ᠱᠠᠭ᠎ᠠ ᠶᠢᠨ ᠴᠡᠭᠡᠷ ᠶᠣᠰᠣᠨ
ᠨᠡᠶᠢᠲᠡᠯᠡᠭᠰᠡᠨ ᠴᠠᠭ᠄
2024/2/28
        ᠨᠢᠭᠡ᠄ ᠬᠤᠨᠢ᠂ ᠢᠮᠠᠭ᠎ᠠ᠂ ᠠᠳᠤᠭᠤ᠂ ᠦᠭᠡᠷ᠂ ᠲᠡᠮᠡᠭᠡ᠂ ᠵᠡᠭᠡᠷ᠎ᠡ᠂ ᠬᠦᠷᠤᠭᠡᠰᠤ᠂ ᠠᠷᠭᠠᠯᠢ᠂ ᠶᠠᠩᠭᠢᠷ᠂  ᠪᠤᠭᠤ᠂  ᠶᠢᠨ ᠱᠠᠭ᠎ᠠ ᠶᠢ ᠭᠠᠯ ᠳᠤ ᠰᠢᠳᠠᠭᠠᠬᠤ ᠶᠢ ᠴᠡᠭᠡᠷᠯᠡᠨ᠎ᠡ᠃                         ᠬᠤᠶᠠᠷ᠄  ᠲᠠᠪᠤᠨ ᠬᠤᠰᠢᠭᠤ ᠮᠠᠯ ᠤᠨ ᠱᠠᠭ᠎ᠠ ᠶᠢ ᠨᠤᠬᠠᠢ ᠠᠡᠭ ᠠᠮᠢᠲᠠᠨ ᠳᠤ ᠦᠭᠬᠦ ᠶᠢ ᠤᠨᠴᠠ ᠴᠡᠭᠡᠷᠯᠡᠨ᠎ᠡ᠂ ᠪᠤᠶᠠᠨ  ᠭᠡᠰᠢᠭ ᠬᠠᠵᠡᠶᠢᠨ᠎ᠠ ᠭᠡᠳᠡᠭ᠃                         ᠭᠤᠷᠪᠠ᠄ ᠮᠠᠯ ᠤᠨ ᠱᠠᠭ᠎ᠠ᠂ ᠵᠡᠭᠡᠷ᠎ᠡ ᠠᠷᠢᠶᠠᠲᠠᠨ ᠤ ᠱᠠᠭ᠎ᠠ ᠶᠢ ᠨᠡᠬᠦᠬᠦ ᠨᠤᠳᠤᠭ ᠳᠡᠭᠡᠷ᠎ᠡ ᠪᠠᠨ  ᠤᠷᠭᠢᠵᠤ  ᠭᠡᠭᠡᠬᠦ  ᠶᠢ ᠴᠡᠭᠡᠷᠯᠡᠨ᠎ᠡ᠂ ᠭᠠᠢ ᠪᠠᠷᠴᠢᠳ ᠳᠤᠭᠢᠶᠠᠯᠳᠤᠨ᠎ᠠ ᠭᠡᠳᠡᠭ᠃                         ᠳᠦᠷᠪᠡ᠄ ᠨᠠᠰᠤ ᠪᠠᠷᠠᠭᠰᠡᠨ ᠠᠶᠢᠯ ᠤᠨ ᠬᠦᠮᠤᠰ ᠳᠦᠷᠤᠯ ᠰᠠᠳᠤᠨ ᠨᠢ ︽ᠵᠠᠭᠤ ᠬᠤᠨᠤᠭ ᠢᠶᠠᠨ ᠬᠤᠷᠢᠶᠠᠬᠤ︾  ᠠᠴᠠ ᠡᠮᠤᠨ᠎ᠡ ᠱᠠᠭ᠎ᠠ ᠨᠠᠭᠠᠳᠤᠮ ᠳᠤ ᠤᠷᠤᠯᠴᠠᠬᠤ ᠶᠢ ᠴᠡᠭᠡᠷᠯᠡᠨ᠎ᠡ᠃                         ᠲᠠᠪᠤ᠄ ᠭᠡᠤᠭᠡᠳ ᠤᠳ ᠢ ᠦᠭᠡᠷ ᠤᠨ ᠱᠠᠭ᠎ᠠ ᠪᠠᠷ ᠪᠦᠭ  ᠴᠢᠭ  ᠬᠠᠷᠪᠤᠵᠤ  ᠨᠠᠭᠠᠳᠬᠤ  ᠶᠢ  ᠴᠡᠭᠡᠷᠯᠡᠨ᠎ᠡ᠂  ᠲᠡᠨᠡᠭ ᠪᠤᠯᠤᠨ᠎ᠠ ᠭᠡᠳᠡᠭ᠃                         ᠵᠢᠷᠭᠤᠭ᠎ᠠ᠄ ᠬᠠᠪᠤᠷ ᠤᠨ ᠳᠦᠯ ᠳᠤᠰᠴᠤ ᠪᠠᠶᠢᠬᠤ ᠤᠯᠠᠷᠢᠯ ᠳᠤ ᠭᠡᠤᠭᠡᠳ ᠤᠳ ᠱᠠᠭ᠎ᠠ ᠨᠠᠭᠠᠳᠬᠤ  ᠶᠢ  ᠴᠡᠭᠡᠷᠯᠡᠨ᠎ᠡ᠂ ᠳᠦᠯ ᠮᠠᠶᠢᠭᠢ ᠪᠤᠯᠤᠨ᠎ᠠ ᠭᠡᠳᠡᠭ᠃                         ᠳᠤᠯᠤᠭ᠎ᠠ᠄ ᠵᠤᠨ ᠤ ᠪᠤᠷᠤᠭᠠᠨ ᠲᠠᠢ ᠡᠳᠤᠷ ᠱᠠᠭ᠎ᠠ ᠨᠠᠭᠠᠳᠬᠤ  ᠶᠢ  ᠴᠡᠭᠡᠷᠯᠡᠨ᠎ᠡ᠂  ᠲᠡᠭᠷᠢ  ᠳᠤᠤᠭᠠᠷᠴᠤ  ᠠᠶᠤᠩᠭ᠎ᠠ ᠪᠠᠭᠤᠨ᠎ᠠ ᠭᠡᠳᠡᠭ᠃                         ᠨᠠᠢ᠍ᠮᠠ᠄ ᠰᠦᠨᠢᠳ ᠨᠤᠳᠤᠭ ᠲᠤ ᠱᠠᠭ᠎ᠠ ᠨᠠᠭᠠᠳᠬᠤ ᠳᠠᠭᠠᠨ ᠢᠵᠢᠯᠢ ᠮᠤᠷᠢ  ᠪᠤᠰᠪᠠᠯ  ᠬᠤᠭᠤᠷᠤᠨᠳᠤ  ᠨᠢ  ᠨᠢᠰᠯᠠᠵᠤ ᠬᠠᠷᠪᠤᠬᠤ ᠶᠢ ᠤᠨᠴᠠ ᠴᠡᠭᠡᠷᠯᠡᠨ᠎ᠡ᠂ ᠵᠠᠶᠠᠭ᠎ᠠ ᠭᠡᠶᠢᠮᠤᠷᠢ ᠭᠡᠪᠲᠡᠨ᠎ᠡ ᠭᠡᠳᠡᠭ᠃                         ᠶᠢᠰᠤ᠄ ᠶᠠᠰᠤ ᠪᠡᠷᠳᠡᠭᠰᠡᠨ ᠬᠦᠮᠤᠨ ᠡᠳᠡᠭᠡᠷᠡᠬᠦ ᠠᠴᠠ  ᠡᠮᠤᠨ᠎ᠡ  ᠱᠠᠭ᠎ᠠ  ᠨᠠᠭᠠᠳᠬᠤ  ᠶᠢ  ᠴᠡᠭᠡᠷᠯᠡᠨ᠎ᠡ᠂  ᠶᠠᠰᠤᠨ  ᠤ ᠡᠳᠡᠭᠡᠷᠡᠯᠲᠡ ᠳᠤ ᠮᠠᠭᠤ ᠭᠡᠳᠡᠭ᠃                         ᠠᠷᠪᠠ᠄ ᠴᠢᠨ᠋ᠸ᠎ᠡ ᠢᠳᠡᠭᠰᠡᠨ ᠮᠠᠯ ᠤᠨ ᠱᠠᠭ᠎ᠠ ᠶᠢ ᠲᠡᠭᠷᠢ ᠶᠢᠨ ᠨᠤᠬᠠᠢ ᠶᠢᠨ ᠭᠡᠰᠢᠭ ᠭᠡᠵᠤ ᠠᠪᠴᠤ ᠬᠠᠳᠠᠭᠠᠯᠠᠬᠤ ᠠᠴᠠ ᠪᠢᠰᠢ᠂ ᠨᠠᠭᠠᠳᠤᠮ ᠳᠤᠭᠯᠠᠭᠠᠮ ᠳᠤ ᠭᠡᠷᠡᠭᠯᠡᠬᠦ ᠶᠢ ᠴᠡᠭᠡᠷᠯᠡᠨ᠎ᠡ᠃                         ᠠᠷᠪᠠᠨ ᠨᠢᠭᠡ᠄ ᠰᠡᠳᠡᠷ ᠲᠠᠢ ᠮᠠᠯ᠂ ᠲᠠᠷᠬᠠᠯᠠᠭᠰᠡᠨ ᠮᠠᠯ ᠦᠬᠦᠪᠡᠯ᠂  ᠱᠠᠭ᠎ᠠ  ᠶᠢ  ᠠᠪᠴᠤ  ᠬᠠᠳᠠᠭ  ᠲᠤ  ᠪᠤᠭᠤᠵᠤ ᠬᠠᠳᠠᠭᠠᠯᠠᠨ᠎ᠠ᠃ ᠨᠠᠭᠠᠳᠤᠮ ᠳᠤᠭᠯᠠᠭᠠᠮ ᠳᠤ ᠭᠡᠷᠡᠭᠯᠡᠬᠦ ᠶᠢ ᠴᠡᠭᠡᠷᠯᠡᠨ᠎ᠡ᠃                         ᠠᠷᠪᠠᠨ ᠬᠤᠶᠠᠷ᠄ ᠭᠡᠤᠭᠡᠳ ᠭᠤᠷᠪᠠᠨ ᠬᠤᠨᠤᠭ ᠵᠠᠯᠭᠠᠪᠠᠷ ᠤᠭᠢᠯᠠᠪᠠᠯ ᠱᠠᠭᠠᠶᠢᠳᠤ ᠴᠢᠮᠤᠭᠡ ᠶᠢᠨ  ᠱᠠᠭ᠎ᠠ   ᠶᠢ  ᠠᠪᠴᠤ ᠬᠠᠳᠠᠭ ᠲᠤ ᠪᠤᠭᠤᠵᠤ ᠬᠠᠳᠠᠭᠠᠯᠠᠬᠤ ᠪᠤᠶᠤ ᠭᠡᠤᠭᠡᠳ ᠤᠨ ᠨᠠᠭᠠᠳᠤᠮ ᠳᠤᠨᠢ ᠵᠡᠬᠦᠳᠡᠭ᠂ ᠨᠠᠭᠠᠳᠤᠮ ᠳᠤ ᠭᠡᠷᠡᠭᠯᠡᠬᠦ ᠶᠢ ᠴᠡᠭᠡᠷᠯᠡᠨ᠎ᠡ᠃                         ᠠᠷᠪᠠᠨ ᠭᠤᠷᠪᠠ᠄ ᠬᠤᠷᠢᠮ ᠤᠨ ᠪᠦᠬᠦᠯᠢ ᠰᠢᠬᠦᠰᠤᠨ ᠤ ᠱᠠᠭᠠᠶᠢᠳᠤ ᠴᠢᠮᠤᠭᠡ ᠶᠢᠨ ᠱᠠᠭ᠎ᠠ ᠶᠢ  ᠠᠪᠴᠤ  ᠬᠠᠳᠠᠭ  ᠲᠤ ᠪᠤᠭᠤᠵᠤ ᠳᠡᠷ᠎ᠡ ᠳᠤᠤᠷ᠎ᠠ ᠭᠢᠳᠡᠭ ᠪᠦᠭᠡᠳ ᠰᠠᠶᠢᠬᠠᠨ ᠬᠠᠳᠠᠭᠠᠯᠠᠳᠠᠭ᠂ ᠨᠠᠭᠠᠳᠤᠮ ᠳᠤᠭᠯᠠᠭᠠᠮ ᠳᠤ ᠭᠡᠷᠡᠭᠯᠡᠬᠦ ᠶᠢ ᠴᠡᠭᠡᠷᠯᠡᠨ᠎ᠡ᠃                                  ᠠᠷᠪᠠᠨ ᠳᠦᠷᠪᠠ᠄ ᠮᠡᠷᠭᠡ ᠳᠦᠯᠭᠡ ᠲᠠᠯᠪᠢᠳᠠᠭ ᠱᠠᠭ᠎ᠠ ᠶᠢ ᠨᠠᠭᠠᠳᠤᠮ ᠳᠤᠭᠯᠠᠭᠠᠮ  ᠳᠤ  ᠬᠡᠷᠡᠭᠯᠡᠬᠦ  ᠶᠢ  ᠴᠡᠭᠡᠷᠯᠡᠨ᠎ᠡ᠂ ᠮᠡᠷᠭᠡ ᠳᠦᠯᠭᠡ ᠳᠦᠭᠡᠷᠢᠨ᠎ᠡ ᠭᠡᠳᠡᠭ᠃                         ᠠᠷᠪᠠᠨ ᠲᠠᠪᠤ᠄ ᠬᠤᠷᠠᠭ᠎ᠠ ᠢᠰᠢᠭᠡ ︵ᠳᠦᠯ ᠮᠠᠯ ᠤᠨ ᠱᠠᠭ᠎ᠠ︶ ᠶᠢᠨ ᠱᠠᠭ᠎ᠠ ᠪᠠᠷ ᠨᠠᠭᠠᠳᠬᠤ ᠶᠢ ᠴᠡᠭᠡᠷᠯᠡᠨ᠎ᠡ᠂ ᠡᠬᠡ ᠮᠠᠯ ᠤᠨ ᠳᠡᠯᠡᠩ ᠬᠦᠬᠦ ᠡᠪᠳᠤᠨ᠎ᠡ ᠭᠡᠳᠡᠭ᠃                         ᠠᠷᠪᠠᠨ ᠵᠢᠷᠭᠤᠭ᠎ᠠ᠄ ᠱᠠᠭ᠎ᠠ ᠶᠢ ᠵᠠᠰᠠᠵᠤ ᠴᠡᠪᠡᠷᠯᠡᠬᠦ ᠳᠡᠭᠡᠨ ᠱᠠᠭ᠎ᠠ ᠮᠦᠯᠵᠢᠬᠦ ᠭᠡᠵᠤ ᠬᠡᠯᠡᠬᠦ ᠶᠢ  ᠴᠡᠭᠡᠷᠯᠡᠨ᠎ᠡ᠂  ᠬᠠᠷᠢᠨ ᠱᠠᠭ᠎ᠠ ᠵᠠᠰᠠᠬᠤ ᠭᠡᠵᠤ ᠬᠡᠯᠡᠳᠡᠭ᠃                                           ᠬᠤᠯᠪᠣᠭ᠎ᠠ ᠰᠦᠯᠵᠢᠶᠡᠨ ᠤ ᠵᠢᠷᠭᠠᠯ ᠤᠨ ᠪᠦᠷᠭᠡ ᠠᠴᠠ ᠪᠠᠭᠤᠯᠭᠠᠪᠠ᠃    
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号