ᠰᠢᠭᠤᠶᠢᠲᠤ ᠲᠣᠭᠤᠷᠢᠭ ᠤᠨ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ ᠠᠵᠢᠯ ᠠᠴᠠ ᠪᠠᠨ ᠠᠮᠠᠷᠠᠭᠰᠠᠨ ᠠᠬᠠᠮᠠᠳ ᠨᠠᠮ ᠤᠨ ᠭᠡᠰᠢᠭᠦᠨ ᠢ ᠲᠣᠬᠤᠨᠢᠭᠤᠯᠪᠠ
ᠨᠡᠶᠢᠲᠡᠯᠡᠭᠰᠡᠨ ᠴᠠᠭ᠄
2024/2/18
        2024 ᠣᠨ ᠤ ᠴᠠᠭᠠᠨ ᠰᠠᠷ᠎ᠠ ᠬᠦᠷᠴᠦ ᠢᠷᠡᠬᠦ ᠲᠠᠰᠢᠷᠠᠮ ᠢᠶᠠᠷ᠂ ᠰᠢᠭᠤᠶᠢᠲᠤ  ᠲᠣᠭᠤᠷᠢᠭ ᠎ ᠤᠨ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ ︽ᠨᠠᠮ ᠤᠨ ᠠᠴᠢ ᠶᠢ ᠮᠡᠳᠡᠷᠡᠵᠦ᠂ ᠨᠠᠮ ᠤᠨ ᠦᠭᠡ ᠶᠢ ᠰᠣᠨᠣᠰᠴᠤ᠂ ᠨᠠᠮ ᠢᠶᠠᠨ ᠳᠠᠭᠠᠬᠤ︾ ᠤᠯᠠᠨ ᠲᠦᠮᠡᠨ ᠤ ᠬᠥᠮᠦᠵᠢᠯ ᠦᠢᠯᠡᠳᠦᠯᠭᠡ ᠶᠢᠨ ᠠᠵᠢᠯᠯᠠᠭ᠎ᠠ ᠲᠠᠢ ᠤᠶᠠᠯᠳᠤᠭᠤᠯᠵᠤ᠂ 2 ᠰᠠᠷ᠎ᠠ ᠶᠢᠨ 1᠎ ᠤ ᠡᠳᠦᠷ᠂ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠪᠤᠷᠢ ᠶᠢᠨ ᠲᠣᠪᠴᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠭᠦᠨ᠂ ᠳᠡᠳ᠋ ᠲᠣᠪᠴᠢᠶᠠᠨ ᠳᠠᠷᠤᠭ᠎ᠠ ᠭᠤᠤ ᠯᠢ ᠱᠧᠩ ᠨᠥᠬᠦᠷ ᠪᠦᠯᠬᠦᠮ ᠳᠠᠭᠠᠭᠤᠯᠵᠤ᠂ ᠨᠠᠮ ᠤᠨ ᠭᠡᠰᠢᠭᠦᠨ ᠢ ᠰᠣᠩᠭᠤᠨ ᠲᠣᠮᠢᠯᠠᠵᠤ ᠠᠵᠢᠯ ᠠᠴᠠ ᠪᠠᠨ ᠠᠮᠠᠷᠠᠭᠰᠠᠨ ᠠᠬᠠᠮᠠᠳ ᠨᠠᠮ ᠤᠨ ᠭᠡᠰᠢᠭᠦᠨ ᠢ ᠲᠣᠬᠤᠨᠢᠭᠤᠯᠬᠤ ᠶᠢᠨ ᠬᠠᠮᠲᠤ ᠲᠣᠬᠤᠨᠢᠭᠤᠯᠬᠤ ᠪᠣᠳᠠᠰ ᠪᠠ ᠴᠠᠭᠠᠨ ᠰᠠᠷ᠎ᠠ ᠶᠢᠨ ᠵᠥᠩᠨᠡᠯ ᠳᠡᠪᠰᠢᠭᠦᠯᠪᠡ᠃
1707211786174018441.jpg
        ᠲᠣᠬᠤᠨᠢᠭᠤᠯᠬᠤ ᠶᠠᠪᠤᠴᠠ ᠳᠤ᠂ ᠭᠤᠤ ᠯᠢ ᠱᠧᠩ ᠨᠥᠬᠦᠷ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶᠠᠨ ᠤ ᠤᠳᠤᠷᠢᠳᠬᠤ ᠪᠠᠭ ᠢ ᠲᠥᠯᠥᠭᠡᠯᠡᠨ ᠯᠢᠦ ᠬᠤᠩ ᠲᠤᠤ ᠪᠣᠯᠣᠨ ᠸᠠᠩ ᠺᠤᠸᠠᠨ ᠯᠢᠶᠠᠩ ᠬᠤᠶᠠᠷ ᠠᠬᠠᠮᠠᠳ ᠨᠠᠮ ᠤᠨ ᠭᠡᠰᠢᠭᠦᠨ ᠲᠠᠢ ᠵᠣᠭᠤᠭ ᠳᠡᠯᠭᠡᠵᠦ᠂ ᠲᠡᠳᠡᠨ ᠤ ᠪᠡᠶ᠎ᠡ ᠶᠢᠨ ᠪᠠᠶᠢᠳᠠᠯ ᠪᠣᠯᠣᠨ ᠠᠮᠢᠳᠤᠷᠠᠯ ᠤᠨ ᠪᠠᠶᠢᠳᠠᠯ ᠢ ᠬᠠᠯᠠᠮᠵᠢᠯᠠᠨ ᠠᠰᠠᠭᠤᠵᠤ᠂ ᠲᠡᠳᠡᠨ ᠤ ᠰᠡᠳᠬᠢᠯ ᠤᠨ ᠦᠭᠡ ᠶᠢ ᠰᠣᠨᠣᠰᠴᠤ᠂ ᠲᠡᠳᠡᠨ ᠤ ᠠᠮᠢᠳᠤᠷᠠᠯ ᠤᠨ ᠳᠤᠮᠳᠠ ᠲᠤᠯᠭᠠᠷᠠᠭᠰᠠᠨ ᠬᠦᠴᠢᠷᠳᠡᠯ ᠪᠣᠯᠣᠨ ᠠᠰᠠᠭᠤᠳᠠᠯ ᠢ ᠭᠦᠨᠵᠡᠭᠡᠢ ᠣᠶᠢᠯᠠᠭᠠᠭᠰᠠᠨ ᠪᠥᠭᠡᠳ ᠲᠡᠳᠡᠨ ᠲᠠᠢ ᠡᠷᠬᠡᠪᠰᠢ ᠭᠡᠷ ᠤᠨ ᠬᠥᠮᠥᠰ ᠢᠶᠠᠨ ᠪᠡᠶ᠎ᠡ ᠪᠠᠨ ᠠᠩᠬᠠᠷᠴᠤ᠂ ᠶᠠᠮᠠᠷ ᠬᠦᠴᠢᠷᠳᠡᠯ ᠪᠣᠯᠣᠨ ᠬᠡᠷᠡᠭᠴᠡᠭᠡ ᠶᠢ ᠨᠢ ᠳᠤᠷᠠᠳᠴᠤ᠂ ᠪᠠᠶᠢᠭᠤᠯᠭ᠎ᠠ ᠨᠢᠭᠡᠴᠢ ᠠᠴᠠ ᠬᠠᠮᠤᠭ ᠤᠨ ᠶᠡᠭᠡ ᠴᠢᠷᠮᠠᠶᠢᠯᠭ᠎ᠠ ᠭᠠᠷᠭᠠᠵᠤ ᠪᠠᠶᠢᠭᠠᠳ ᠬᠠᠪᠰᠤᠷᠤᠯᠭ᠎ᠠ ᠳᠡᠮᠵᠢᠯᠭᠡ ᠦᠵᠡᠭᠦᠯᠬᠦ ᠬᠡᠷᠡᠭᠲᠡᠢ ᠭᠡᠵᠦ ᠵᠠᠬᠢᠪᠠ᠃ ᠲᠣᠬᠤᠨᠢᠭᠤᠯᠬᠤ ᠬᠤᠭᠤᠴᠠᠭᠠᠨ ᠳᠤ᠂ ᠭᠤᠤ ᠯᠢ ᠱᠧᠩ ᠨᠥᠬᠦᠷ ᠰᠢᠭᠤᠶᠢᠲᠤ ᠣᠷᠣᠨ ᠪᠠ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ ᠶᠢᠨ ᠨᠢᠭᠡ ᠵᠢᠯ ᠤᠨ ᠲᠤᠷᠰᠢᠬᠢ ᠡᠯ᠎ᠡ ᠵᠦᠢᠯ ᠤᠨ ᠠᠵᠢᠯ ᠢ ᠥᠷᠨᠢᠭᠦᠯᠦᠭᠰᠡᠨ ᠪᠠᠶᠢᠳᠠᠯ ᠪᠠ ᠣᠯᠣᠭᠰᠠᠨ ᠠᠮᠵᠢᠯᠲᠠ ᠶᠢ ᠲᠠᠨᠢᠯᠴᠠᠭᠤᠯᠬᠤ ᠶᠢᠨ ᠬᠠᠮᠲᠤ ᠲᠡᠳᠡᠨ ᠤ ᠡᠶᠢᠮᠦ ᠤᠯᠠᠨ ᠵᠢᠯ ᠨᠠᠮ ᠤᠨ ᠦᠢᠯᠡᠰ ᠪᠠ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠬᠥᠭᠵᠢᠯᠲᠡ ᠳᠤ ᠦᠵᠡᠭᠦᠯᠦᠭᠰᠡᠨ ᠬᠤᠪᠢ ᠨᠡᠮᠡᠷᠢ ᠳᠤ ᠲᠠᠯᠠᠷᠬᠠᠵᠤ ᠪᠠᠶᠢᠬᠤ ᠪᠠᠨ ᠢᠯᠡᠳᠬᠡᠵᠦ᠂ ᠲᠡᠳᠡᠨ ᠢ ᠦᠷᠭᠦᠯᠵᠢᠯᠡᠨ ᠦᠯᠡᠳᠡᠪᠦᠷᠢ ᠢᠯᠴᠢ ᠪᠠᠨ ᠪᠠᠳᠠᠷᠠᠭᠤᠯᠵᠤ᠂ ᠪᠡᠶ᠎ᠡ ᠰᠡᠳᠬᠢᠯ ᠤᠨ ᠡᠷᠡᠭᠦᠯ ᠴᠢᠭᠢᠷᠠᠭ᠂ ᠥᠲᠡᠯᠦᠭᠡ ᠨᠠᠰᠤ ᠪᠠᠨ ᠠᠮᠤᠷ ᠲᠠᠶᠢᠪᠤᠩ ᠥᠩᠭᠡᠷᠡᠭᠦᠯᠦᠭᠰᠡᠨ ᠤᠷᠢᠲᠠᠯ ᠳᠣᠣᠷ᠎ᠠ᠂ ᠰᠢᠭᠤᠶᠢᠲᠤ ᠣᠷᠣᠨ ᠤ ᠬᠥᠮᠥᠰ ᠢ ᠢᠯᠡᠭᠦᠬᠡᠨ ᠡᠷᠬᠢᠨ ᠦᠵᠡᠵᠦ᠂ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠪᠤᠷᠢ ᠶᠢᠨ ᠬᠥᠭᠵᠢᠯᠲᠡ ᠳᠤ ᠠᠷᠭ᠎ᠠ ᠤᠬᠠᠭᠠᠨ ᠭᠠᠷᠭᠠᠵᠤ᠂ ᠠᠵᠢᠯ ᠤᠨ ᠪᠠᠶᠢᠷᠢ ᠠᠴᠠ ᠪᠠᠨ ᠰᠠᠯᠬᠤ ᠦᠭᠡᠢ ᠨᠠᠮ ᠠᠴᠠ ᠰᠠᠯᠬᠤ ᠦᠭᠡᠢ᠂ ᠠᠵᠢᠯ ᠠᠴᠠ ᠪᠠᠨ ᠠᠮᠠᠷᠠᠬᠤ ᠳᠤ ᠥᠩᠭᠡ ᠤᠨᠠᠬᠤ ᠦᠭᠡᠢ ᠵᠣᠷᠢᠭ ᠰᠠᠨᠠᠭ᠎ᠠ ᠶᠢ ᠦᠷᠭᠦᠯᠵᠢᠯᠡᠨ ᠪᠠᠳᠠᠷᠠᠭᠤᠯᠵᠤ᠂ ᠡᠴᠦᠰ ᠲᠡᠭᠡᠨ ᠲᠡᠳᠡᠨ ᠳᠤ ᠰᠢᠨ᠎ᠡ ᠵᠢᠯ ᠤᠨ ᠵᠥᠩᠨᠡᠯ ᠪᠠ ᠲᠣᠬᠤᠨᠢᠭᠤᠯᠬᠤ ᠪᠣᠳᠠᠰ ᠬᠦᠷᠭᠡᠭᠡᠷᠡᠢ ᠭᠡᠵᠦ ᠵᠣᠷᠢᠭᠵᠢᠭᠤᠯᠪᠠ᠃
1707211786467028822.jpg
        ᠲᠣᠰ ᠤᠳᠠᠭᠠᠨ ᠤ ᠴᠠᠭᠠᠨ ᠰᠠᠷ᠎ᠠ ᠠᠴᠠ ᠡᠮᠦᠨ᠎ᠡ ᠡᠷᠬᠢᠨ ᠦᠵᠡᠵᠦ ᠲᠣᠬᠤᠨᠢᠭᠤᠯᠬᠤ ᠪᠠᠷ ᠳᠠᠮᠵᠢᠭᠤᠯᠤᠨ᠂ ᠨᠠᠮ ᠤᠨ ᠬᠠᠶᠢᠷ᠎ᠠ ᠬᠠᠯᠠᠮᠵᠢ ᠶᠢ ᠲᠡᠳᠡᠨ ᠤ ᠭᠠᠷ ᠲᠤ ᠬᠦᠷᠭᠡᠵᠦ᠂ ᠵᠣᠬᠢᠶᠠᠨ ᠪᠠᠶᠢᠭᠤᠯᠤᠯᠲᠠ ᠶᠢᠨ ᠬᠠᠯᠠᠮᠵᠢᠯᠠᠯ ᠪᠠ ᠨᠠᠮ ᠤᠨ ᠭᠡᠰᠢᠭᠦᠨ ᠤ ᠬᠤᠭᠤᠷᠣᠨᠳᠣᠬᠢ ᠦᠨᠡᠨ ᠰᠡᠳᠬᠢᠯᠭᠡ ᠶᠢ ᠢᠯᠡᠷᠡᠭᠦᠯᠵᠦ᠂ ᠰᠢᠭᠤᠶᠢᠲᠤ ᠣᠷᠣᠨ ᠤ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ ᠬᠢᠭᠡᠳ ᠠᠵᠢᠯ ᠠᠴᠠ ᠪᠠᠨ ᠠᠮᠠᠷᠠᠭᠰᠠᠨ ᠠᠬᠠᠮᠠᠳ ᠨᠠᠮ ᠤᠨ ᠭᠡᠰᠢᠭᠦᠨ ᠤ ᠬᠤᠭᠤᠷᠣᠨᠳᠣᠬᠢ ᠨᠢᠭᠲᠠ ᠬᠠᠷᠢᠯᠴᠠᠭ᠎ᠠ ᠶᠢ ᠴᠢᠩᠭᠠᠳᠬᠠᠵᠤ᠂ ᠠᠵᠢᠯ ᠠᠴᠠ ᠪᠠᠨ ᠠᠮᠠᠷᠠᠭᠰᠠᠨ ᠠᠬᠠᠮᠠᠳ ᠨᠠᠮ ᠤᠨ ᠭᠡᠰᠢᠭᠦᠨ ᠤ ᠵᠣᠯ ᠵᠢᠷᠭᠠᠯᠲᠤ ᠰᠡᠳᠬᠢᠯᠭᠡ ᠪᠠ ᠬᠠᠷᠢᠶᠠᠯᠠᠭᠳᠠᠬᠤ ᠰᠡᠳᠬᠢᠯᠭᠡ ᠶᠢ ᠳᠡᠭᠡᠭᠰᠢᠯᠡᠭᠦᠯᠵᠦ᠂ ᠨᠠᠮ ᠤᠨ ᠵᠣᠬᠢᠶᠠᠨ ᠪᠠᠶᠢᠭᠤᠯᠤᠯᠲᠠ ᠶᠢᠨ ᠤᠷᠢᠶᠠᠯᠠᠬᠤ ᠬᠦᠴᠦᠨ᠂ ᠨᠢᠭᠲᠠᠷᠠᠯ ᠤᠨ ᠬᠦᠴᠦᠨ ᠪᠠ ᠲᠥᠪᠯᠡᠩᠭᠦᠶ ᠬᠦᠴᠦᠨ ᠢ ᠤᠯᠠᠮ ᠨᠢᠭᠡ ᠠᠯᠬᠤᠮ ᠴᠢᠩᠭᠠᠳᠬᠠᠪᠠ᠃
 
ᠢᠷᠡᠯᠲᠡ᠄ ᠰᠢᠭᠤᠶᠢᠲᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号