠬᠤ ᠦᠭᠡᠢ᠂ ᠴᠠᠭ ᠲᠤᠬᠠᠢ ᠳᠤ ᠨᠢ | ᠣᠨᠣᠪᠴᠢᠲᠠᠢ ᠪᠠᠶᠢᠯᠭᠠᠬᠤ ᠶᠢ ᠪᠡᠶᠡᠯᠡᠭᠦᠯᠦᠨ᠎ᠡ᠃ ᠮᠡᠳᠡᠭᠦᠯᠦᠨ ᠬᠦᠷᠭᠡᠬᠦ ᠶᠠᠰᠤ ᠴᠢᠨᠠᠷ ᠪᠠ ᠦᠷ᠎ᠡ ᠪᠦᠲᠦᠮᠵᠢ ᠶᠢ | ᠳᠡᠭᠡᠭᠰᠢᠯᠡᠭᠦᠯᠵᠦ᠂ ᠠᠳᠠᠯᠢ ᠱᠠᠲᠤᠨ ᠤ ᠬᠢᠨᠠᠨ ᠪᠤᠳᠤᠬᠤ ᠺᠣᠮᠢᠰ ᠲᠤ ᠳᠡᠭᠡᠳᠦ ᠬᠡᠮᠵᠢᠶᠡᠨ ᠤ ᠦᠨ᠎ᠡ ᠥᠷᠲᠡᠭ ᠲᠠᠢ᠂ | ᠴᠢᠨᠠᠷ ᠰᠠᠶᠢᠲᠠᠢ ᠬᠢᠨᠠᠨ ᠪᠤᠳᠤᠬᠤ ᠦᠷ᠎ᠡ ᠪᠦᠲᠦᠭᠡᠯ ᠢ ᠴᠠᠭ ᠲᠤᠬᠠᠢ ᠳᠤ ᠨᠢ ᠮᠡᠳᠡᠭᠦᠯᠵᠦ᠂ ᠰᠤᠳᠤᠯᠬᠤ᠂ ᠳ᠋ᠦᠩᠨᠡᠬᠦ᠂ | ᠬᠤᠷᠢᠶᠠᠩᠭᠤᠶᠢᠯᠠᠬᠤ ᠳᠡᠭᠡᠷ᠎ᠡ ᠬᠦᠴᠦ ᠲᠠᠯᠪᠢᠵᠤ᠂ ᠴᠣᠬᠤᠯᠠᠪᠤᠷᠢ ᠬᠢᠵᠦ ᠳᠡᠶᠢᠯᠬᠦ᠂ ᠨᠠᠶᠢᠳᠠᠪᠤᠷᠢᠵᠢᠭᠤᠯᠵᠤ ᠳᠡᠶᠢᠯᠬᠦ᠂ | ᠦᠢᠯᠡᠳᠦᠯ ᠦᠵᠡᠭᠦᠯᠬᠦ ᠪᠠᠷ ᠴᠢᠷᠮᠠᠶᠢᠨ᠎ᠠ᠃ | ᠭᠤᠷᠪᠠ ᠳᠤ᠂ ᠬᠡᠮᠵᠢᠶᠡᠵᠢᠭᠦᠯᠦᠨ ᠰᠢᠯᠭᠠᠨ ᠦᠨᠡᠯᠡᠬᠦ ᠠᠵᠢᠯ ᠤᠨ ᠲᠣᠭᠤᠷᠢᠨ ᠳᠤ᠂ ᠦᠷ᠎ᠡ ᠪᠦᠲᠦᠮᠵᠢ ᠶᠢ | ᠮᠥᠷᠳᠡᠨ ᠠᠰᠠᠭᠤᠬᠤ ᠵᠣᠬᠢᠴᠠᠮᠵᠢ ᠶᠢ ᠪᠦᠷᠢᠨᠰᠢᠭᠦᠯᠦᠨ᠎ᠡ᠃ ᠬᠡᠮᠵᠢᠶᠡᠵᠢᠭᠦᠯᠦᠨ ᠰᠢᠯᠭᠠᠨ ᠦᠨᠡᠯᠡᠬᠦ ᠠᠵᠢᠯ ᠤᠨ | ᠲᠤᠰᠬᠠᠢ ᠠᠩᠭᠢ ᠶᠢ ᠰᠢᠯᠢᠳᠡᠭᠵᠢᠭᠦᠯᠵᠦ᠂ ᠣᠨ ᠤ ᠬᠡᠮᠵᠢᠶᠡᠵᠢᠭᠦᠯᠦᠨ ᠰᠢᠯᠭᠠᠨ ᠦᠨᠡᠯᠡᠬᠦ᠂ ᠰᠢᠯᠭᠠᠨ ᠦᠨᠡᠯᠡᠬᠦ | ᠠᠵᠢᠯ ᠤᠨ ᠳᠤᠮᠳᠠᠬᠢ ᠨᠠᠮ ᠤᠨ ᠤᠳᠤᠷᠢᠳᠤᠯᠭ᠎ᠠ᠂ ᠬᠢᠨᠠᠨ ᠪᠤᠳᠤᠬᠤ ᠶᠠᠰᠤ ᠴᠢᠨᠠᠷ ᠪᠠ ᠴᠡᠭᠴᠡᠯᠡᠨ ᠰᠠᠶᠢᠵᠢᠷᠠᠭᠤᠯᠬᠤ᠂ | ᠬᠢᠨᠠᠨ ᠪᠤᠳᠤᠬᠤ ᠲᠥᠯᠥᠪᠯᠡᠭᠡ ᠪᠠ ᠮᠡᠳᠡᠭᠡ ᠵᠠᠩᠭᠢ ᠶᠢᠨ ᠤᠬᠠᠭᠤᠯᠭ᠎ᠠ᠂ ᠰᠢᠨᠵᠢᠯᠡᠬᠦ ᠤᠬᠠᠭᠠᠨ ᠲᠧᠭᠨᠢᠭ | ᠮᠡᠷᠭᠡᠵᠢᠯ ᠢᠶᠠᠷ ᠴᠢᠩᠭ᠎ᠠ ᠬᠢᠨᠠᠬᠤ᠂ ᠰᠤᠳᠤᠯᠭᠠᠨ ᠤ ᠬᠡᠯᠪᠡᠷᠢ ᠶᠢᠨ ᠬᠢᠨᠠᠨ ᠪᠣᠳᠣᠯᠲᠠ᠂ ᠬᠠᠤᠯᠢ ᠪᠠᠷ ᠵᠠᠰᠠᠬᠤ ᠪᠦᠲᠦᠭᠡᠨ | ᠪᠠᠶᠢᠭᠤᠯᠤᠯᠲᠠ ᠵᠡᠷᠭᠡ ᠵᠢᠷᠭᠤᠭᠠᠨ ᠲᠠᠯ᠎ᠠ ᠶᠢᠨ 30 ᠭᠠᠷᠤᠢ ᠵᠢᠵᠢᠭ ᠵᠦᠢᠯ ᠢ ᠨᠢᠭᠡᠳ ᠨᠢᠭᠡ ᠪᠠᠷ ᠬᠠᠷᠭᠤᠭᠤᠯᠵᠤ᠂ | ᠡᠷᠲᠡᠬᠡᠨ ᠲᠥᠯᠥᠪᠵᠢᠭᠦᠯᠵᠦ᠂ ᠡᠷᠲᠡᠬᠡᠨ ᠬᠥᠳᠡᠯᠦᠯᠴᠡᠵᠦ᠂ ᠵᠠᠮ ᠱᠤᠭᠤᠮ ᠤᠨ ᠵᠢᠷᠤᠭ᠂ ᠴᠠᠭ ᠤᠨ ᠬᠦᠰᠦᠨᠦᠭᠲᠦ᠂ | ᠬᠠᠷᠢᠭᠤᠴᠠᠯᠭ᠎ᠠ ᠶᠢᠨ ᠳᠦᠷᠢᠮ ᠢ ᠪᠠᠶᠢᠭᠤᠯᠵᠤ᠂ ᠠᠵᠢᠯ ᠨᠢᠭᠡᠪᠦᠷᠢ ᠳᠤ ᠴᠥᠮ ᠠᠷᠭ᠎ᠠ ᠬᠡᠮᠵᠢᠶ᠎ᠡ ᠲᠠᠢ᠂ | ᠵᠠᠩᠭᠢᠯᠠᠭ᠎ᠠ ᠶᠢᠨ ᠴᠡᠭ ᠲᠠᠢ᠂ ᠦᠷ᠎ᠡ ᠪᠦᠲᠦᠮᠵᠢ ᠲᠠᠢ ᠪᠠᠶᠢᠵᠤ᠂ ᠰᠠᠷ᠎ᠠ ᠪᠦᠷᠢ ᠲᠣᠬᠢᠷᠠᠭᠤᠯᠤᠨ ᠮᠡᠳᠡᠭᠳᠡᠵᠦ᠂ ᠬᠠᠭᠠᠰ | ᠵᠢᠯ ᠳᠤ ᠬᠡᠮᠵᠢᠶᠡᠵᠢᠭᠦᠯᠦᠨ ᠰᠢᠯᠭᠠᠨ ᠦᠨᠡᠯᠡᠬᠦ ᠪᠠ ᠪᠥᠬᠦ ᠵᠢᠯ ᠤᠨ ᠦᠨᠡᠯᠡᠯᠲᠡ ᠳᠤ ᠬᠤᠪᠢ ᠠᠯᠳᠠᠵᠤ ᠪᠣᠯᠬᠤ | ᠦᠭᠡᠢ᠂ ᠬᠢᠷᠢ ᠪᠦᠲᠦᠮᠵᠢ ᠨᠢ ᠡᠷᠬᠡᠪᠰᠢ ᠡᠮᠦᠨ᠎ᠡ ᠡᠩᠨᠡᠭᠡᠨ ᠳᠤ ᠪᠠᠶᠢᠬᠤ ᠬᠡᠷᠡᠭᠲᠡᠢ᠃ | ︵ᠬᠤᠶᠠᠷ︶ ᠬᠢᠨᠠᠨ ᠪᠤᠳᠤᠬᠤ ᠲᠥᠯᠥᠪᠯᠡᠭᠡ ᠳᠤ ᠲᠦᠰᠢᠭᠯᠡᠨ᠂ ᠲᠥᠷᠥᠯ ᠵᠦᠢᠯ ᠤᠨ ᠬᠡᠷᠡᠭᠵᠢᠭᠦᠯᠦᠯᠲᠡ ᠶᠢ | ᠨᠢᠭᠡᠳᠦᠯᠲᠡᠢ ᠲᠥᠯᠥᠪᠯᠡᠬᠦ ᠶᠢ ᠰᠠᠶᠢᠲᠤᠷ ᠠᠳᠬᠤᠵᠤ᠂ ᠭᠤᠣᠯᠳᠠᠯᠭ᠎ᠠ ᠲᠠᠢ ᠬᠦᠷᠢᠶ᠎ᠡ ᠴᠠᠷᠠᠭ᠎ᠠ ᠶᠢ ᠲᠣᠪᠤᠶᠢᠯᠭᠠᠨ | ᠴᠢᠬᠤᠯᠠ ᠠᠰᠠᠭᠤᠳᠠᠯ ᠢ ᠢᠯᠡᠷᠡᠭᠦᠯᠵᠦ᠂ ᠬᠢᠨᠠᠨ ᠪᠤᠳᠤᠬᠤ ᠶᠠᠰᠤ ᠴᠢᠨᠠᠷ ᠦᠷ᠎ᠡ ᠪᠦᠲᠦᠮᠵᠢ ᠶᠢ ᠳᠡᠭᠡᠭᠰᠢᠯᠡᠭᠦᠯᠬᠦ ᠳᠤ | ᠪᠠᠲᠤ ᠪᠠᠬᠢ ᠰᠠᠭᠤᠷᠢ ᠲᠠᠯᠪᠢᠵᠤ ᠥᠭᠭᠦᠨ᠎ᠡ | ᠨᠢᠭᠡ ᠳᠤ᠂ ᠴᠢᠨᠠᠷ ᠰᠠᠶᠢᠲᠠᠢ ᠬᠥᠭᠵᠢᠯᠲᠡ ᠶᠢᠨ ᠲᠡᠷᠢᠭᠦᠨ ᠴᠢᠬᠤᠯᠠ ᠡᠭᠦᠷᠭᠡ ᠶᠢᠨ ᠲᠣᠭᠤᠷᠢᠨ ᠳᠤ ᠬᠢᠨᠠᠨ | ᠪᠣᠳᠣᠯᠲᠠ ᠶᠢ ᠥᠷᠨᠢᠭᠦᠯᠦᠨ᠎ᠡ᠃ ᠶᠡᠷᠦᠩᠬᠡᠢ ᠱᠦᠵᠢ ᠰᠢ ᠶᠢᠨ ᠫᠢᠩ ᠪᠣᠯᠣᠨ ᠨᠠᠮ ᠤᠨ ᠲᠥᠪ ᠬᠤᠷᠢᠶ᠎ᠠ ᠠᠴᠠ | ᠥᠪᠥᠷ ᠮᠣᠩᠭᠤᠯ ᠳᠤ ᠣᠯᠭᠤᠭᠰᠠᠨ ᠪᠠᠶᠢᠯᠳᠤᠬᠤ ᠪᠣᠳᠣᠯᠭ᠎ᠠ ᠶᠢᠨ ᠪᠠᠶᠢᠷᠢ ᠲᠣᠭᠲᠠᠭᠠᠯᠲᠠ᠂ ᠶᠡᠷᠦᠩᠬᠡᠢ ᠱᠦᠵᠢ | ᠰᠢ ᠶᠢᠨ ᠫᠢᠩ ᠤᠨ ᠪᠤᠭᠤᠲᠤ ᠳᠤ ︽ᠨᠢᠭᠡ ᠰᠢᠨ᠎ᠡ ᠶᠢ ᠡᠭᠦᠳᠬᠦ᠂ ᠭᠤᠷᠪᠠ ᠶᠢ ᠪᠡᠶᠡᠯᠡᠭᠦᠯᠬᠦ︾ ᠴᠢᠬᠤᠯᠠ ᠵᠢᠭᠠᠪᠤᠷᠢ | ᠥᠭᠭᠦᠭᠰᠡᠨ ᠲᠠᠢ ᠨᠢᠭᠲᠠ ᠤᠶᠠᠯᠳᠤᠭᠤᠯᠤᠨ᠂ ᠴᠢᠬᠤᠯᠠ ᠶᠡᠭᠡ ᠪᠠᠶᠢᠯᠳᠤᠬᠤ ᠪᠣᠳᠣᠯᠭ᠎ᠠ᠂ ᠴᠢᠬᠤᠯᠠ ᠶᠡᠭᠡ ᠠᠷᠭ᠎ᠠ | ᠬᠡᠮᠵᠢᠶ᠎ᠡ᠂ ᠴᠢᠬᠤᠯᠠ ᠶᠡᠭᠡ ᠲᠦᠷᠦᠯ ᠵᠦᠢᠯ ᠳᠤ ᠠᠩᠬᠠᠷᠤᠯ ᠢᠶᠠᠨ ᠲᠥᠪᠯᠡᠷᠡᠭᠦᠯᠵᠦ᠂ ᠬᠤᠯᠪᠣᠭᠳᠠᠯ ᠪᠦᠬᠦᠢ | ᠲᠦᠷᠦ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠭᠰᠠᠨ ᠪᠠᠶᠢᠳᠠᠯ ᠢ ᠭᠤᠣᠯᠳᠠᠯᠭ᠎ᠠ ᠲᠠᠢ | ᠠᠩᠬᠠᠷᠴᠤ᠂ ᠲᠦᠷᠦ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠲᠣᠭᠲᠠᠭᠠᠭᠰᠠᠨ ᠨᠢ ᠵᠦᠢ ᠵᠣᠬᠢᠰ ᠦᠭᠡᠢ᠂ | ᠬᠡᠷᠡᠭᠵᠢᠭᠦᠯᠦᠭᠰᠡᠨ ᠨᠢ ᠭᠦᠢᠴᠡᠳ ᠦᠭᠡᠢ ᠵᠢᠴᠢ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠳᠤ ᠣᠷᠣᠰᠢᠵᠤ | ᠪᠠᠶᠢᠭ᠎ᠠ ᠲᠣᠪᠣᠶᠢᠮ᠎ᠠ ᠠᠰᠠᠭᠤᠳᠠᠯ ᠢ ᠬᠦᠴᠦᠯᠡᠨ ᠢᠯᠡᠷᠡᠭᠦᠯᠬᠦ ᠬᠡᠷᠡᠭᠲᠡᠢ᠃ ᠬᠤᠲᠠ ᠶᠢᠨ ᠨᠠᠮ ᠤᠨ ᠬᠤᠷᠢᠶ᠎ᠠ᠂ | ᠬᠤᠲᠠ ᠶᠢᠨ ᠵᠠᠰᠠᠭ ᠤᠨ ᠣᠷᠳᠣᠨ ᠤ ᠴᠢᠬᠤᠯᠠ ᠶᠡᠭᠡ ᠲᠣᠬᠢᠷᠠᠭᠤᠯᠤᠯᠲᠠ ᠲᠠᠢ ᠨᠢᠭᠲᠠ ᠤᠶᠠᠯᠳᠤᠭᠤᠯᠤᠨ᠂ | ᠢᠯᠠᠩᠭᠤᠶ᠎ᠠ ᠬᠤᠲᠠ ᠶᠢᠨ ᠨᠠᠮ ᠤᠨ ᠬᠤᠷᠢᠶᠠᠨ ᠤ ᠠᠷᠪᠠᠨ ᠭᠤᠷᠪᠠᠳᠤᠭᠠᠷ ᠬᠤᠭᠤᠴᠠᠭᠠᠨ ᠤ ᠳᠣᠯᠣᠳᠤᠭᠠᠷ ᠪᠥᠬᠦᠳᠡ | ᠬᠤᠷᠠᠯ ᠠᠴᠠ ᠲᠣᠬᠢᠷᠠᠭᠤᠯᠤᠨ ᠪᠠᠶᠢᠷᠢᠯᠠᠭᠤᠯᠤᠭᠰᠠᠨ ︽ᠲᠤᠯᠤᠭᠠᠨ ᠶᠡᠭᠡ ᠠᠵᠢᠯᠯᠠᠭ᠎ᠠ︾ ᠶᠢᠨ ᠡᠯ᠎ᠡ ᠵᠦᠢᠯ ᠤᠨ ᠬᠢᠨᠠᠨ | ᠪᠤᠳᠤᠬᠤ ᠶᠠᠪᠤᠴᠠ ᠳᠠᠬᠢ ᠬᠤᠯᠪᠣᠭᠳᠠᠯ ᠪᠦᠬᠦᠢ ᠠᠵᠢᠯ ᠤᠨ ᠡᠭᠦᠷᠭᠡ ᠶᠢ ᠨᠠᠶᠢᠳᠠᠪᠤᠷᠢᠵᠢᠭᠤᠯᠤᠭᠰᠠᠨ ᠪᠠᠶᠢᠳᠠᠯ ᠢ | ᠠᠩᠬᠠᠷᠴᠤ᠂ ᠲᠥᠷᠥ ᠶᠢᠨ ᠪᠣᠳᠣᠯᠭ᠎ᠠ ᠶᠢᠨ ᠨᠠᠶᠢᠳᠠᠪᠤᠷᠢᠵᠢᠭᠤᠯᠤᠯᠲᠠ ᠶᠢᠨ ︽ᠡᠴᠦᠰ ᠤᠨ ᠨᠢᠭᠡ ᠺᠢᠯᠣᠮᠧᠲᠷ︾ ᠢ | ᠰᠢᠯᠤᠭᠤᠳᠬᠠᠨ᠎ᠠ᠃ | ᠬᠤᠶᠠᠷ ᠲᠤ᠂ ᠡᠳ᠋ ᠤᠨ ᠵᠠᠰᠠᠭ ᠤᠨ ᠣᠷᠣᠯᠭ᠎ᠠ ᠵᠠᠷᠤᠯᠭ᠎ᠠ ᠶᠢᠨ ᠬᠠᠮᠢᠶᠠᠷᠤᠯᠲᠠ ᠶᠢᠨ ᠲᠣᠭᠤᠷᠢᠨ ᠳᠤ ᠬᠢᠨᠠᠨ | ᠪᠣᠳᠣᠯᠲᠠ ᠶᠢ ᠥᠷᠨᠢᠭᠦᠯᠦᠨ᠎ᠡ᠃ ᠲᠥᠰᠥᠪ ᠢ ᠨᠠᠶᠢᠷᠠᠭᠤᠯᠤᠨ ᠵᠣᠬᠢᠶᠠᠬᠤ ᠶᠢᠨ ᠪᠦᠷᠢᠨ ᠪᠦᠲᠦᠨ ᠴᠢᠨᠠᠷ᠂ ᠰᠢᠨᠵᠢᠯᠡᠬᠦ | ᠤᠬᠠᠭᠠᠨᠴᠢ ᠴᠢᠨᠠᠷ ᠪᠠ ᠲᠥᠰᠥᠪ ᠢ ᠭᠦᠢᠴᠡᠳᠬᠡᠭᠰᠡᠨ ᠦᠨᠡᠨ ᠪᠣᠳᠠᠲᠤ ᠴᠢᠨᠠᠷ᠂ ᠬᠠᠤᠯᠢ ᠶᠣᠰᠣᠴᠢ ᠴᠢᠨᠠᠷ᠂ ᠦᠷ᠎ᠡ | ᠠᠰᠢᠭ ᠤᠨ ᠴᠢᠨᠠᠷ ᠢᠶᠠᠷ ᠭᠤᠣᠯᠳᠠᠯᠭ᠎ᠠ ᠪᠣᠯᠭᠠᠵᠤ᠂ ᠬᠤᠲᠠ ᠶᠢᠨ ᠲᠣᠰ ᠱᠠᠲᠤᠨ ᠤ ᠡᠳ᠋ ᠤᠨ ᠵᠠᠰᠠᠭ᠂ 4 ᠰᠠᠯᠠᠭ᠎ᠠ | ᠮᠥᠴᠢᠷ ᠤᠨ ᠲᠥᠰᠥᠪ ᠢ ᠭᠦᠢᠴᠡᠳᠬᠡᠭᠰᠡᠨ ᠪᠠᠶᠢᠳᠠᠯ ᠪᠠ 1 ᠬᠤᠰᠢᠭᠤ ᠰᠢᠶᠠᠨ ᠲᠣᠭᠤᠷᠢᠭ ᠤᠨ ᠡᠳ᠋ ᠤᠨ | ᠵᠠᠰᠠᠭ ᠤᠨ ᠲᠥᠰᠥᠪ ᠤᠨ ᠭᠦᠢᠴᠡᠳᠬᠡᠯ ᠤᠨ ᠪᠠᠶᠢᠳᠠᠯ ᠳᠤ ᠬᠢᠨᠠᠨ ᠪᠣᠳᠣᠯᠲᠠ ᠬᠢᠨ᠎ᠡ︔ ᠤᠯᠤᠰ ᠤᠨ ᠥᠮᠴᠢᠯᠡᠯᠲᠦ | ᠠᠵᠤ ᠠᠬᠤᠶᠢᠯᠠᠯ ᠤᠨ ᠲᠦᠭᠰᠢᠭᠦᠷᠢ ᠶᠢ ᠰᠡᠷᠭᠡᠶᠢᠯᠡᠬᠦ ᠵᠢᠴᠢ ᠥᠭᠡᠷᠡᠴᠢᠯᠡᠯᠲᠡ ᠬᠥᠭᠵᠢᠯᠲᠡ ᠶᠢᠨ ᠪᠠᠶᠢᠳᠠᠯ ᠳᠤ | ᠲᠤᠰᠬᠠᠢ ᠬᠢᠨᠠᠨ ᠪᠣᠳᠣᠯᠲᠠ ᠶᠢᠨ ᠪᠠᠶᠢᠴᠠᠭᠠᠯᠲᠠ ᠬᠢᠨ᠎ᠡ᠃ ︽ᠲᠤᠯᠤᠭᠠᠨ ᠶᠡᠭᠡ ᠠᠵᠢᠯᠯᠠᠭ᠎ᠠ︾ ᠶᠢᠨ ᠪᠡᠯᠡ ᠮᠥᠩᠭᠦ ᠶᠢᠨ | ᠪᠠᠲᠤᠯᠠᠭ᠎ᠠ᠂ ᠳᠡᠭᠡᠳᠦ ᠱᠠᠲᠤᠨ ᠤ ᠰᠢᠯᠵᠢᠭᠦᠯᠦᠨ ᠲᠥᠯᠥᠪᠦᠷᠢ ᠥᠭᠬᠦ ᠲᠥᠷᠥ ᠶᠢᠨ ᠪᠣᠳᠣᠯᠭ᠎ᠠ ᠶᠢ ᠬᠡᠷᠡᠭᠵᠢᠭᠦᠯᠬᠦ᠂ | ᠵᠠᠰᠠᠭ ᠤᠨ ᠣᠷᠳᠣᠨ ᠤ ᠥᠷᠢ ᠥᠭᠴᠡᠭᠡ ᠶᠢᠨ ᠲᠦᠭᠰᠢᠭᠦᠷᠢ ᠶᠢ ᠠᠷᠢᠯᠭᠠᠬᠤ ᠪᠠ ︽ᠠᠷᠪᠢᠴᠢ ᠭᠠᠮᠲᠠᠢ ᠠᠮᠢᠳᠤᠷᠠᠬᠤ︾ | ᠱᠠᠭᠠᠷᠳᠠᠯᠭ᠎ᠠ ᠶᠢ ᠨᠠᠶᠢᠳᠠᠪᠤᠷᠢᠵᠢᠭᠤᠯᠬᠤ ᠵᠡᠷᠭᠡ ᠪᠠᠶᠢᠳᠠᠯ ᠢ ᠨᠢᠭᠲᠠ ᠠᠩᠬᠠᠷᠴᠤ᠂ ᠡᠳ᠋ ᠤᠨ ᠵᠠᠰᠠᠭ ᠤᠨ ᠪᠡᠯᠡ | ᠮᠥᠩᠭᠦ ᠶᠢ ᠴᠢᠩᠭ᠎ᠠ ᠠᠩᠬᠠᠷᠴᠤ᠂ ᠡᠳ᠋ ᠤᠨ ᠵᠠᠰᠠᠭ ᠤᠨ ᠪᠡᠯᠡ ᠮᠥᠩᠭᠦ ᠶᠢᠨ ᠶᠠᠰᠤ ᠴᠢᠨᠠᠷ ᠢ ᠳᠡᠭᠡᠭᠰᠢᠯᠡᠭᠦᠯᠦᠨ | ᠦᠷ᠎ᠡ ᠠᠰᠢᠭ ᠢ ᠨᠡᠮᠡᠭᠳᠡᠭᠦᠯᠬᠦ ᠶᠢ ᠠᠬᠢᠭᠤᠯᠤᠨ᠎ᠠ᠃ | ᠭᠤᠷᠪᠠ ᠳᠤ᠂ ᠴᠢᠬᠤᠯᠠ ᠶᠡᠭᠡ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠲᠣᠭᠤᠷᠢᠨ ᠳᠤ ᠬᠢᠨᠠᠨ | ᠪᠣᠳᠣᠯᠲᠠ ᠶᠢ ᠥᠷᠨᠢᠭᠦᠯᠦᠨ᠎ᠡ᠃ ᠪᠡᠯᠡ ᠣᠷᠣᠭᠤᠯᠤᠯᠲᠠ ᠶᠢᠨ ᠠᠵᠢᠯᠯᠠᠭ᠎ᠠ ᠶᠢ ᠵᠢᠷᠤᠮᠵᠢᠭᠤᠯᠬᠤ᠂ ᠪᠡᠯᠡ | ᠣᠷᠣᠭᠤᠯᠤᠯᠲᠠ ᠶᠢᠨ ᠦᠷ᠎ᠡ ᠠᠰᠢᠭ ᠢ ᠳᠡᠭᠡᠭᠰᠢᠯᠡᠭᠦᠯᠬᠦ ᠪᠠᠷ ᠬᠠᠷᠠᠯᠲᠠ ᠪᠣᠯᠭᠠᠵᠤ᠂ ᠵᠠᠰᠠᠮᠠᠯ ᠵᠠᠮ ᠤᠨ ᠵᠠᠮ | ᠬᠠᠷᠢᠯᠴᠠᠭ᠎ᠠ᠂ ᠬᠤᠲᠠ ᠶᠢᠨ ᠶᠠᠪᠤᠳᠠᠯ ᠤᠨ ᠢᠨᠵᠧᠨᠧᠷᠢᠩ᠂ ︽ᠬᠠᠭᠤᠴᠢᠨ ᠭᠡᠷ︾ ᠢ ᠥᠭᠡᠷᠡᠴᠢᠯᠡᠬᠦ᠂ ᠰᠤᠷᠭᠠᠨ | ᠬᠥᠮᠦᠵᠢᠯ᠂ ᠡᠮᠴᠢᠯᠡᠭᠡ᠂ ᠰᠣᠶᠣᠯ ᠤᠨ ︽ᠭᠤᠷᠪᠠᠨ ᠥᠨᠳᠥᠷ ᠭᠠᠵᠠᠷ︾ ᠤᠨ ᠬᠤᠯᠪᠣᠭᠳᠠᠯ ᠪᠦᠬᠦᠢ ᠪᠡᠯᠡ ᠮᠥᠩᠭᠦ ᠪᠠ | ᠲᠥᠷᠥᠯ ᠵᠦᠢᠯ ᠵᠡᠷᠭᠡ ᠳᠤ ᠬᠢᠨᠠᠨ ᠪᠣᠳᠣᠯᠲᠠ ᠶᠢ ᠥᠷᠨᠢᠭᠦᠯᠦᠨ᠎ᠡ᠃ ᠲᠥᠷᠥᠯ ᠵᠦᠢᠯ ᠤᠨ ᠦᠨᠳᠦᠰᠦᠨ ᠪᠦᠲᠦᠭᠡᠨ | ᠪᠠᠶᠢᠭᠤᠯᠤᠯᠲᠠ ᠶᠢᠨ ᠶᠠᠪᠤᠴᠠ ᠶᠢᠨ ᠭᠦᠢᠴᠡᠳᠬᠡᠯ᠂ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠬᠠᠮᠢᠶᠠᠷᠤᠯᠲᠠ᠂ | ᠪᠡᠯᠡ ᠮᠥᠩᠭᠦ ᠶᠢᠨ ᠬᠠᠮᠢᠶᠠᠷᠤᠯᠲᠠ ᠬᠡᠷᠡᠭᠯᠡᠯᠲᠡ᠂ ᠪᠡᠯᠡ ᠣᠷᠣᠭᠤᠯᠤᠯᠲᠠ ᠶᠢᠨ ᠡᠵᠡᠮᠳᠡᠯ ᠪᠠ ᠢᠨᠵᠧᠨᠧᠷᠢᠩ ᠤᠨ | ᠬᠠᠩᠰᠢᠯᠠᠭᠰᠠᠨ ᠦᠨ᠎ᠡ ᠶᠢᠨ ᠬᠠᠮᠢᠶᠠᠷᠤᠯᠲᠠ᠂ ᠪᠡᠯᠡ ᠣᠷᠣᠭᠤᠯᠤᠯᠲᠠ ᠶᠢᠨ ᠠᠮᠵᠢᠯᠲᠠ ᠪᠦᠲᠦᠮᠵᠢ ᠵᠡᠷᠭᠡ ᠪᠠᠶᠢᠳᠠᠯ ᠢ | ᠭᠤᠣᠯᠳᠠᠯᠭ᠎ᠠ ᠲᠠᠢ ᠠᠩᠬᠠᠷᠴᠤ᠂ ᠪᠦᠲᠦᠮᠵᠢᠲᠡᠶ ᠪᠡᠯᠡ ᠣᠷᠣᠭᠤᠯᠤᠯᠲᠠ ᠶᠢᠨ ᠵᠠᠩᠭᠢᠯᠠᠭ᠎ᠠ ᠶᠢᠨ ᠦᠢᠯᠡᠳᠦᠯ ᠢ | ᠪᠠᠳᠠᠷᠠᠭᠤᠯᠬᠤ ᠶᠢ ᠠᠬᠢᠭᠤᠯᠤᠨ᠎ᠠ᠃ | ᠳᠥᠷᠪᠡ ᠳᠤ᠂ ᠠᠮᠢ ᠠᠬᠤᠢ ᠶᠢᠨ ᠪᠣᠯᠪᠠᠰᠤᠨ ᠤ ᠪᠦᠲᠦᠭᠡᠨ ᠪᠠᠶᠢᠭᠤᠯᠤᠯᠲᠠ ᠶᠢᠨ ᠲᠣᠭᠤᠷᠢᠨ ᠳᠤ ᠬᠢᠨᠠᠨ | ᠪᠣᠳᠣᠯᠲᠠ ᠶᠢ ᠥᠷᠨᠢᠭᠦᠯᠦᠨ᠎ᠡ᠃ ᠮᠠᠨ ᠤ ᠤᠯᠤᠰ ᠤᠨ ᠤᠮᠠᠷᠠᠲᠤ ᠶᠢᠨ ᠴᠢᠬᠤᠯᠠ ᠠᠮᠢ ᠠᠬᠤᠢ ᠶᠢᠨ ᠠᠮᠤᠷ | ᠲᠦᠪᠰᠢᠨ ᠤ ᠬᠠᠯᠬᠠᠪᠴᠢ ᠶᠢ ᠪᠦᠲᠦᠭᠡᠨ ᠪᠠᠶᠢᠭᠤᠯᠬᠤ ᠴᠢᠬᠤᠯᠠ ᠶᠡᠭᠡ ᠡᠭᠦᠷᠭᠡ ᠲᠠᠢ ᠨᠢᠭᠲᠠ ᠤᠶᠠᠯᠳᠤᠭᠤᠯᠤᠨ᠂ | ᠬᠤᠰᠢᠭᠤ ᠰᠢᠶᠠᠨ ᠲᠣᠭᠤᠷᠢᠭ ᠤᠨ ᠤᠳᠤᠷᠢᠳᠬᠤ ᠺᠠᠳ᠋ᠷᠴᠤᠳ ᠤᠨ ᠠᠵᠤ ᠠᠬᠤᠢ ᠶᠢᠨ ᠬᠠᠷᠢᠭᠤᠴᠠᠯᠭ᠎ᠠ ᠶᠢ ᠬᠢᠨᠠᠨ | ᠪᠤᠳᠤᠬᠤ ᠪᠠ ᠪᠠᠶᠢᠭᠠᠯᠢ ᠶᠢᠨ ᠡᠬᠢ ᠪᠠᠶᠠᠯᠢᠭ ᠡᠳ᠋ ᠬᠥᠷᠥᠩᠭᠡ ᠶᠢᠨ ᠬᠠᠷᠢᠭᠤᠴᠠᠯᠭ᠎ᠠ ᠶᠢᠨ ᠬᠢᠨᠠᠨ ᠪᠣᠳᠣᠯᠲᠠ ᠶᠢ | ᠬᠠᠮᠲᠤ ᠳᠤ ᠨᠢ ᠲᠣᠬᠢᠷᠠᠭᠤᠯᠵᠤ᠂ ᠬᠤᠯᠪᠣᠭᠳᠠᠯ ᠪᠦᠬᠦᠢ ᠭᠠᠵᠠᠷ ᠣᠷᠣᠨ ᠤ ᠤᠳᠤᠷᠢᠳᠬᠤ ᠺᠠᠳ᠋ᠷᠴᠤᠳ ᠤᠨ | ᠪᠣᠬᠢᠷᠲᠤᠯ ᠦᠭᠡᠢ ᠬᠥᠭᠵᠢᠯᠲᠡ ᠶᠢᠨ ᠣᠨᠣᠯᠵᠢᠬᠤᠨ ᠢ ᠦᠢᠯᠡᠳᠦᠯᠭᠡᠵᠢᠭᠦᠯᠬᠦ ᠶᠢ ᠠᠬᠢᠭᠤᠯᠤᠨ᠎ᠠ᠃ ᠡᠬᠢ ᠪᠠᠶᠠᠯᠢᠭ ᠢ | ᠠᠷᠪᠢᠯᠠᠨ ᠡᠷᠴᠢᠮᠵᠢᠭᠦᠯᠦᠨ ᠠᠰᠢᠭᠯᠠᠬᠤ ᠶᠢ ᠠᠬᠢᠭᠤᠯᠵᠤ᠂ ᠪᠥᠬᠦ ᠬᠤᠲᠠ ᠶᠢᠨ ᠳᠠᠬᠢᠯᠲᠠ ᠤᠰᠤ ᠶᠢ ᠠᠰᠢᠭᠯᠠᠬᠤ | ᠲᠤᠷᠰᠢᠯᠲᠠ ᠶᠢᠨ ᠵᠢᠱᠢᠶ᠎ᠡ ᠦᠵᠡᠭᠦᠯᠬᠦ ᠬᠤᠲᠠ ᠶᠢᠨ ᠪᠦᠲᠦᠭᠡᠨ ᠪᠠᠶᠢᠭᠤᠯᠤᠯᠲᠠ ᠶᠢᠨ ᠪᠠᠶᠢᠳᠠᠯ ᠳᠤ ᠲᠤᠰᠬᠠᠢ ᠬᠢᠨᠠᠨ | ᠪᠣᠳᠣᠯᠲᠠ ᠶᠢᠨ ᠪᠠᠶᠢᠴᠠᠭᠠᠯᠲᠠ ᠬᠢᠨ᠎ᠡ᠃ | ᠲᠠᠪᠤ ᠳᠤ᠂ ᠠᠷᠠᠳ ᠤᠨ ᠠᠮᠢᠳᠤᠷᠠᠯ ᠢ ᠪᠠᠲᠤᠯᠠᠨ ᠰᠠᠶᠢᠵᠢᠷᠠᠭᠤᠯᠬᠤ ᠶᠢᠨ ᠲᠣᠭᠤᠷᠢᠨ ᠳᠤ ᠬᠢᠨᠠᠨ | ᠪᠣᠳᠣᠯᠲᠠ ᠶᠢ ᠥᠷᠨᠢᠭᠦᠯᠦᠨ᠎ᠡ᠃ ᠠᠷᠠᠳ ᠲᠦᠮᠡᠨ ᠢᠶᠠᠷ ᠭᠤᠣᠯ ᠪᠣᠯᠭᠠᠬᠤ ᠬᠥᠭᠵᠢᠯᠲᠡ ᠶᠢᠨ ᠦᠵᠡᠯ ᠰᠠᠨᠠᠭ᠎ᠠ ᠶᠢ | ᠨᠠᠷᠢᠨ ᠬᠢᠨᠠᠮᠠᠭᠠᠢ ᠦᠢᠯᠡᠳᠦᠯᠭᠡᠵᠢᠭᠦᠯᠵᠦ᠂ ᠠᠷᠠᠳ ᠤᠨ ᠠᠮᠢᠳᠤᠷᠠᠯ ᠤᠨ ᠪᠤᠶᠠᠨ ᠵᠢᠷᠭᠠᠯ ᠢ ᠨᠡᠮᠡᠭᠳᠡᠭᠦᠯᠬᠦ᠂ ᠠᠷᠠᠳ ᠤᠨ | ᠠᠮᠢᠳᠤᠷᠠᠯ ᠤᠨ ᠬᠤᠷᠢᠭ᠎ᠠ ᠱᠤᠭᠤᠮ ᠢ ᠪᠠᠲᠤ ᠰᠠᠬᠢᠬᠤ ᠶᠢ ᠠᠬᠢᠭᠤᠯᠬᠤ ᠪᠠᠷ ᠬᠠᠷᠠᠯᠲᠠ ᠪᠣᠯᠭᠠᠵᠤ᠂ ᠨᠠᠰᠤᠵᠢᠯ ᠤᠨ | ᠠᠰᠠᠷᠠᠮᠵᠢ᠂ ᠬᠠᠶᠢᠷ᠎ᠠ ᠬᠠᠯᠠᠮᠵᠢ ᠶᠢᠨ ᠢᠨᠵᠧᠨᠧᠷᠢᠩ ᠵᠡᠷᠭᠡ ᠠᠷᠠᠳ ᠤᠨ ᠠᠮᠢᠳᠤᠷᠠᠯ ᠤᠨ ᠬᠢᠨᠠᠨ ᠪᠣᠳᠣᠯᠲᠠ ᠶᠢ | ᠵᠣᠬᠢᠶᠠᠨ ᠪᠠᠶᠢᠭᠤᠯᠤᠨ ᠥᠷᠨᠢᠭᠦᠯᠦᠨ᠎ᠡ᠃ ᠨᠠᠰᠤᠵᠢᠯ ᠤᠨ ᠳᠠᠭᠠᠳᠬᠠᠯ ᠤᠨ ᠰᠠᠭᠤᠷᠢ ᠮᠥᠩᠭᠦ ᠶᠢ ᠬᠤᠷᠠᠮᠳᠤᠭᠤᠯᠬᠤ᠂ | ᠬᠠᠮᠢᠶᠠᠷᠬᠤ ᠪᠠ ᠬᠡᠷᠡᠭᠯᠡᠬᠦ᠂ ᠬᠤᠲᠠ ᠶᠢᠨ ᠲᠣᠭᠤᠷᠢᠭ ᠤᠨ ᠲᠥᠪᠯᠡᠷᠡᠭᠦᠯᠦᠨ ᠢᠯᠴᠢ ᠬᠠᠩᠭᠠᠬᠤ ᠲᠥᠷᠥᠯ ᠵᠦᠢᠯ ᠢ | ᠪᠦᠲᠦᠭᠡᠨ ᠪᠠᠶᠢᠭᠤᠯᠵᠤ ᠡᠵᠡᠩᠨᠡᠬᠦ᠂ ᠬᠠᠭᠤᠴᠢᠨ ᠵᠢᠵᠢᠭ ᠲᠣᠭᠤᠷᠢᠭ ᠤᠨ ᠢᠯᠴᠢ ᠬᠠᠩᠭᠠᠬᠤ ᠬᠤᠭᠤᠯᠠᠢ ᠶᠢᠨ | ᠲᠣᠣᠷ ᠢ ᠥᠭᠡᠷᠡᠴᠢᠯᠡᠬᠦ᠂ ᠢᠯᠴᠢ ᠬᠠᠩᠭᠠᠬᠤ ᠶᠢ ᠭᠤᠣᠯᠴᠢᠯᠠᠨ ᠬᠠᠮᠢᠶᠠᠷᠬᠤ ᠰᠠᠯᠠᠭ᠎ᠠ ᠮᠥᠴᠢᠷ ᠤᠨ ᠡᠭᠦᠷᠭᠡ | ᠬᠠᠷᠢᠭᠤᠴᠠᠯᠭ᠎ᠠ ᠪᠠᠨ ᠭᠦᠢᠴᠡᠳᠬᠡᠭᠰᠡᠨ ᠵᠡᠷᠭᠡ ᠪᠠᠶᠢᠳᠠᠯ ᠢ ᠨᠢᠭᠲᠠ ᠠᠩᠬᠠᠷᠴᠤ᠂ ᠠᠷᠠᠳ ᠤᠨ ᠠᠮᠢᠳᠤᠷᠠᠯ ᠳᠤ | ᠦᠢᠯᠡᠴᠢᠯᠡᠬᠦ ︽ᠡᠴᠦᠰ ᠤᠨ ᠨᠢᠭᠡ ᠺᠢᠯᠣᠮᠧᠲᠷ︾ ᠢ ᠨᠡᠪᠲᠡᠷᠡᠭᠦᠯᠦᠨ᠎ᠡ᠃ | ᠵᠢᠷᠭᠤᠭ᠎ᠠ ᠳᠤ᠂ ᠡᠷᠬᠡ ᠶᠢᠨ ᠵᠢᠷᠤᠮᠵᠢᠭᠤᠨ ᠠᠵᠢᠯᠯᠠᠭᠠᠨ ᠤ ᠲᠣᠭᠤᠷᠢᠨ ᠳᠤ ᠬᠢᠨᠠᠨ ᠪᠣᠳᠣᠯᠲᠠ ᠶᠢ | ᠥᠷᠨᠢᠭᠦᠯᠦᠨ᠎ᠡ᠃ ︽ᠲᠠᠪᠤᠨ ᠶᠡᠭᠡ ᠡᠭᠦᠷᠭᠡ︾ ᠪᠠ ︽ᠨᠢᠭᠡ ᠰᠢᠨ᠎ᠡ ᠶᠢ ᠡᠭᠦᠳᠬᠦ᠂ ᠭᠤᠷᠪᠠ ᠶᠢ ᠪᠡᠶᠡᠯᠡᠭᠦᠯᠬᠦ︾ ᠴᠢᠬᠤᠯᠠ | ᠵᠢᠭᠠᠪᠤᠷᠢ ᠶᠢᠨ ᠬᠠᠷᠢᠭᠤᠴᠠᠯᠭ᠎ᠠ ᠶᠢᠨ ᠨᠠᠶᠢᠳᠠᠪᠤᠷᠢᠵᠢᠭᠤᠯᠤᠯᠲᠠ ᠶᠢ ᠠᠬᠢᠭᠤᠯᠬᠤ ᠪᠠᠷ ᠭᠠᠷᠳᠠᠴᠠ ᠪᠣᠯᠭᠠᠵᠤ᠂ ᠡᠷᠬᠡ ᠶᠢ | ᠲᠥᠪᠯᠡᠷᠡᠭᠦᠯᠬᠦ᠂ ᠪᠡᠯᠡ ᠮᠥᠩᠭᠦ ᠨᠢᠭᠲᠠ᠂ ᠡᠬᠢ ᠪᠠᠶᠠᠯᠢᠭ ᠡᠯᠪᠡᠭ᠂ ᠡᠳ᠋ ᠬᠥᠷᠥᠩᠭᠡ ᠲᠥᠪᠯᠡᠷᠡᠭᠰᠡᠨ | ᠭᠤᠣᠯᠳᠠᠯᠭ᠎ᠠ ᠲᠠᠢ ᠠᠵᠢᠯ ᠤᠨ ᠪᠠᠶᠢᠷᠢ᠂ ᠭᠤᠣᠯᠳᠠᠯᠭ᠎ᠠ ᠲᠠᠢ ᠵᠦᠢᠯᠡᠰ ᠪᠠ ᠭᠤᠣᠯᠳᠠᠯᠭ᠎ᠠ ᠲᠠᠢ ᠭᠤᠭᠴᠤᠭ᠎ᠠ ᠳᠤ | ᠠᠩᠬᠠᠷᠤᠯ ᠢᠶᠠᠨ ᠲᠥᠪᠯᠡᠷᠡᠭᠦᠯᠵᠦ᠂ ᠭᠠᠵᠠᠷ ᠣᠷᠣᠨ᠂ ᠰᠠᠯᠠᠭ᠎ᠠ ᠮᠥᠴᠢᠷ ᠪᠠ ᠨᠢᠭᠡᠴᠢ ᠶᠢᠨ ᠭᠤᠣᠯ ᠤᠳᠤᠷᠢᠳᠬᠤ | ᠬᠥᠮᠥᠰ ᠤᠨ ᠠᠵᠤ ᠠᠬᠤᠢ ᠶᠢᠨ ᠬᠠᠷᠢᠭᠤᠴᠠᠯᠭ᠎ᠠ ᠶᠢᠨ ᠬᠢᠨᠠᠨ ᠪᠣᠳᠣᠯᠲᠠ ᠶᠢ ᠥᠷᠨᠢᠭᠦᠯᠦᠨ᠎ᠡ᠃ ᠤᠳᠤᠷᠢᠳᠬᠤ | ᠺᠠᠳ᠋ᠷᠴᠤᠳ ᠤᠨ ᠪᠠᠶᠢᠭᠠᠯᠢ ᠶᠢᠨ ᠡᠬᠢ ᠪᠠᠶᠠᠯᠢᠭ ᠡᠳ᠋ ᠬᠥᠷᠥᠩᠭᠡ ᠶᠢᠨ ᠬᠠᠮᠢᠶᠠᠷᠤᠯᠲᠠ ᠪᠠ ᠠᠮᠢ ᠠᠬᠤᠢ ᠣᠷᠴᠢᠨ | ᠲᠣᠭᠤᠷᠢᠨ ᠤ ᠬᠠᠮᠠᠭᠠᠯᠠᠯᠲᠠ᠂ ᠡᠯ᠎ᠡ ᠱᠠᠲᠤᠨ ᠤ ᠪᠠᠶᠢᠷᠢᠯᠠᠭᠤᠯᠤᠯᠲᠠ ᠱᠠᠭᠠᠷᠳᠠᠯᠭ᠎ᠠ ᠶᠢ ᠲᠤᠭᠤᠰᠢᠯᠠᠭᠤᠯᠤᠨ | ᠨᠠᠶᠢᠳᠠᠪᠤᠷᠢᠵᠢᠭᠤᠯᠤᠭᠰᠠᠨ ᠵᠡᠷᠭᠡ ᠪᠠᠶᠢᠳᠠᠯ ᠢ ᠨᠢᠭᠲᠠ ᠠᠩᠬᠠᠷᠴᠤ᠂ ᠤᠳᠤᠷᠢᠳᠬᠤ ᠺᠠᠳ᠋ᠷᠴᠤᠳ ᠤᠨ | ᠬᠠᠷᠢᠭᠤᠴᠠᠯᠭ᠎ᠠ ᠪᠠᠨ ᠭᠦᠢᠴᠡᠳᠬᠡᠵᠦ᠂ ᠡᠷᠬᠡ ᠪᠠᠨ ᠵᠢᠷᠤᠮᠵᠢᠯ ᠲᠠᠢ ᠬᠡᠷᠡᠭᠯᠡᠬᠦ ᠶᠢ ᠠᠬᠢᠭᠤᠯᠤᠨ᠎ᠠ᠃ | ︵ᠭᠤᠷᠪᠠ︶ ᠶᠠᠰᠤ ᠴᠢᠨᠠᠷ ᠢ ᠪᠠᠲᠤᠯᠠᠬᠤ ᠶᠢ ᠨᠡᠩ ᠴᠢᠬᠤᠯᠠᠴᠢᠯᠠᠵᠤ᠂ ᠶᠠᠰᠤ ᠴᠢᠨᠠᠷ ᠤᠨ ᠡᠵᠡᠮᠳᠡᠯ ᠢ | ᠴᠢᠩᠭᠠᠷᠠᠭᠤᠯᠵᠤ᠂ ᠰᠢᠯᠢᠳᠡᠭ ᠬᠢᠨᠠᠨ ᠪᠤᠳᠤᠬᠤ ᠲᠦᠷᠦᠯ ᠵᠦᠢᠯ ᠢ ᠪᠠᠶᠢᠭᠤᠯᠬᠤ ᠲᠠᠯ᠎ᠠ ᠪᠠᠷ ᠤᠨᠢᠨ ᠳᠡᠭᠡᠷ᠎ᠡ ᠨᠢ | ᠬᠦᠴᠦᠯᠡᠵᠦ᠂ ᠬᠢᠨᠠᠨ ᠪᠤᠳᠤᠬᠤ ᠶᠠᠰᠤ ᠴᠢᠨᠠᠷ ᠦᠷ᠎ᠡ ᠪᠦᠲᠦᠮᠵᠢ ᠶᠢ ᠳᠡᠭᠡᠭᠰᠢᠯᠡᠭᠦᠯᠬᠦ ᠳᠤ ᠰᠠᠶᠢᠲᠤᠷ ᠲᠤᠯᠭᠠᠭᠤᠷᠢᠯᠠᠯ | ᠬᠠᠩᠭᠠᠨ᠎ᠠ | ᠨᠢᠭᠡ ᠳᠤ᠂ ᠶᠠᠰᠤ ᠴᠢᠨᠠᠷ ᠢ ᠬᠠᠮᠢᠶᠠᠷᠤᠨ ᠡᠵᠡᠮᠳᠡᠬᠦ ᠳᠤ ᠡᠷᠬᠡᠪᠰᠢ ᠪᠦᠬᠦ ᠶᠠᠪᠤᠴᠠ ᠶᠢᠨ ᠪᠠᠶᠢᠬᠤ ᠬᠡᠷᠡᠭᠲᠡᠢ᠃ | ᠡᠯ᠎ᠡ ᠭᠤᠭᠴᠤᠭ᠎ᠠ ᠶᠢᠨ ᠬᠠᠷᠢᠭᠤᠴᠠᠯᠭ᠎ᠠ ᠶᠢ ᠪᠣᠳᠠᠲᠠᠶᠢᠵᠢᠭᠤᠯᠵᠤ᠂ ᠴᠢᠩᠭ᠎ᠠ ᠱᠠᠭᠠᠷᠳᠠᠯᠭ᠎ᠠ᠂ ᠪᠣᠳᠠᠲᠠᠢ ᠪᠠᠷᠢᠮᠵᠢᠶ᠎ᠠ᠂ | ᠨᠠᠷᠢᠨ ᠠᠷᠭ᠎ᠠ ᠬᠡᠮᠵᠢᠶ᠎ᠡ ᠶᠢ ᠲᠥᠷᠥᠯ ᠵᠦᠢᠯ ᠤᠨ ᠲᠥᠯᠥᠪᠯᠡᠭᠡ᠂ ᠬᠢᠨᠠᠯᠲᠠ ᠠᠴᠠ ᠡᠮᠦᠨᠡᠬᠢ ᠪᠠᠶᠢᠴᠠᠭᠠᠯᠲᠠ᠂ | ᠲᠥᠰᠥᠯ ᠢ ᠨᠠᠶᠢᠷᠠᠭᠤᠯᠤᠨ ᠵᠣᠬᠢᠶᠠᠬᠤ᠂ ᠲᠤᠬᠠᠢ ᠶᠢᠨ ᠲᠠᠯᠠᠪᠤᠷ ᠲᠤ ᠬᠠᠮᠢᠶᠠᠷᠬᠤ᠂ ᠰᠢᠭᠦᠨ ᠰᠢᠢᠳᠪᠦᠷᠢᠯᠡᠵᠦ ᠳᠠᠬᠢᠨ | ᠬᠢᠨᠠᠬᠤ᠂ ᠦᠷ᠎ᠡ ᠪᠦᠲᠦᠭᠡᠯ ᠢ ᠠᠰᠢᠭᠯᠠᠬᠤ᠂ ᠬᠢᠨᠠᠨ ᠪᠤᠳᠤᠵᠤ ᠴᠡᠭᠴᠡᠯᠡᠨ ᠰᠠᠶᠢᠵᠢᠷᠠᠭᠤᠯᠬᠤ ᠪᠥᠬᠦ ᠶᠠᠪᠤᠴᠠ ᠳᠤ | ᠨᠠᠶᠢᠳᠠᠪᠤᠷᠢᠵᠢᠭᠤᠯᠵᠤ᠂ ᠨᠡᠪᠲᠡᠷᠡᠭᠦᠯᠦᠨ ᠬᠠᠮᠵᠢᠯᠴᠠᠭᠤᠯᠬᠤ᠂ ᠠᠳᠠᠯᠢ ᠴᠢᠭᠯᠡᠯ ᠢᠶᠠᠷ ᠬᠦᠴᠦᠯᠡᠬᠦ ᠶᠢ ᠪᠡᠶᠡᠯᠡᠭᠦᠯᠵᠦ᠂ | ᠭᠤᠣᠯᠳᠠᠯᠭ᠎ᠠ ᠳᠤ ᠠᠩᠬᠠᠷᠤᠯ ᠢᠶᠠᠨ ᠲᠥᠪᠯᠡᠷᠡᠭᠦᠯᠬᠦ ᠳᠤ ᠨᠠᠷᠢᠴᠠ ᠲᠠᠢ᠂ ᠬᠢᠨᠠᠨ ᠪᠣᠳᠣᠯᠲᠠ ᠶᠢ ᠬᠡᠷᠡᠭᠵᠢᠭᠦᠯᠬᠦ ᠳᠤ | ᠬᠦᠴᠦᠯᠡᠴᠡ ᠲᠠᠢ᠂ ᠠᠰᠠᠭᠤᠳᠠᠯ ᠢ ᠪᠠᠶᠢᠴᠠᠭᠠᠨ ᠭᠠᠷᠭᠠᠬᠤ ᠳᠤ ᠭᠦᠨᠴᠡ ᠲᠠᠢ᠂ ᠰᠠᠨᠠᠭᠤᠯᠭ᠎ᠠ ᠳᠤᠷᠠᠳᠬᠤ ᠳᠤ | ᠥᠨᠳᠥᠷᠴᠡ ᠲᠠᠢ᠂ ᠴᠡᠭᠴᠡᠯᠡᠨ ᠰᠠᠶᠢᠵᠢᠷᠠᠭᠤᠯᠬᠤ ᠶᠢ ᠠᠬᠢᠭᠤᠯᠬᠤ ᠳᠤ ᠡᠷᠴᠢᠮ ᠲᠠᠢ ᠪᠠᠶᠢᠬᠤ ᠶᠢ ᠦᠨᠡᠨ ᠬᠦ | ᠪᠠᠲᠤᠯᠠᠨ᠎ᠠ᠃ ᠤᠳᠤᠷᠢᠳᠬᠤ ᠪᠠᠭ ᠤᠨ ᠭᠡᠰᠢᠭᠦᠳ ᠤᠨ ︽ᠨᠢᠭᠡ ᠨᠢ ᠬᠤᠶᠠᠷ ᠢ ᠠᠩᠬᠠᠷᠬᠤ︾ ᠵᠣᠬᠢᠴᠠᠮᠵᠢ ᠶᠢ | ᠬᠡᠷᠡᠭᠵᠢᠭᠦᠯᠵᠦ᠂ ᠬᠤᠪᠢᠳᠠᠨ ᠬᠠᠮᠢᠶᠠᠷᠴᠤ ᠪᠠᠶᠢᠭ᠎ᠠ ᠤᠳᠤᠷᠢᠳᠤᠯᠭ᠎ᠠ ᠨᠢᠭᠡᠪᠦᠷᠢ ᠲᠤᠬᠠᠢ ᠶᠢᠨ ᠵᠢᠯ ᠳᠤ ᠲᠥᠷᠥᠯ | ᠵᠦᠢᠯ ᠢ ᠠᠩᠬᠠᠷᠴᠤ᠂ ᠣᠶᠢᠷ᠎ᠠ ᠶᠢᠨ ᠬᠤᠶᠠᠷ ᠵᠢᠯ ᠳᠤ ᠳᠠᠯᠳᠠ ᠬᠦᠴᠦᠨ ᠲᠠᠢ ᠲᠥᠷᠥᠯ ᠵᠦᠢᠯ ᠢ ᠠᠩᠬᠠᠷᠴᠤ᠂ | ᠰᠢᠯᠢᠳᠡᠭ ᠬᠢᠨᠠᠨ ᠪᠤᠳᠤᠬᠤ ᠲᠥᠷᠥᠯ ᠵᠦᠢᠯ ᠢ ᠲᠠᠨᠢᠯᠴᠠᠭᠤᠯᠬᠤ ᠭᠤᠣᠯᠳᠠᠯᠭ᠎ᠠ ᠪᠣᠯᠭᠠᠨ᠎ᠠ᠃ | ᠬᠤᠶᠠᠷ ᠲᠤ᠂ ᠤᠷᠢᠳ ᠢᠶᠠᠷ ᠰᠤᠳᠤᠯᠬᠤ ᠳᠤ ᠡᠷᠬᠡᠪᠰᠢ ᠪᠣᠳᠠᠲᠠᠢ ᠪᠠᠶᠢᠬᠤ ᠬᠡᠷᠡᠭᠲᠡᠢ᠃ ᠰᠤᠳᠤᠯᠬᠤ ᠪᠠᠷ | ᠰᠢᠭᠦᠯᠲᠡ ᠶᠢ ᠠᠬᠢᠭᠤᠯᠬᠤ᠂ ᠰᠤᠳᠤᠯᠤᠨ ᠬᠢᠨᠠᠬᠤ ᠪᠠ ᠬᠢᠨᠠᠨ ᠪᠠᠶᠢᠴᠠᠭᠠᠬᠤ ᠶᠢ ᠤᠶᠠᠯᠳᠤᠭᠤᠯᠬᠤ ᠶᠢ ᠪᠠᠷᠢᠮᠲᠠᠯᠠᠵᠤ᠂ | ᠰᠤᠳᠤᠯᠭᠠᠨ ᠤ ᠬᠡᠯᠪᠡᠷᠢ ᠶᠢᠨ ᠬᠢᠨᠠᠨ ᠪᠤᠳᠤᠬᠤ ᠵᠠᠮ ᠢᠶᠠᠷ ᠡᠷᠡᠰ ᠭᠤᠶᠢᠪᠢᠰᠢ ᠦᠭᠡᠢ ᠵᠠᠮᠨᠠᠵᠤ᠂ ︽ᠨᠢᠭᠡ ᠨᠢᠭᠡ | ᠲᠦᠷᠦᠯ ᠵᠦᠢᠯ ᠢᠶᠠᠷ ᠰᠤᠳᠤᠯᠬᠤ︾ ᠶᠢ ᠬᠡᠷᠡᠭᠵᠢᠭᠦᠯᠵᠦ᠂ ᠬᠢᠨᠠᠨ ᠪᠤᠳᠤᠬᠤ ᠲᠦᠷᠦᠯ ᠵᠦᠢᠯ ᠨᠢᠭᠡᠪᠦᠷᠢ ᠳᠤ ᠴᠥᠮ | ᠲᠦᠷᠦᠯ ᠵᠦᠢᠯ ᠲᠣᠭᠲᠠᠭᠠᠬᠤ᠂ ᠠᠰᠠᠭᠤᠳᠠᠯ᠂ ᠰᠠᠨᠠᠭᠤᠯᠭ᠎ᠠ ᠳᠤ ᠰᠤᠳᠤᠯᠭᠠᠨ ᠥᠷᠨᠢᠭᠦᠯᠵᠦ᠂ ︽ᠳᠣᠲᠣᠷ᠎ᠠ ᠪᠠᠨ | ᠮᠡᠳᠡᠭᠦᠯᠦᠯᠲᠡ ᠲᠠᠢ ᠪᠠᠶᠢᠬᠤ︾ ᠶᠢ ᠪᠡᠶᠡᠯᠡᠭᠦᠯᠬᠦ ᠬᠡᠷᠡᠭᠲᠡᠢ᠃ | ᠭᠤᠷᠪᠠ ᠳᠤ᠂ ᠲᠤᠭ᠎ᠠ ᠪᠠᠷᠢᠮᠲᠠ ᠶᠢ ᠤᠷᠢᠳ ᠢᠶᠠᠷ ᠬᠢᠬᠦ ᠳᠤ ᠡᠷᠬᠡᠪᠰᠢ ᠬᠡᠷᠡᠭᠴᠡᠭᠡ ᠲᠠᠢ ᠪᠠᠶᠢᠬᠤ ᠬᠡᠷᠡᠭᠲᠡᠢ᠃ | ︽ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠢᠶᠠᠷ ᠬᠢᠨᠠᠨ ᠪᠠᠶᠢᠴᠠᠭᠠᠯᠲᠠ ᠶᠢ ᠬᠡᠷᠡᠭᠵᠢᠭᠦᠯᠬᠦ ᠲᠥᠰᠥᠯ︾ ᠵᠢᠴᠢ ᠢᠵᠢ | ᠪᠦᠷᠢᠳᠦᠭᠦᠯᠬᠦ ᠠᠷᠭ᠎ᠠ ᠶᠢ ᠨᠠᠶᠢᠳᠠᠪᠤᠷᠢᠵᠢᠭᠤᠯᠵᠤ᠂ ᠲᠤᠭ᠎ᠠ ᠪᠠᠷᠢᠮᠲᠠ ᠶᠢ ᠴᠤᠭᠯᠠᠭᠤᠯᠬᠤ᠂ ᠲᠣᠮᠣ ᠲᠤᠭ᠎ᠠ ᠪᠠᠷᠢᠮᠲᠠ ᠶᠢ | ᠬᠢᠨᠠᠨ ᠪᠤᠳᠤᠬᠤ ᠵᠠᠭᠪᠤᠷ ᠲᠤ ᠰᠢᠨ᠎ᠡ ᠶᠢ ᠡᠭᠦᠳᠬᠦ᠂ ᠲᠣᠮᠣ ᠲᠤᠭ᠎ᠠ ᠪᠠᠷᠢᠮᠲᠠ ᠶᠢᠨ ᠴᠢᠳᠠᠪᠤᠷᠢᠲᠠᠨ ᠢ ᠬᠥᠮᠥᠵᠢᠭᠦᠯᠬᠦ | ᠵᠡᠷᠭᠡ ᠲᠠᠯ᠎ᠠ ᠪᠠᠷ ᠠᠬᠢᠴᠠ ᠲᠠᠢ ᠪᠣᠯᠭᠠᠨ᠎ᠠ᠃ ᠲᠤᠷᠰᠢᠯᠲᠠ ᠶᠢᠨ ᠴᠡᠭ ᠤᠨ ᠠᠶᠢᠮᠠᠭ ᠬᠤᠲᠠ ᠶᠢᠨ ᠤᠷᠢᠳ ᠢᠶᠠᠷ | ᠬᠡᠷᠡᠭᠵᠢᠭᠦᠯᠵᠦ ᠤᠷᠢᠳ ᠢᠶᠠᠷ ᠲᠤᠷᠰᠢᠬᠤ ᠦᠢᠯᠡᠳᠦᠯ ᠢ ᠪᠠᠳᠠᠷᠠᠭᠤᠯᠵᠤ᠂ ︽ᠬᠢᠨᠠᠯᠲᠠ ᠶᠢᠨ ᠭᠤᠣᠯᠳᠠᠯᠭ᠎ᠠ ᠲᠠᠢ | ᠭᠤᠷᠪᠠᠨ ᠬᠤᠭᠤᠴᠠᠭ᠎ᠠ︾ ᠶᠢᠨ ᠢᠨᠵᠧᠨᠧᠷᠢᠩ ᠤᠨ ᠬᠡᠷᠡᠭᠯᠡᠯᠲᠡ ᠶᠢ ᠭᠦᠨᠵᠡᠭᠡᠶᠢᠷᠡᠭᠦᠯᠦᠨ᠎ᠡ᠃ ︽ᠬᠤᠣᠰ ᠭᠤᠣᠯ | ᠬᠢᠨᠠᠯᠲᠠ︾ ᠶᠢᠨ ᠬᠢᠨᠠᠨ ᠪᠤᠳᠤᠬᠤ ᠵᠠᠭᠪᠤᠷ ᠢ ᠬᠡᠷᠡᠭᠵᠢᠭᠦᠯᠵᠦ᠂ ᠰᠢᠯᠢᠳᠡᠭ ᠲᠣᠮᠣ ᠲᠤᠭ᠎ᠠ ᠪᠠᠷᠢᠮᠲᠠ ᠶᠢᠨ ᠬᠢᠨᠠᠨ | ᠪᠤᠳᠤᠬᠤ ᠠᠷᠭ᠎ᠠ ᠶᠢ ᠬᠢᠨᠠᠨ ᠪᠤᠳᠤᠬᠤ ᠲᠥᠷᠥᠯ ᠵᠦᠢᠯ ᠳᠤ ᠭᠦᠨᠵᠡᠭᠡᠢ ᠬᠡᠷᠡᠭᠯᠡᠬᠦ ᠶᠢ ᠠᠬᠢᠭᠤᠯᠤᠨ᠎ᠠ᠃ | ︵ᠳᠥᠷᠪᠡ︶ ᠦᠷ᠎ᠡ ᠪᠦᠲᠦᠭᠡᠯ ᠭᠠᠷᠭᠠᠬᠤ ᠶᠢ ᠨᠠᠩ ᠴᠢᠬᠤᠯᠠᠴᠢᠯᠠᠵᠤ᠂ ᠨᠠᠷᠢᠯᠢᠭ ᠰᠤᠳᠤᠯᠬᠤ ᠪᠠᠨ | ᠴᠢᠩᠭᠠᠷᠠᠭᠤᠯᠵᠤ᠂ ᠴᠢᠨᠠᠷ ᠰᠠᠶᠢᠲᠠᠢ ᠬᠢᠨᠠᠨ ᠪᠤᠳᠤᠬᠤ ᠦᠷ᠎ᠡ ᠪᠦᠲᠦᠭᠡᠯ ᠢ ᠪᠣᠶ ᠪᠣᠯᠭᠠᠬᠤ ᠲᠠᠯ᠎ᠠ ᠪᠠᠷ ᠨᠠᠷᠢᠯᠢᠭ | ᠣᠨᠣᠪᠴᠢᠲᠠᠢ ᠪᠠᠷ ᠬᠦᠴᠦᠯᠡᠵᠦ᠂ ᠬᠢᠨᠠᠨ ᠪᠤᠳᠤᠬᠤ ᠶᠠᠰᠤ ᠴᠢᠨᠠᠷ ᠦᠷ᠎ᠡ ᠪᠦᠲᠦᠮᠵᠢ ᠶᠢ ᠳᠡᠭᠡᠭᠰᠢᠯᠡᠬᠦᠯᠬᠦ ᠳᠤ | ᠲᠠᠩᠰᠠ ᠶᠢ ᠮᠡᠳᠡᠭᠦᠯᠵᠦ ᠰᠢᠯᠭᠠᠯᠲᠠ ᠪᠠᠨ ᠲᠤᠰᠢᠶᠠᠨ᠎ᠠ | ᠨᠢᠭᠡ ᠳᠤ᠂ ᠬᠢᠨᠠᠨ ᠪᠣᠳᠣᠭᠰᠠᠨ ᠮᠡᠳᠡᠭᠦᠯᠦᠯᠲᠡ ᠶᠢ ᠰᠣᠳᠣᠨ ᠪᠦᠲᠦᠭᠡᠯ ᠪᠣᠯᠭᠠᠨ᠎ᠠ᠃ ᠮᠡᠳᠡᠭᠦᠯᠦᠯᠲᠡ ᠶᠢ | ᠪᠦᠬᠦ᠋ᠢᠯᠡ ᠬᠢᠨᠠᠨ ᠪᠤᠳᠤᠬᠤ ᠠᠵᠢᠯ ᠤᠨ ᠬᠠᠮᠤᠭ ᠤᠨ ᠳᠡᠭᠡᠳᠦ ᠲᠡᠰ ᠳᠠᠪᠬᠤᠷᠭ᠎ᠠ ᠳᠤ ᠲᠠᠯᠪᠢᠵᠤ᠂ ᠬᠢᠨᠠᠨ ᠪᠤᠳᠤᠬᠤ | ᠮᠡᠳᠡᠭᠦᠯᠦᠯᠲᠡ ᠶᠢ ᠪᠦᠬᠦ᠋ᠢᠯᠡ ᠬᠢᠨᠠᠨ ᠪᠤᠳᠤᠬᠤ ᠠᠵᠢᠯ ᠤᠨ ᠪᠦᠬᠦ ᠶᠠᠪᠤᠴᠠ ᠡᠯ᠎ᠡ ᠭᠤᠭᠴᠤᠭ᠎ᠠ ᠶᠢ ᠶᠡᠷᠦᠩᠬᠡᠶᠢᠯᠡᠨ | ᠵᠢᠯᠣᠭᠤᠳᠤᠭᠤᠯᠤᠨ᠎ᠠ᠃ ᠬᠢᠨᠠᠨ ᠪᠤᠳᠤᠬᠤ ᠲᠥᠷᠥᠯ ᠵᠦᠢᠯ ᠢ ᠲᠥᠯᠥᠪᠵᠢᠭᠦᠯᠬᠦ ᠱᠠᠲᠤᠨ ᠳᠤ ᠬᠢᠨᠠᠨ ᠪᠤᠳᠤᠬᠤ | ᠠᠵᠢᠯ ᠤᠨ ᠮᠡᠳᠡᠭᠦᠯᠦᠯᠲᠡ ᠶᠢ ᠵᠡᠷᠭᠡ ᠪᠠᠷ ᠲᠥᠯᠥᠪᠵᠢᠭᠦᠯᠵᠦ᠂ ᠬᠢᠨᠠᠨ ᠪᠤᠳᠤᠬᠤ ᠠᠵᠢᠯ ᠤᠨ ᠲᠥᠰᠥᠯ ᠢ | ᠲᠣᠭᠲᠠᠭᠠᠬᠤ ᠪᠠ ᠬᠢᠨᠠᠬᠤ ᠠᠴᠠ ᠡᠮᠦᠨᠡᠬᠢ ᠪᠠᠶᠢᠴᠠᠭᠠᠯᠲᠠ ᠶᠢᠨ ᠱᠠᠲᠤᠨ ᠳᠤ ᠮᠡᠳᠡᠭᠦᠯᠦᠯᠲᠡ ᠶᠢᠨ ᠲᠤᠬᠠᠢ ᠶᠠᠮᠠᠷ | ᠦᠵᠡᠯᠲᠡ ᠶᠢ ᠪᠦᠷᠢᠯᠳᠦᠭᠦᠯᠬᠦ᠂ ᠶᠠᠮᠠᠷ ᠠᠰᠠᠭᠤᠳᠠᠯ ᠢ ᠢᠯᠡᠷᠡᠭᠦᠯᠬᠦ᠂ ᠶᠠᠮᠠᠷ ᠰᠠᠨᠠᠭᠤᠯᠭ᠎ᠠ ᠳᠤᠷᠠᠳᠬᠤ ᠵᠡᠷᠭᠡ ᠶᠢ | ᠪᠡᠶᠡᠯᠡᠭᠦᠯᠵᠦ᠂ ᠳᠣᠲᠣᠷ᠎ᠠ ᠪᠠᠨ ᠲᠤᠭ᠎ᠠ ᠲᠠᠢ ᠪᠠᠶᠢᠬᠤ ᠶᠢ ᠪᠡᠶᠡᠯᠡᠭᠦᠯᠵᠦ᠂ ᠭᠠᠷᠭᠠᠭᠰᠠᠨ ᠬᠢᠨᠠᠨ ᠪᠤᠳᠤᠭᠰᠠᠨ | ᠮᠡᠳᠡᠭᠦᠯᠦᠯᠲᠡ ᠶᠢᠨ ᠠᠭᠤᠯᠭ᠎ᠠ ᠶᠢ ᠪᠥᠬᠦ ᠲᠠᠯ᠎ᠠ ᠪᠠᠷ᠂ ᠴᠢᠨᠠᠷ ᠢ ᠣᠨᠣᠪᠴᠢᠲᠠᠶ ᠲᠣᠭᠲᠠᠭᠠᠵᠤ᠂ ᠵᠣᠬᠢᠰᠲᠠᠢ | ᠰᠢᠢᠳᠪᠦᠷᠢᠯᠡᠬᠦ ᠶᠢ ᠪᠠᠲᠤᠯᠠᠵᠤ᠂ ᠨᠢᠭᠡ ᠨᠢᠭᠡᠴᠢ ᠶᠢ ᠢᠯᠡᠷᠡᠭᠦᠯᠵᠦ᠂ ᠬᠡᠳᠦᠨ ᠠᠰᠠᠭᠤᠳᠠᠯ ᠢᠶᠠᠷ ᠪᠥᠬᠦ ᠣᠷᠣᠨ | ᠪᠦᠰᠡ ᠶᠢᠨ ᠴᠢᠨᠠᠷᠲᠠᠢ᠂ ᠠᠵᠢᠯ ᠲᠥᠷᠥᠯ ᠤᠨ ᠴᠢᠨᠠᠷᠲᠠᠢ᠂ ᠰᠢᠰᠲ᠋ᠧᠮ ᠤᠨ ᠴᠢᠨᠠᠷᠲᠠᠢ ᠠᠰᠠᠭᠤᠳᠠᠯ ᠢ ᠲᠤᠰᠬᠠᠢ | ᠴᠡᠭᠴᠡᠯᠡᠨ ᠵᠠᠰᠠᠬᠤ ᠶᠢ ᠠᠬᠢᠭᠤᠯᠵᠤ᠂ ᠨᠢᠭᠡ ᠬᠡᠷᠡᠭ ᠢ ᠨᠢᠭᠡ ᠭᠠᠵᠠᠷ ᠬᠢᠨᠠᠨ ᠪᠤᠳᠤᠬᠤ ᠶᠢ ᠪᠡᠶᠡᠯᠡᠭᠦᠯᠵᠦ᠂ ᠠᠳᠠᠯᠢ | ᠲᠥᠷᠥᠯ ᠤᠨ ᠪᠥᠬᠦ ᠣᠷᠣᠨ ᠪᠦᠰᠡ ᠶᠢ ᠥᠭᠡᠷᠡᠴᠢᠯᠡᠨ ᠵᠠᠰᠠᠨ᠎ᠠ᠃ | ᠬᠤᠶᠠᠷ ᠲᠤ᠂ ᠬᠢᠨᠠᠨ ᠪᠣᠳᠣᠯᠲᠠ ᠶᠢᠨ ᠲᠤᠰᠬᠠᠢ ᠰᠣᠨᠢᠨ ᠢ ᠬᠦᠨᠳᠦᠴᠡ ᠲᠠᠢ ᠪᠣᠯᠭᠠᠨ᠎ᠠ᠃ ︽ᠬᠢᠨᠠᠨ | ᠪᠤᠳᠤᠬᠤ ᠠᠵᠢᠯ ᠤᠨ ᠪᠠᠶᠢᠳᠠᠯ ᠢ ᠲᠤᠰᠬᠠᠢ ᠮᠡᠳᠡᠭᠦᠯᠬᠦ ᠳᠦᠷᠢᠮ︾ ᠶᠣᠰᠣᠭᠠᠷ᠂ ᠪᠣᠶ ᠪᠦᠬᠦᠢ ᠬᠢᠨᠠᠨ ᠪᠤᠳᠤᠭᠰᠠᠨ | ᠦᠷ᠎ᠡ ᠳ᠋ᠦᠩ ᠢ ᠴᠥᠮ ᠶᠡᠷᠦᠩᠬᠡᠶᠢᠯᠡᠭᠰᠡᠨ᠂ ᠲᠤᠰᠬᠠᠢ ᠰᠡᠳᠦᠪ ᠪᠤᠶᠤ ᠲᠤᠰᠬᠠᠢ ᠮᠡᠳᠡᠭᠦᠯᠦᠯᠲᠡ ᠪᠣᠯᠭᠠᠵᠤ᠂ ᠡᠩ ᠤᠨ | ᠪᠥᠭᠡᠳ ᠣᠶᠢᠯᠠᠭᠠᠮᠵᠢᠲᠠᠢ᠂ ᠲᠣᠪᠴᠢ ᠠᠪᠰᠠᠷᠬᠠᠨ᠂ ᠭᠤᠣᠯᠳᠠᠯᠭ᠎ᠠ ᠲᠠᠢ ᠲᠣᠪᠣᠶᠢᠮ᠎ᠠ ᠬᠤᠪᠢ ᠶᠢᠨ ᠬᠡᠮᠵᠢᠶ᠎ᠡ ᠪᠠᠷ | ᠠᠰᠠᠭᠤᠳᠠᠯ ᠢ ᠲᠤᠰᠬᠠᠵᠤ᠂ ᠳᠥᠭᠦᠮᠬᠡᠨ ᠢᠶᠠᠷ ᠵᠢᠭᠰᠠᠭᠠᠭᠰᠠᠨ ᠠᠰᠠᠭᠤᠳᠠᠯ ᠢ ᠡᠷᠡᠰ ᠬᠤᠷᠢᠭᠯᠠᠨ ᠵᠣᠭᠰᠣᠭᠠᠵᠤ᠂ | ᠬᠢᠨᠠᠨ ᠪᠤᠳᠤᠭᠰᠠᠨ ᠮᠡᠳᠡᠭᠦᠯᠦᠯᠲᠡ ᠶᠢ ᠳᠥᠭᠦᠮᠬᠡᠨ ᠢᠶᠠᠷ ᠠᠪᠴᠢᠭᠤᠯᠬᠤ ᠶᠢ ᠬᠤᠷᠢᠭᠯᠠᠵᠤ᠂ ᠲᠦᠭᠡᠮᠡᠯ ᠴᠢᠨᠠᠷᠲᠠᠢ᠂ | ᠨᠡᠶᠢᠲᠡᠯᠢᠭ ᠴᠢᠨᠠᠷᠲᠠᠢ ᠠᠰᠠᠭᠤᠳᠠᠯ ᠪᠠᠶᠢᠪᠠᠯ᠂ ᠠᠰᠠᠭᠤᠳᠠᠯ ᠤᠨ ᠠᠷᠤ ᠳᠠᠬᠢ ᠭᠦᠨ ᠳᠠᠪᠬᠤᠷᠭ᠎ᠠ ᠶᠢᠨ ᠰᠢᠯᠲᠠᠭᠠᠨ ᠢ | ᠭᠦᠨᠵᠡᠭᠡᠢ ᠵᠠᠳᠠᠯᠵᠤ᠂ ᠪᠠᠰᠠ ᠬᠠᠨᠳᠤᠯᠭᠠᠲᠤ ᠴᠢᠨᠠᠷᠲᠠᠢ ᠰᠠᠨᠠᠭᠤᠯᠭ᠎ᠠ ᠶᠢᠨ ᠠᠷᠭ᠎ᠠ ᠬᠡᠮᠵᠢᠶ᠎ᠡ ᠠᠪᠴᠤ᠂ ᠨᠠᠮ ᠤᠨ | ᠬᠤᠷᠢᠶ᠎ᠠ᠂ ᠵᠠᠰᠠᠭ ᠤᠨ ᠣᠷᠳᠣᠨ ᠤ ᠭᠤᠣᠯ ᠤᠳᠤᠷᠢᠳᠤᠯᠭ᠎ᠠ ᠶᠢᠨ ᠦᠨᠡᠨ ᠪᠣᠳᠠᠲᠠᠢ ᠴᠣᠬᠤᠯᠠᠪᠤᠷᠢ ᠶᠢ ᠣᠯᠣᠭᠰᠠᠨ ᠤ | ᠳᠠᠷᠠᠭ᠎ᠠ᠂ ᠠᠵᠢᠯ ᠢᠶᠠᠨ ᠠᠬᠢᠭᠤᠯᠬᠤ ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ ᠪᠣᠯᠭᠠᠨ ᠬᠤᠪᠢᠷᠠᠭᠤᠯᠬᠤ ᠪᠠᠷ | ᠴᠢᠷᠮᠠᠶᠢᠨ᠎ᠠ᠃ | ᠭᠤᠷᠪᠠ ᠳᠤ᠂ ᠬᠢᠨᠠᠨ ᠪᠤᠳᠣᠭᠰᠠᠨ ᠮᠡᠳᠡᠭᠡ ᠵᠠᠩᠭᠢ ᠶᠢ ᠴᠠᠭᠴᠢ ᠴᠢᠨᠠᠷ ᠲᠠᠢ ᠪᠣᠯᠭᠠᠨ᠎ᠠ᠃ ᠬᠢᠨᠠᠨ ᠪᠤᠳᠤᠬᠤ | ᠲᠥᠷᠥᠯ ᠵᠦᠢᠯ ᠳᠤ ᠲᠦᠰᠢᠭᠯᠡᠨ᠂ ᠬᠤᠲᠠ ᠶᠢᠨ ᠨᠠᠮ ᠤᠨ ᠬᠤᠷᠢᠶ᠎ᠠ᠂ ᠬᠤᠲᠠ ᠶᠢᠨ ᠵᠠᠰᠠᠭ ᠤᠨ ᠣᠷᠳᠣᠨ ᠤ ᠭᠤᠣᠯ | ᠠᠵᠢᠯ ᠲᠠᠢ ᠨᠢᠭᠲᠠ ᠤᠶᠠᠯᠳᠤᠭᠤᠯᠤᠨ᠂ ᠪᠥᠬᠦ ᠬᠤᠲᠠ ᠶᠢᠨ ᠠᠵᠤ ᠠᠬᠤᠢ ᠨᠡᠶᠢᠭᠡᠮ ᠤᠨ ᠠᠵᠢᠯᠯᠠᠭᠠᠨ ᠤ ᠴᠢᠬᠤᠯᠠ | ᠶᠡᠭᠡ ᠠᠰᠠᠭᠤᠳᠠᠯ ᠪᠠ ᠬᠠᠨᠳᠤᠰᠢ᠂ ᠥᠭᠡᠷᠡᠴᠢᠯᠡᠯᠲᠡ ᠬᠥᠭᠵᠢᠯᠲᠡ ᠶᠢᠨ ᠭᠤᠣᠯᠳᠠᠯᠭ᠎ᠠ ᠲᠠᠢ ᠠᠵᠢᠯ ᠤᠨ | ᠲᠣᠭᠤᠷᠢᠨ ᠳᠤ᠂ ᠠᠰᠠᠭᠤᠳᠠᠯ ᠤᠨ ᠮᠡᠳᠡᠭᠡ ᠵᠠᠩᠭᠢ ᠶᠢ ᠪᠣᠯᠪᠠᠰᠤᠷᠠᠭᠤᠯᠬᠤ ᠡᠷᠴᠢᠮ ᠢᠶᠠᠨ ᠴᠢᠩᠭᠠᠷᠠᠭᠤᠯᠵᠤ᠂ ᠮᠡᠳᠡᠭᠡ | ᠵᠠᠩᠭᠢ ᠶᠢᠨ ᠦᠢᠯᠡᠴᠢᠯᠡᠭᠡᠨ ᠤ ᠰᠡᠷᠭᠡᠭ ᠴᠢᠨᠠᠷ᠂ ᠮᠡᠳᠡᠭᠦᠯᠦᠨ ᠬᠦᠷᠭᠡᠬᠦ ᠠᠭᠤᠯᠭ᠎ᠠ ᠶᠢᠨ ᠰᠢᠨ᠎ᠡ ᠶᠢ ᠡᠭᠦᠳᠬᠦ ᠴᠢᠨᠠᠷ᠂ | ᠵᠥᠪᠯᠡᠬᠦ ᠲᠤᠰᠠᠯᠠᠬᠤ ᠵᠠᠰᠠᠭ ᠤᠨ ᠶᠠᠪᠤᠳᠠᠯ ᠤᠨ ᠪᠦᠲᠦᠮᠵᠢᠲᠦ ᠴᠢᠨᠠᠷ ᠢ ᠲᠠᠰᠤᠷᠠᠯᠲᠠ ᠦᠭᠡᠢ ᠴᠢᠩᠭᠠᠳᠬᠠᠵᠤ᠂ ᠴᠢᠨᠠᠷ | ᠰᠠᠶᠢᠲᠠᠢ ᠬᠢᠨᠠᠨ ᠪᠤᠳᠤᠬᠤ ᠮᠡᠳᠡᠭᠡ ᠵᠠᠩᠭᠢ ᠶᠢᠨ ᠦᠢᠯᠡᠴᠢᠯᠡᠭᠡᠨ ᠤ ᠰᠢᠨᠵᠢᠯᠡᠬᠦ ᠤᠬᠠᠭᠠᠨᠴᠢ ᠪᠠᠷ ᠰᠢᠢᠳᠪᠦᠷᠢᠲᠦ | ᠪᠣᠳᠣᠯᠭ᠎ᠠ ᠶᠢ ᠲᠣᠭᠲᠠᠭᠠᠨ᠎ᠠ᠃ | ︵ᠲᠠᠪᠤ︶ ᠬᠡᠪ ᠴᠢᠨᠠᠷ ᠢ ᠴᠢᠩᠭᠠᠳᠬᠠᠬᠤ ᠶᠢ ᠨᠡᠩ ᠴᠢᠬᠤᠯᠠᠴᠢᠯᠠᠵᠤ᠂ ᠺᠠᠳ᠋ᠷ ᠤᠨ ᠶᠡᠷᠦᠩᠬᠡᠶᠢᠯᠡᠭᠰᠡᠨ | ᠴᠢᠳᠠᠪᠤᠷᠢ ᠶᠢ ᠴᠢᠩᠭᠠᠷᠠᠭᠤᠯᠵᠤ᠂ ᠥᠨᠳᠥᠷ ᠬᠡᠪ ᠪᠣᠯᠪᠠᠰᠤᠷᠠᠯ ᠲᠠᠢ ᠲᠤᠰᠬᠠᠢ ᠮᠡᠷᠭᠡᠵᠢᠯ ᠤᠨ ᠡᠩᠨᠡᠭᠡ ᠶᠢ ᠪᠠᠶᠢᠭᠤᠯᠬᠤ | ᠲᠠᠯ᠎ᠠ ᠪᠠᠷ ᠤᠨᠢᠨ ᠳᠡᠭᠡᠷ᠎ᠡ ᠨᠢ ᠬᠦᠴᠦᠯᠡᠵᠦ᠂ ᠬᠢᠨᠠᠨ ᠪᠤᠳᠤᠬᠤ ᠶᠠᠰᠤ ᠴᠢᠨᠠᠷ ᠦᠷ᠎ᠡ ᠠᠰᠢᠭ ᠢ ᠳᠡᠭᠡᠭᠰᠢᠯᠡᠭᠦᠯᠬᠦ ᠳᠤ | ᠪᠠᠲᠤᠯᠠᠭ᠎ᠠ ᠬᠠᠩᠭᠠᠨ᠎ᠠ | ᠨᠢᠭᠡ ᠳᠤ᠂ ᠤᠯᠤᠰ ᠲᠦᠷᠦ ᠶᠢᠨ ᠴᠢᠳᠠᠪᠤᠷᠢ ᠪᠠᠨ ᠳᠡᠭᠡᠭᠰᠢᠯᠡᠭᠦᠯᠬᠦ ᠶᠢ ᠨᠢᠭᠡᠳᠦᠭᠡᠷ ᠪᠠᠷᠢᠮᠵᠢᠶ᠎ᠠ ᠪᠣᠯᠭᠠᠨ᠎ᠠ᠃ | ᠬᠥᠭᠵᠢᠯᠲᠡ ᠶᠢᠨ ᠪᠦᠬᠦ ᠲᠠᠯ᠎ᠠ ᠳᠤ ᠦᠢᠯᠡᠴᠢᠯᠡᠬᠦ ᠥᠨᠳᠥᠷᠴᠡ ᠠᠴᠠ ᠠᠰᠠᠭᠤᠳᠠᠯ ᠢ ᠪᠣᠳᠣᠯᠬᠢᠯᠠᠬᠤ ᠪᠠ ᠵᠠᠳᠠᠯᠬᠤ | ᠴᠢᠳᠠᠪᠤᠷᠢ ᠪᠠᠨ ᠳᠡᠭᠡᠭᠰᠢᠯᠡᠭᠦᠯᠵᠦ᠂ ᠤᠬᠠᠮᠰᠠᠷ ᠠᠴᠠ ᠪᠠᠨ ᠳᠡᠭᠡᠳᠦ ᠱᠠᠲᠤᠨ ᠤ ᠲᠦᠷᠦ ᠶᠢᠨ ᠪᠣᠳᠣᠯᠭ᠎ᠠ ᠶᠢ | ᠨᠡᠪᠲᠡᠷᠬᠡᠢ ᠣᠶᠢᠯᠠᠭᠠᠬᠤ ᠤᠷᠢᠲᠠᠯ ᠳᠣᠣᠷ᠎ᠠ ᠠᠵᠢᠯ ᠢᠶᠠᠨ ᠥᠷᠨᠢᠭᠦᠯᠬᠦ ᠳᠠᠳᠬᠠᠯ ᠢ ᠪᠤᠢ ᠪᠣᠯᠭᠠᠵᠤ᠂ ᠤᠯᠤᠰ | ᠲᠦᠷᠦ ᠶᠢᠨ ᠬᠠᠷᠠᠴᠠ ᠪᠠᠷ ᠠᠵᠤ ᠠᠬᠤᠢ ᠨᠡᠶᠢᠭᠡᠮ ᠤᠨ ᠠᠰᠠᠭᠤᠳᠠᠯ ᠢ ᠠᠵᠢᠭᠯᠠᠨ ᠵᠠᠳᠠᠯᠵᠤ ᠰᠢᠢᠳᠪᠦᠷᠢᠯᠡᠬᠦ | ᠴᠢᠳᠠᠪᠤᠷᠢ ᠪᠠᠨ ᠬᠦᠴᠦᠯᠡᠨ ᠳᠡᠭᠡᠭᠰᠢᠯᠡᠭᠦᠯᠵᠦ᠂ ᠠᠵᠤ ᠠᠬᠤᠢ ᠶᠢᠨ ᠬᠢᠨᠠᠯᠲᠠ ᠳᠤ ᠰᠠᠭᠤᠷᠢᠯᠠᠵᠤ᠂ ᠤᠯᠤᠰ | ᠲᠦᠷᠦ ᠶᠢᠨ ᠤᠳᠤᠷᠢᠳᠤᠮᠵᠢ ᠪᠣᠯᠣᠨ ᠤᠯᠤᠰ ᠲᠦᠷᠦ ᠶᠢᠨ ᠱᠠᠭᠠᠷᠳᠠᠯᠭ᠎ᠠ ᠶᠢ ᠢᠯᠡᠷᠡᠭᠦᠯᠦᠨ᠎ᠡ᠃ | ᠬᠤᠶᠠᠷ ᠲᠤ᠂ ᠲᠤᠰᠬᠠᠢ ᠮᠡᠷᠭᠡᠵᠢᠯ ᠤᠨ ᠴᠢᠳᠠᠪᠤᠷᠢ ᠪᠠᠨ ᠠᠵᠢᠯᠯᠠᠬᠤ ᠴᠢᠳᠠᠪᠤᠷᠢ ᠪᠣᠯᠭᠠᠨ᠎ᠠ᠃ ᠥᠪᠡᠷᠲᠡᠭᠡᠨ | ᠵᠠᠰᠠᠬᠤ ᠣᠷᠣᠨ ᠤ ᠬᠢᠨᠠᠨ ᠪᠤᠳᠤᠬᠤ ᠲᠢᠩᠬᠢᠮ ᠠᠴᠠ ᠬᠢᠨᠠᠨ ᠪᠤᠳᠤᠬᠤ ᠺᠠᠳ᠋ᠷ ᠤᠨ ︽ᠲᠠᠪᠤᠨ ᠨᠢᠭᠡ︾ ᠶᠢᠨ | ᠠᠵᠢᠯᠯᠠᠭ᠎ᠠ ᠶᠢ ᠬᠡᠷᠡᠭᠵᠢᠭᠦᠯᠬᠦ ᠴᠢᠳᠠᠪᠤᠷᠢ ᠪᠠᠨ ᠴᠢᠩᠭᠠᠳᠬᠠᠬᠤ᠂ ᠲᠤᠬᠠᠶᠢᠯᠠᠪᠠᠯ ︽ᠨᠢᠭᠡ ᠵᠣᠬᠢᠶᠠᠯ ᠪᠢᠴᠢᠬᠦ᠂ ᠨᠢᠭᠡ | ᠬᠢᠴᠢᠶᠡᠯ ᠶᠠᠷᠢᠬᠤ᠂ ᠨᠢᠭᠡ ᠲᠦᠷᠦᠯ ᠤᠨ ᠦᠨᠡᠮᠯᠡᠯ ᠢ ᠰᠢᠯᠭᠠᠬᠤ᠂ ᠨᠢᠭᠡ ᠬᠡᠷᠡᠭ ᠤᠨ ᠵᠢᠱᠢᠶ᠎ᠡ ᠲᠠᠢ᠂ ᠨᠢᠭᠡ | ᠲᠣᠭᠲᠠᠯᠴᠠᠭ᠎ᠠ ᠶᠢ ᠪᠠᠶᠢᠭᠤᠯᠬᠤ︾ ᠶᠢ ᠬᠡᠷᠡᠭᠵᠢᠭᠦᠯᠬᠦ ᠪᠣᠯ ᠮᠠᠰᠢ ᠰᠠᠶᠢᠨ ᠠᠷᠭ᠎ᠠ ᠬᠡᠮᠵᠢᠶ᠎ᠡ ᠪᠣᠯᠣᠨ᠎ᠠ᠃ ︽ᠺᠠᠳ᠋ᠷ ᠤᠨ | ᠬᠥᠮᠦᠵᠢᠯ ᠪᠣᠯᠪᠠᠰᠤᠷᠠᠯ ᠤᠨ ᠭᠤᠷᠪᠠᠨ ᠵᠢᠯ ᠤᠨ ᠲᠥᠯᠥᠪᠯᠡᠭᠡ︾ ᠶᠢ ᠦᠷᠭᠦᠯᠵᠢᠯᠡᠨ ᠬᠡᠷᠡᠭᠵᠢᠭᠦᠯᠵᠦ᠂ ᠺᠠᠳ᠋ᠷᠴᠤᠳ ᠤᠨ | ᠲᠤᠬᠠᠶᠢᠯᠠᠭᠰᠠᠨ ᠠᠵᠢᠯ ᠤᠨ ᠴᠢᠳᠠᠪᠤᠷᠢ ᠪᠠ ᠶᠡᠷᠦᠩᠬᠡᠶᠢᠯᠡᠭᠰᠡᠨ ᠬᠡᠪ ᠴᠢᠨᠠᠷ ᠢᠶᠠᠨ ᠳᠡᠭᠡᠭᠰᠢᠯᠡᠭᠦᠯᠬᠦ ᠶᠢ ᠳᠡᠮᠵᠢᠵᠦ᠂ | ᠪᠠᠶᠢᠴᠠᠭᠠᠵᠤ ᠳᠡᠶᠢᠯᠬᠦ᠂ ᠬᠡᠯᠡᠵᠦ ᠳᠡᠶᠢᠯᠬᠦ᠂ ᠪᠢᠴᠢᠵᠦ ᠳᠡᠶᠢᠯᠬᠦ᠂ ᠲᠤᠭ᠎ᠠ ᠪᠠᠷᠢᠮᠲᠠ ᠶᠢ ᠵᠠᠳᠠᠯᠵᠤ ᠳᠡᠶᠢᠯᠬᠦ᠂ ᠬᠠᠤᠯᠢ ᠶᠢ | ᠳᠠᠭᠠᠵᠤ ᠳᠡᠶᠢᠯᠬᠦ᠂ ᠰᠤᠳᠤᠯᠵᠤ ᠳᠡᠶᠢᠯᠬᠦ ᠲᠤᠬᠠᠶᠢᠯᠠᠭᠰᠠᠨ ᠠᠵᠢᠯ ᠤᠨ ᠭᠤᠣᠯᠯᠠᠭᠴᠢ ᠴᠢᠳᠠᠪᠤᠷᠢᠲᠠᠨ ᠢ ᠶᠡᠭᠡ ᠪᠠᠷ | ᠬᠥᠮᠥᠵᠢᠭᠦᠯᠦᠨ᠎ᠡ᠃ | ᠭᠤᠷᠪᠠ ᠳᠤ᠂ ᠠᠵᠢᠯ ᠮᠡᠷᠭᠡᠵᠢᠯ ᠤᠨ ᠰᠤᠷᠲᠠᠯ ᠢᠶᠠᠷ ᠦᠷᠳᠡᠭ ᠤᠨ ᠬᠥᠭᠡᠭᠡᠴᠡᠯᠳᠦᠯ ᠪᠣᠯᠭᠠᠨ᠎ᠠ᠃ | ᠠᠵᠢᠯ ᠤᠨ ᠰᠤᠷᠲᠠᠯ ᠢᠶᠠᠨ ᠦᠷᠭᠦᠯᠵᠢᠯᠡᠨ ᠰᠠᠶᠢᠵᠢᠷᠠᠭᠤᠯᠵᠤ᠂ ︽ᠠᠯᠢᠪᠠ ᠪᠦᠬᠦᠨ ᠢ ᠴᠢᠩᠭ᠎ᠠ ᠲᠣᠬᠢᠷᠠᠭᠤᠯᠬᠤ᠂ | ᠠᠯᠢᠪᠠ ᠪᠦᠬᠦᠨ ᠢ ᠴᠢᠩᠭ᠎ᠠ ᠱᠠᠭᠠᠷᠳᠠᠬᠤ᠂ ᠠᠯᠢᠪᠠ ᠪᠦᠬᠦᠨ ᠢ ᠪᠠᠷᠢᠮᠵᠢᠶᠠᠯᠠᠨ ᠬᠠᠷᠭᠤᠭᠤᠯᠬᠤ︾ ᠠᠵᠢᠯ ᠤᠨ | ᠱᠠᠭᠠᠷᠳᠠᠯᠭ᠎ᠠ ᠶᠢ ᠪᠠᠲᠤ ᠪᠠᠬᠢ ᠪᠤᠢ ᠪᠣᠯᠭᠠᠵᠤ᠂ ᠠᠵᠢᠯ ᠨᠢᠭᠡᠪᠦᠷᠢ ᠳᠤ ᠴᠥᠮ ᠪᠣᠳᠣᠯ ᠲᠠᠢ᠂ ᠠᠷᠭ᠎ᠠ ᠬᠡᠮᠵᠢᠶ᠎ᠡ ᠲᠠᠢ᠂ | ᠦᠷ᠎ᠡ ᠪᠦᠲᠦᠮᠵᠢ ᠲᠠᠢ ᠪᠠᠶᠢᠬᠤ ᠬᠡᠷᠡᠭᠲᠡᠢ᠃ ᠲᠡᠮᠡᠴᠡᠯ ᠤᠨ ᠵᠣᠷᠢᠭ ᠰᠠᠨᠠᠭ᠎ᠠ ᠶᠢ ᠪᠠᠳᠠᠷᠠᠭᠤᠯᠵᠤ᠂ ᠵᠣᠷᠢᠭᠲᠠᠢ ᠪᠠᠷ | ᠬᠢᠨᠠᠨ ᠪᠠᠶᠢᠴᠠᠭᠠᠵᠤ᠂ ᠦᠨᠡᠨ ᠬᠦ ᠴᠢᠩᠭ᠎ᠠ ᠬᠢᠨᠠᠵᠤ᠂ ᠬᠢᠨᠠᠨ ᠬᠠᠷᠭᠤᠭᠤᠯᠵᠤ ᠪᠣᠳᠠᠲᠠᠢ ᠬᠢᠨᠠᠨ ᠵᠥᠪᠰᠢᠶᠡᠷᠡᠬᠦ ᠶᠢ | ᠪᠣᠳᠠᠲᠠᠶᠢᠵᠢᠭᠤᠯᠵᠤ᠂ ᠲᠤᠰᠬᠠᠢ ᠮᠡᠷᠭᠡᠵᠢᠯ ᠢᠶᠠᠷ ᠢᠶᠠᠨ ᠰᠠᠶ᠋ᠢ ᠡᠯ᠎ᠡ ᠲᠠᠯ᠎ᠠ ᠶᠢᠨ ᠬᠢᠨ ᠤ ᠵᠥᠪᠰᠢᠶᠡᠷᠡᠯ ᠪᠠ | ᠬᠦᠨᠳᠦᠳᠬᠡᠯ ᠢ ᠣᠯᠵᠤ ᠴᠢᠳᠠᠨ᠎ᠠ᠃ ︽ᠪᠣᠳᠠᠲᠤ ᠠᠮᠵᠢᠯᠲᠠ ᠶᠢ ᠴᠢᠬᠤᠯᠠᠴᠢᠯᠠᠵᠤ ᠪᠣᠳᠠᠲᠠᠢ ᠠᠵᠢᠯᠯᠠᠵᠤ᠂ ᠣᠷᠣᠨ | ᠪᠠᠶᠢᠷᠢ ᠲᠠᠢ ᠪᠠᠶᠢᠬᠤ︾ ᠢᠯᠡ ᠲᠣᠳᠣ ᠬᠥᠮᠥᠨ ᠬᠡᠷᠡᠭᠯᠡᠬᠦ ᠤᠳᠤᠷᠢᠳᠤᠮᠵᠢ ᠶᠢ ᠪᠤᠢ ᠪᠣᠯᠭᠠᠵᠤ᠂ ᠺᠠᠳ᠋ᠷ ᠤᠨ ᠲᠤᠰᠢᠶᠠᠯ | ᠡᠭᠦᠷᠭᠡᠯᠡᠬᠦ᠂ ᠬᠢᠨᠠᠨ ᠪᠠᠶᠢᠴᠠᠭᠠᠬᠤ ᠪᠠᠷ ᠪᠣᠯᠪᠠᠰᠤᠷᠠᠯ ᠢ ᠣᠷᠣᠯᠠᠭᠤᠯᠬᠤ ᠵᠡᠷᠭᠡ ᠳᠠᠪᠲᠠᠨ ᠪᠣᠯᠪᠠᠰᠤᠷᠠᠯ ᠢ ᠳᠡᠮᠵᠢᠵᠦ᠂ | ᠨᠥᠬᠦᠴᠡᠯ ᠪᠦᠷᠢᠯᠳᠦᠭᠦᠯᠵᠦ ᠪᠠᠶᠢᠭᠠᠳ ᠵᠢᠩᠬᠢᠨᠢ ᠡᠷᠳᠡᠮ ᠴᠢᠳᠠᠪᠤᠷᠢ ᠲᠠᠢ ᠺᠠᠳ᠋ᠷ ᠢ ᠴᠣᠯᠭᠤᠷᠠᠭᠤᠯᠤᠨ ᠭᠠᠷᠭᠠᠨ᠎ᠠ᠃ | ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠵᠤ ᠬᠢᠨᠠᠨ ᠰᠢᠭᠦᠬᠦ ᠳᠤ᠂ ︽ᠮᠢᠨᠤ ᠠᠵᠢᠯ ᠤᠨ ᠪᠠᠶᠢᠷᠢ ᠪᠠᠨ ᠪᠢ ᠬᠠᠷᠢᠭᠤᠴᠠᠬᠤ︾ | ᠂ ︽ᠪᠢ ᠠᠵᠢᠯ ᠤᠨ ᠪᠠᠶᠢᠷᠢ ᠳᠤ ᠪᠠᠨ ᠪᠠᠶᠢᠬᠤ ᠳᠤ ᠲᠠ ᠨᠠᠷ ᠰᠠᠨᠠᠭ᠎ᠠ ᠠᠮᠤᠷ ᠪᠠᠶᠢᠬᠤ︾ ᠬᠠᠷᠢᠭᠤᠴᠠᠯᠭᠠᠲᠤ | ᠰᠡᠳᠬᠢᠯᠭᠡ ᠪᠠᠨ ᠦᠨᠡᠨ ᠬᠦ ᠴᠢᠩᠭᠠᠳᠬᠠᠵᠤ᠂ ᠨᠠᠮ ᠤᠨ ᠪᠠᠶᠢᠭᠤᠯᠤᠯᠲᠠ ᠪᠣᠯᠣᠨ ᠲᠤᠬᠠᠶᠢᠯᠠᠭᠰᠠᠨ ᠠᠵᠢᠯ ᠤᠨ | ᠭᠦᠨᠵᠡᠭᠡᠢ ᠠᠭᠤᠰᠤᠯᠴᠠᠯ ᠢ ᠠᠬᠢᠭᠤᠯᠵᠤ᠂ ︽ᠪᠢ ᠪᠣᠯ ᠬᠠᠮᠤᠭ ᠡᠴᠦᠰ ᠤᠨ ᠨᠢᠭᠡ ᠪᠣᠭᠤᠮᠲᠠ ᠮᠥᠨ︾ ᠭᠡᠬᠦ | ᠤᠬᠠᠮᠰᠠᠷ ᠢ ᠪᠠᠲᠤ ᠪᠤᠢ ᠪᠣᠯᠭᠠᠵᠤ᠂ ᠭᠠᠷ ᠬᠥᠳᠡᠯᠦᠨ ᠠᠵᠢᠯᠯᠠᠬᠤ ᠳᠤ ᠴᠥᠮ ᠥᠪᠡᠷ ᠤᠨ ᠬᠠᠮᠤᠭ ᠤᠨ ᠰᠠᠶᠢᠨ ᠬᠢᠷᠢ | ᠲᠦᠪᠰᠢᠨ ᠢᠶᠠᠨ ᠲᠥᠯᠥᠭᠡᠯᠡᠵᠦ᠂ ︽ᠭᠤᠷᠪᠠᠨ ᠠᠷᠪᠢᠨ ᠭᠤᠷᠪᠠᠨ ᠴᠥᠭᠡᠨ ᠭᠤᠷᠪᠠᠨ ᠤᠳᠠᠭᠠᠨ︾ ︽ᠤᠳᠠᠭᠠᠨ | ᠪᠦᠳᠦᠭᠦᠯᠢᠭ ᠬᠡᠶᠢᠰᠪᠦᠷᠢ︾ ᠦᠵᠡᠭᠳᠡᠯ ᠢ ᠡᠷᠡᠰ ᠬᠤᠷᠢᠭᠯᠠᠨ᠎ᠠ᠃ ᠨᠠᠮ ᠤᠨ ᠰᠤᠷᠲᠠᠯ ᠴᠢᠬᠡᠴᠢ ᠵᠠᠰᠠᠭ ᠤᠨ ᠪᠦᠲᠦᠭᠡᠨ | ᠪᠠᠶᠢᠭᠤᠯᠤᠯᠲᠠ ᠶᠢ ᠴᠢᠩᠭᠠᠳᠬᠠᠵᠤ᠂ ᠡᠯ᠎ᠡ ᠵᠦᠢᠯ ᠤᠨ ᠠᠵᠢᠯ ᠤᠨ ︽ᠪᠠᠷᠢᠮᠵᠢᠶ᠎ᠠ ᠶᠢ ᠳᠡᠭᠡᠭᠰᠢᠯᠡᠭᠦᠯᠦᠨ | ᠬᠤᠷᠳᠤᠴᠠ ᠶᠢ ᠳᠡᠭᠡᠭᠰᠢᠯᠡᠭᠦᠯᠦᠨ ᠦᠷ᠎ᠡ ᠪᠦᠲᠦᠮᠵᠢ ᠶᠢ ᠳᠡᠭᠡᠭᠰᠢᠯᠡᠭᠦᠯᠬᠦ︾ ᠶᠢ ᠠᠬᠢᠭᠤᠯᠵᠤ᠂ ︽ᠤᠯᠤᠰ ᠤᠨ ᠬᠢᠨᠠᠨ | ᠪᠣᠳᠣᠯᠲᠠ︾ ᠶᠢᠨ ᠠᠯᠲᠠᠨ ᠦᠰᠦᠭᠲᠦ ᠬᠠᠯᠬᠠᠪᠴᠢ ᠶᠢ ᠰᠠᠶᠢᠲᠤᠷ ᠰᠠᠬᠢᠨ ᠬᠠᠮᠠᠭᠠᠯᠠᠨ᠎ᠠ᠃ | |