ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤᠳᠬᠠᠬᠤ᠄ ᠤᠷᠤᠯᠳᠤᠭᠠᠨ ᠤ ᠲᠠᠯᠠᠪᠠᠢ ᠶᠢᠨ ᠳᠣᠲᠣᠨ᠎ᠠ ᠭᠠᠳᠠᠨ᠎ᠠ ᠥᠷᠭᠡᠨ ᠢᠶᠠᠷ ᠨᠠᠶᠢᠵᠠᠯᠠᠬᠤ — ᠦᠨᠳᠦᠰᠦᠲᠡᠨ ᠨᠦᠭᠦᠳ ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠤᠨ ᠶᠡᠭᠡ ᠲᠠᠪᠴᠠᠩ
ᠨᠡᠶᠢᠲᠡᠯᠡᠭᠰᠡᠨ ᠴᠠᠭ᠄
2024/12/9
        ᠤᠷᠤᠯᠳᠤᠭᠠᠨ ᠤ ᠲᠠᠯᠠᠪᠤᠷ ᠲᠤ ᠡᠷᠡᠯᠬᠡᠭᠯᠡᠨ ᠲᠡᠮᠡᠴᠡᠵᠦ᠂ ᠤᠷᠤᠯᠳᠤᠭᠠᠨ ᠤ ᠲᠠᠯᠠᠪᠤᠷ ᠤᠨ ᠭᠠᠳᠠᠨ᠎ᠠ ᠬᠠᠷᠢᠯᠴᠠᠨ ᠰᠣᠯᠢᠯᠴᠠᠵᠤ᠂ ᠨᠥᠬᠦᠷᠯᠡᠯ ᠢᠶᠠᠨ ᠵᠤᠵᠠᠭᠠᠳᠬᠠᠨ᠎ᠠ᠃ ᠦᠨᠳᠦᠰᠦᠲᠡᠨ ᠨᠦᠭᠦᠳ ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠤᠨ ᠶᠡᠭᠡ ᠲᠠᠪᠴᠠᠩ ᠪᠣᠯᠤᠭᠰᠠᠨ ᠤ ᠬᠤᠪᠢ ᠳᠤ᠂ ᠠᠷᠪᠠᠨ ᠬᠤᠶᠠᠳᠤᠭᠠᠷ ᠬᠤᠭᠤᠴᠠᠭᠠᠨ ᠤ ᠪᠦᠬᠦ ᠤᠯᠤᠰ ᠤᠨ ᠴᠥᠭᠡᠨ ᠲᠣᠭᠠᠲᠤ ᠦᠨᠳᠦᠰᠦᠲᠡᠨ ᠤ ᠤᠯᠠᠮᠵᠢᠯᠠᠯᠲᠤ ᠪᠡᠶ᠎ᠡ ᠶᠢᠨ ᠲᠠᠮᠢᠷ ᠤᠨ ᠴᠤᠭᠯᠠᠭᠠᠨ ᠤ ᠬᠤᠭᠤᠴᠠᠭᠠᠨ ᠳᠤ᠂ ᠤᠷᠤᠯᠳᠤᠭᠠᠨ ᠤ ᠲᠠᠯᠠᠪᠠᠢ ᠶᠢᠨ ᠳᠣᠲᠣᠨ᠎ᠠ ᠭᠠᠳᠠᠨ᠎ᠠ ᠭᠠᠵᠠᠷ ᠪᠣᠯᠭᠠᠨ ᠳᠤ ᠦᠨᠳᠦᠰᠦᠲᠡᠨ ᠨᠦᠭᠦᠳ ᠤᠨ ᠬᠠᠷᠢᠯᠴᠠᠨ ᠰᠤᠷᠤᠯᠴᠠᠵᠤ᠂ ᠰᠣᠯᠢᠯᠴᠠᠭ᠎ᠠ ᠬᠢᠭᠰᠡᠨ ᠠᠮᠢᠳᠤᠯᠢᠭ ᠵᠢᠷᠤᠭ ᠵᠢᠷᠤᠭᠯᠠᠭᠳᠠᠵᠤ ᠂ ᠦᠵᠡᠰᠬᠦᠯᠡᠩᠲᠦ ᠰᠠᠶᠢᠬᠠᠨ ᠦᠵᠡᠮᠵᠢ ᠪᠤᠢ ᠪᠣᠯᠤᠭᠰᠠᠨ ᠪᠠᠶᠢᠨ᠎ᠠ᠃        ︽ᠪᠥᠮᠪᠦᠭᠡ︾ ᠪᠠᠷ ᠨᠠᠶᠢᠵᠠ ᠪᠣᠯᠬᠤ        ᠡᠬᠢᠯᠡᠭᠡᠳ ᠶᠡᠭᠡ ᠬᠤᠪᠢ ᠪᠠᠷ ᠲᠦᠷᠦᠭᠦᠯᠡᠵᠦ ᠪᠠᠶᠢᠭᠰᠠᠨ ᠠᠴᠠ᠂ ᠳᠠᠷᠠᠭ᠎ᠠ ᠨᠢ ᠠᠯᠳᠠᠰᠢ ᠭᠠᠷᠭᠠᠭᠰᠠᠨ  ᠠᠴᠠ ᠪᠣᠯᠵᠤ ᠦᠷᠢᠰᠦᠯᠳᠦᠭᠴᠢ ᠳᠤ ᠪᠠᠨ ᠭᠦᠢᠴᠡᠭᠳᠡᠵᠦ᠂ ᠤᠷᠲᠤ ᠬᠤᠭᠤᠴᠠᠭ᠎ᠠ ᠪᠠᠷ ᠬᠤᠪᠢ ᠲᠡᠩᠴᠡᠭᠰᠡᠨ ᠪᠣᠯᠪᠠᠴᠤ ᠡᠴᠦᠰ ᠲᠡᠭᠡᠨ ᠰᠢᠶᠠᠩᠭᠠᠩ ᠤᠨ ᠠᠩᠭᠢ ᠳᠤ ᠬᠠᠷᠠᠮᠰᠠᠯᠳᠠᠢ ᠪᠠᠷ ᠢᠯᠠᠭᠳᠠᠪᠠ — ᠲᠥᠪᠡᠳ ᠤᠨ ᠠᠩᠭᠢ ᠶᠢᠨ ᠲᠡᠪᠡᠭ ᠤᠨ ᠲᠠᠮᠢᠷᠴᠢᠨ ᠰᠡᠳᠭᠢᠯ ᠰᠠᠨᠠᠭ᠎ᠠ ᠨᠢ ᠲᠣᠭᠲᠠᠪᠤᠷᠢ ᠦᠭᠡᠢ ᠪᠣᠯᠤᠭᠰᠠᠨ ᠪᠣᠯᠪᠠᠴᠤ᠂ ᠤᠷᠤᠯᠳᠤᠭᠠᠨ ᠤ ᠳᠠᠷᠠᠭ᠎ᠠ ᠡᠰᠡᠷᠭᠦ ᠡᠲᠡᠭᠡᠳ ᠤᠨ ᠪᠡᠯᠡᠭ ᠢ ᠣᠯᠤᠭᠰᠠᠨ ᠲᠡᠷᠡ ᠮᠥᠴᠡ ᠳᠤ ᠰᠠᠨᠠᠭᠠᠨ ᠠᠴᠠ ᠭᠠᠳᠠᠭᠤᠷ ︽ᠢᠯᠢᠷᠢᠰᠢᠪᠡ︾᠃        ︽ᠰᠢᠶᠠᠩᠭᠠᠩ ᠤᠨ ᠠᠩᠭᠢ ᠮᠠᠰᠢ ᠰᠦᠷᠡᠬᠡᠢ᠂ ᠲᠡᠳᠡ ᠪᠢᠳᠡᠨ ᠳᠤ ᠪᠠᠰᠠ ᠪᠡᠯᠡᠭ ᠪᠡᠯᠡᠳᠬᠡᠨ᠎ᠡ ᠭᠡᠳᠡᠭ ᠢ ᠪᠣᠳᠣᠵᠤ ᠣᠯᠤᠭ᠎ᠠ ᠦᠭᠡᠢ᠂ ᠶᠡᠭᠡ ᠪᠠᠶᠠᠷᠯᠠᠵᠤ ᠪᠠᠶᠢᠨ᠎ᠠ︾ ᠭᠡᠪᠡ᠃ ᠰᠢᠶᠠᠩᠭᠠᠩ ᠤᠨ ᠠᠩᠭᠢ ᠶᠢᠨ ᠲᠠᠮᠢᠷᠴᠢᠳ ᠤᠨ ᠪᠡᠯᠡᠭᠯᠡᠭᠰᠡᠨ ᠶᠠᠭᠠᠨ ᠦᠩᠭᠡᠳᠡᠢ ᠲᠡᠪᠡᠭ ᠤᠨ ᠵᠡᠭᠦᠯᠳᠡ ᠶᠢ ᠣᠯᠵᠤ ᠦᠵᠡᠭᠡᠳ᠂ ᠲᠥᠪᠡᠳ ᠤᠨ ᠠᠩᠭᠢ ᠶᠢᠨ ᠲᠡᠪᠡᠭ ᠪᠥᠮᠪᠦᠭᠡ ᠶᠢᠨ ᠲᠠᠮᠢᠷᠴᠢᠨ ᠸᠧᠶ ᠱᠧᠩ ᠰᠧᠨ ᠪᠠᠶᠠᠷᠯᠠᠭᠰᠠᠨ  ᠤ ᠬᠠᠪᠢ ᠪᠠᠷ ᠪᠠᠰᠠ ᠦᠪᠡᠷ ᠤᠨ ᠪᠡᠯᠡᠭ ᠪᠡᠯᠡᠳᠬᠡᠭᠰᠡᠨ ᠦᠭᠡᠢ ᠳᠤ ᠪᠠᠨ ᠭᠤᠮᠤᠷᠬᠠᠨ ᠤᠴᠠᠭᠠᠷᠯᠠᠨ᠎ᠠ᠃ ︽ᠤᠷᠤᠯᠳᠤᠭᠠᠨ ᠤ ᠳᠠᠷᠠᠭ᠎ᠠ ᠪᠢᠳᠡ ᠰᠢᠶᠠᠩᠭᠠᠩ ᠤᠨ ᠠᠩᠭᠢ ᠲᠠᠢ ᠮᠠᠰᠢ ᠤᠯᠠᠨ ᠬᠠᠷᠢᠯᠴᠠᠨ ᠵᠣᠷᠢᠭᠵᠢᠭᠤᠯᠬᠤ ᠶᠠᠷᠢᠶ᠎ᠠ ᠲᠡᠯᠭᠡᠭᠰᠡᠨ᠂ ᠰᠡᠭᠦᠯᠡᠷ ᠢᠯᠡᠭᠦᠬᠡᠨ ᠵᠠᠪᠰᠢᠶᠠᠨ ᠣᠯᠵᠤ ᠲᠡᠳᠡᠨ ᠲᠠᠢ ᠤᠷᠤᠯᠳᠤᠨ᠂ ᠰᠤᠯᠢᠯᠴᠠᠭ᠎ᠠ ᠬᠢᠬᠦ ᠶᠢ ᠬᠦᠰᠡᠵᠦ ᠪᠠᠶᠢᠨ᠎ᠠ︾ ᠭᠡᠵᠦ ᠬᠡᠯᠡᠪᠡ᠃
微信图片_20241209110109.jpg
        11 ᠳ᠋ᠦ᠋ᠭᠡᠷ ᠰᠠᠷ᠎ᠠ ᠶᠢᠨ 24 ᠤ ᠡᠳᠦᠷ᠂ ᠱᠠᠨᠳᠦ᠋ᠩ ᠤᠨ ᠠᠩᠬᠢ ᠰᠢᠨᠵᠢᠶᠠᠩ ᠤᠨ ᠠᠩᠬᠢ ᠲᠠᠢ ᠤᠷᠤᠯᠳᠤᠪᠠ᠃ ᠬᠠᠢ ᠪᠣᠣ ᠪᠦᠯᠦᠭᠯᠡᠯ ᠤᠨ ᠪᠦᠷᠢᠨ ᠵᠠᠭᠤᠴᠢᠯᠠᠭᠤᠷ ᠤᠨ ᠰᠤᠷᠪᠤᠯᠵᠢᠯᠠᠭᠴᠢ  ᠼᠤᠤ ᡁᠢ ᠰᠡᠭᠦᠳᠡᠷᠯᠡᠪᠡ        11 ᠳ᠋ᠦ᠋ᠭᠡᠷ ᠰᠠᠷ᠎ᠠ ᠶᠢᠨ 24 ᠤ ᠡᠳᠦᠷ ᠤᠨ ᠦᠳᠡ ᠶᠢᠨ ᠡᠮᠦᠨ᠎ᠡ᠂ ᠱᠠᠨᠳᠦ᠋ᠩ ᠤᠨ ᠠᠩᠭᠢ ᠡᠷᠡᠭᠲᠡᠢ ᠶᠢᠨ ᠰᠤᠪᠤᠳ ᠤᠨ ᠪᠥᠮᠪᠦᠭᠡ ᠶᠢᠨ ᠬᠤᠶᠠᠳᠤᠭᠠᠷ ᠡᠭᠡᠯᠵᠢ ᠶᠢᠨ ᠳᠤᠭᠤᠢᠯᠠᠩ ᠤᠨ ᠤᠷᠤᠯᠳᠤᠭᠠᠨ ᠳᠤ 30᠄ 26 ᠪᠠᠷ ᠰᠢᠨᠵᠢᠶᠠᠩ ᠤᠨ ᠠᠩᠭᠢ ᠶᠢ ᠢᠯᠠᠪᠠ᠃ ᠤᠷᠤᠯᠳᠤᠭᠠᠨ ᠳᠠᠭᠤᠰᠤᠭᠰᠠᠨ ᠤ ᠳᠠᠷᠠᠭ᠎ᠠ᠂ ᠬᠤᠶᠠᠷ ᠲᠠᠯ᠎ᠠ ᠪᠠᠷ ᠢᠶᠠᠨ ᠰᠠᠨ ᠶᠠ ᠮᠠᠰᠲ᠋ᠧᠷ ᠤᠨ ᠳᠡᠭᠡᠳᠦ ᠰᠤᠷᠭᠠᠭᠤᠯᠢ ᠶᠢᠨ ᠪᠡᠶ᠎ᠡ ᠶᠢᠨ ᠲᠠᠮᠢᠷ ᠤᠨ ᠣᠷᠳᠣᠨ ᠤ ᠭᠠᠳᠠᠨ᠎ᠠ ᠪᠡᠯᠡᠭ ᠰᠣᠯᠢᠯᠴᠠᠵᠤ᠂ ᠱᠠᠨᠳᠦ᠋ᠩ ᠤᠨ ᠠᠩᠭᠢ ᠨᠥᠬᠦᠭᠡ ᠠᠩᠭᠢ ᠳᠤ ᠪᠠᠨ ᠯᠦ ᠪᠠᠨ ᠤ ᠣᠨᠢᠰᠤ ᠬᠦᠷᠭᠡᠵᠦ᠂ ᠰᠢᠨᠵᠢᠶᠠᠩ ᠤᠨ ᠠᠩᠭᠢ ᠲᠣᠷᠭ᠎ᠠ ᠳᠤᠷᠳᠤᠩ ᠤᠨ ᠵᠠᠮ ᠢ ᠪᠡᠯᠭᠡᠳᠡᠭᠰᠡᠨ ᠲᠡᠮᠡᠭᠡᠨ ᠬᠡᠦᠬᠡᠯᠳᠡᠢ ᠶᠢ ᠬᠠᠷᠢᠭᠤ ᠪᠡᠯᠡᠭ ᠪᠣᠯᠭᠠᠨ ᠬᠦᠷᠭᠡᠵᠡᠢ᠃ ᠳᠠᠷᠠᠭ᠎ᠠ ᠨᠢ ᠬᠠᠷᠢᠯᠴᠠᠨ ᠤᠷᠢᠯᠴᠠᠵᠤ᠂ ᠰᠠᠯᠵᠤ ᠶᠠᠳᠠᠨ ᠪᠤᠴᠠᠵᠠᠭᠠᠪᠠ᠃        ︽ᠡᠨᠠᠭᠦ ᠣᠷᠣᠯᠲᠣᠭᠠᠨ ᠨᠢ ᠪᠢᠳᠡᠨ ᠢ ᠰᠢᠠᠵᠢᠶᠠᠩ ᠤᠨ ᠠᠩᠭᠢ ᠲᠠᠢ ᠨᠢᠭᠡ ᠤᠳᠠᠭᠠᠨ ᠤ ᠨᠦᠬᠦᠷᠰᠡᠭ ᠰᠣᠯᠢᠯᠴᠠᠭ᠎ᠠ ᠲᠠᠢ ᠪᠣᠯᠭᠠᠵᠠᠢ᠂ ᠪᠢᠲᠠ ᠡᠨᠠ ᠤᠳᠠᠭᠠᠨ ᠤ ᠠᠵᠠ ᠳᠣᠭᠢᠶᠠᠯ ᠢ ᠶᠡᠬᠡᠪᠡᠷ ᠡᠷᠬᠢᠮᠯᠡᠨ ᠨᠠᠨᠳᠢᠩᠨᠠᠵᠤ ᠪᠤᠢ︾ ᠭᠡᠵᠦ ᠱᠠᠨᠳᠦ᠋ᠩ ᠤᠨ ᠠᠩᠬᠢ ᠶᠢᠨ ᠲᠠᠮᠢᠷᠴᠢᠨ ᠯᠢ ᠭᠥᠸᠧ ᠴᠢᠨ ᠬᠡᠯᠡᠪᠡ᠃        ᠰᠢᠨᠵᠢᠶᠠᠩ ᠤᠨ ᠠᠩᠭᠢ ᠶᠢᠨ ᠲᠠᠮᠢᠷᠴᠢᠨ ᠠᠨᠢᠺᠠᠷ᠄ ︽ᠤᠳᠠᠭ᠎ᠠ ᠪᠤᠯᠭᠠᠨ ᠪᠥᠮᠪᠦᠭᠡ ᠨᠠᠭᠠᠳᠤᠭᠠᠳ ᠶᠠᠮᠠᠷ ᠵᠦᠷᠢᠴᠡᠯ ᠭᠠᠷᠤᠭᠰᠠᠨ ᠴᠤ ᠭᠡᠯ᠎ᠡ᠂ ᠡᠰᠡᠷᠭᠦ ᠡᠲᠡᠭᠡᠳ ᠮᠦᠨ ᠯᠡ ᠨᠠᠶᠢᠷᠰᠠᠭ ᠢᠶᠠᠷ ᠠᠰᠠᠭᠤᠳᠠᠯ ᠢ ᠰᠢᠢᠳᠪᠦᠷᠢᠯᠡᠳᠡᠭ᠂ ᠡᠨᠡ ᠤᠳᠠᠭᠠᠨ ᠤ ᠤᠷᠤᠯᠳᠤᠭᠠᠨ ᠢᠶᠠᠷ ᠲᠠᠮᠵᠢᠭᠠᠳ ᠪᠢ ᠪᠠᠰᠠ ᠱᠠᠨᠳᠦ᠋ᠩ ᠤᠨ ᠣᠯᠠᠨ ᠰᠠᠶᠢᠨ ᠨᠠᠶᠢᠵᠠ ᠲᠠᠢ ᠪᠣᠯᠵᠠᠢ ︾ ᠭᠡᠵᠦ ᠪᠠᠶᠢᠪᠠ᠃        ︽ᠰᠢᠬᠢᠷ︾ ᠢᠶᠠᠷ ᠰᠡᠳᠬᠢᠯ ᠢ ᠳᠤᠯᠠᠭᠠᠴᠠᠭᠤᠯᠬᠤ        11 ᠳ᠋ᠦ᠋ᠭᠡᠷ ᠰᠠᠷ᠎ᠠ ᠶᠢᠨ 23 ᠤ ᠡᠳᠦᠷ ᠤᠨ ᠦᠳᠡ ᠶᠢᠨ ᠬᠤᠶᠢᠨ᠎ᠠ ᠶᠠᠪᠤᠭᠳᠠᠭᠰᠠᠨ 61 ᠺᠢᠯᠣᠭ᠍ᠷᠠᠮ ᠤᠨ ᠲᠠᠰ ᠤᠨ ᠲᠡᠭᠡᠰᠦ ᠲᠠᠳᠠᠬᠤ ᠤᠷᠤᠯᠳᠤᠭᠠᠨ ᠳᠤ 25 ᠨᠠᠰᠤᠲᠠᠶ ᠭᠤᠸᠠᠩᠳᠦ᠋ᠩ ᠤᠨ ᠲᠠᠮᠢᠷᠴᠢᠨ ᠳ᠋ᠧᠩ ᠾᠦᠢ ᠯᠦᠩ ᠂ ᠰᠢᠨᠵᠢᠶᠠᠩ ᠤᠨ ᠠᠬᠠᠮᠠᠳ ᠲᠠᠮᠢᠷᠴᠢᠨ ᠶᠧᠷᠰᠡᠨ᠂ ᠬᠠᠷᠧᠶ᠋ᠢᠪᠠ ᠲᠠᠢ ᠤᠷᠤᠯᠳᠤᠵᠤ᠂ ᠳ᠋ᠧᠩ ᠾᠦᠢ ᠯᠦᠩ ᠤᠷᠤᠯᠳᠤᠭᠠᠨ ᠳᠤ ᠢᠯᠠᠯᠲᠠ ᠣᠯᠵᠠᠶ᠃        ᠤᠷᠤᠯᠳᠤᠭᠠᠨ ᠳᠠᠭᠤᠰᠴᠤ᠂ ᠬᠢᠨᠠᠭᠴᠢ ᠶᠢᠨ ᠭᠠᠷ ᠳ᠋ᠧᠩ ᠾᠦᠢ ᠯᠦᠩ ᠤᠷᠤᠭᠤ ᠴᠢᠭᠯᠡᠵᠦ᠂ ᠲᠡᠭᠦᠨ ᠤ ᠢᠯᠠᠭᠰᠠᠨ ᠢ ᠨᠡᠶᠢᠳᠡᠯᠡᠬᠦ ᠦᠶ᠎ᠡ ᠳᠤ ᠲᠠᠶᠢᠰᠠᠨ ᠲᠣᠣᠷ᠎ᠠ ᠠᠯᠠᠭ᠎ᠠ ᠲᠠᠰᠢᠬᠤ ᠳᠠᠭᠤᠨ ᠨᠢᠵᠢᠭᠢᠨᠡᠪᠡ᠃ ᠳ᠋ᠧᠩ ᠾᠦᠢ ᠯᠦᠩ ᠰᠡᠳᠬᠢᠯ ᠲᠣᠭᠳᠤᠯᠤᠨ ᠬᠤᠶᠠᠷ ᠭᠠᠷ ᠢᠶᠠᠨ ᠥᠨᠳᠥᠷ ᠲᠤ ᠡᠷᠭᠦᠵᠦ ᠬᠦᠭᠰᠡᠨ ᠪᠠᠶᠠᠷᠯᠠᠵᠤ ᠪᠠᠶᠢᠭᠰᠠᠨ  ᠠᠴᠠ ᠪᠠᠨ ᠲᠠᠷᠠᠭ᠎ᠠ ᠨᠢᠭᠡ ᠰᠧᠺᠦ᠋ᠨ᠋ᠳ᠋ ᠳᠤ ᠨᠢ ᠭᠡᠨᠡᠳᠳᠡ ᠪᠡᠶ᠎ᠡ ᠨᠢ ᠲᠠᠮᠢᠷᠳᠠᠨ ᠵᠦᠭᠡᠯᠡᠷᠡᠵᠦ᠂ ᠭᠠᠵᠠᠷ ᠤᠨᠠᠪᠠ᠃
微信图片_20241209110118.png
        11 ᠳ᠋ᠦ᠋ᠭᠡᠷ ᠰᠠᠷ᠎ᠠ ᠶᠢᠨ 23 ᠤ ᠡᠳᠦᠷ᠂ 61 ᠺᠯᠦᠭᠷᠠᠮ ᠳᠡᠰ ᠤᠨ ᠨᠢᠭᠡᠳᠦᠭᠡᠷ ᠱᠠᠲᠤᠨ ᠤ ᠤᠷᠤᠯᠳᠤᠭᠠᠨ ᠳᠤ ᠲᠥᠪᠡᠳ ᠤᠨ ᠠᠩᠭᠢ ᠶᠢᠨ ᠲᠠᠮᠢᠷᠴᠢᠨ ᠳ᠋ᠠᠨ ᠽᠧᠩ ᠨᠢᠶᠠᠨ ᠵᠠ ︵ᠪᠠᠷᠠᠭᠤᠨ ) ᠪᠣᠯᠤᠨ ᠬᠠᠶᠢᠨᠠᠨ ᠤ ᠠᠩᠭᠢ ᠶᠢᠨ ᠲᠠᠮᠢᠷᠴᠢᠨ ᠭᠤᠣ ᠶᠠ ᠾᠧ ᠤᠷᠤᠯᠳᠤᠵᠤ ᠪᠠᠶᠢᠭ᠎ᠠ ᠨᠢ᠃ ᠪᠡᠶ᠎ᠡ ᠶᠢᠨ ᠲᠠᠮᠢᠷ ᠤᠨ ᠴᠤᠭᠯᠠᠭᠠᠨ ᠤ ᠰᠦᠯᠵᠢᠶᠡᠨ ᠳᠡᠭᠡᠷᠡᠬᠢ ᠰᠣᠨᠢᠨ ᠮᠡᠳᠡᠭᠡᠨ ᠤ ᠲᠥᠪ ᠤᠨ ᠰᠢᠨᠬᠤᠸᠠ ᠬᠤᠷᠢᠶᠠᠨ ᠤ ᠰᠤᠷᠪᠤᠯᠵᠢᠯᠠᠭᠴᠢ  ᠶᠠᠩ ᠭᠤᠸᠠᠨ ᠢᠦᠢ  ᠰᠡᠭᠦᠳᠡᠷᠯᠡᠪᠡ        ᠲᠡᠭᠡᠰᠦ ᠲᠠᠳᠠᠬᠤ ᠤᠷᠤᠯᠳᠤᠭᠠᠨ ᠨᠢ ᠲᠠᠮᠢᠷᠴᠢᠳ ᠤᠨ ᠪᠡᠶ᠎ᠡ ᠶᠢᠨ ᠬᠡᠪ ᠴᠢᠨᠠᠷ ᠪᠠ ᠲᠡᠰᠦᠷᠡᠬᠦ ᠬᠦᠴᠦᠨ ᠢ ᠮᠠᠰᠢ ᠰᠢᠯᠭᠠᠳᠠᠭ᠃ ᠤᠷᠤᠯᠳᠤᠭᠠᠨ ᠤ ᠳᠤᠮᠳᠠ᠂ ᠲᠠᠮᠢᠷᠴᠢᠳ ᠲᠦᠷᠭᠡᠪᠴᠢᠯᠡᠨ ᠬᠦᠳᠡᠯᠦᠯᠴᠡᠵᠦ᠂ ᠴᠢᠩᠭ᠎ᠠ ᠰᠢᠷᠦᠭᠦᠨ ᠲᠡᠮᠡᠴᠡᠯᠳᠦᠵᠦ᠂ ᠭᠱᠠᠨ ᠵᠠᠭᠤᠷ᠎ᠠ ᠶᠢᠨ ᠲᠡᠰᠦᠷᠡᠬᠦ ᠬᠦᠴᠦ ᠪᠣᠯᠤᠨ ᠤᠷᠲᠤ ᠬᠤᠭᠤᠴᠠᠭᠠᠨ ᠤ ᠳᠠᠷᠤᠯᠲᠠ ᠨᠢ ᠴᠥᠮ ᠲᠠᠮᠢᠷᠴᠢᠨ ᠤ ᠬᠦᠵᠦᠭᠦᠨ ᠤ ᠬᠡᠰᠡᠭ ᠲᠤ ᠯᠤᠲᠤ ᠶᠡᠭᠡ ᠰᠤᠴᠢᠮᠠᠭ ᠳᠠᠷᠤᠯᠲᠠ ᠦᠵᠡᠭᠦᠯᠳᠡᠭ᠃        ︽ᠲᠤᠬᠠᠢ ᠶᠢᠨ ᠦᠶ᠎ᠡ ᠳᠤ ᠨᠢᠳᠦ ᠬᠠᠷᠠᠩᠭᠤᠶᠢᠯᠠᠵᠤ᠂ ᠰᠦᠨᠢ ᠪᠤᠯᠤᠭᠰᠠᠨ ᠶᠤᠮ ᠰᠢᠭ᠋᠂ ᠨᠢᠷᠤᠭᠤᠨ ᠠᠴᠠ ᠪᠠᠨ ᠳᠥᠷᠪᠡᠨ ᠮᠥᠴᠢ ᠬᠦᠷᠲᠡᠯ᠎ᠡ ᠪᠦᠷ ᠮᠢᠨᠴᠦᠷᠡᠵᠦ᠂ ᠪᠦᠬᠦ ᠪᠡᠶᠡᠨ ᠤ ᠪᠤᠯᠴᠢᠩ ᠰᠢᠷᠪᠦᠰᠦ ᠮᠢᠨᠤ ᠠᠶ᠎ᠠ ᠪᠠᠷ ᠶᠠᠪᠤᠬᠤ ᠪᠠᠨ ᠪᠣᠯᠴᠢᠬᠠᠪᠠ︾ ᠭᠡᠵᠦ ᠳ᠋ᠧᠩ ᠾᠦᠢ ᠯᠦᠩ ᠬᠡᠯᠡᠪᠡ᠃        ᠪᠡᠶ᠎ᠡ ᠨᠢ ᠬᠡᠪ ᠤᠨ ᠪᠠᠶᠢᠳᠠᠯ ᠳᠠᠭᠠᠨ ᠪᠤᠴᠠᠭᠰᠠᠨ ᠤ ᠳᠠᠷᠠᠭ᠎ᠠ᠂ ᠳ᠋ᠧᠩ ᠾᠦᠢ ᠯᠦᠩ ᠰᠠᠶ᠋ᠢ ᠲᠥᠪᠡᠳ ᠤᠨ ᠠᠩᠭᠢ ᠶᠢᠨ ᠠᠬ᠎ᠠ ᠳᠡᠭᠦᠦ ᠲᠡᠭᠦᠨ ᠳᠤ ᠥᠪᠡᠷ ᠤᠨ ᠪᠡᠶ᠎ᠡ ᠳᠡᠭᠡᠨ ᠠᠪᠴᠤ ᠪᠠᠶᠢᠭᠰᠠᠨ ᠦᠵᠦᠮ ᠤᠨ ᠰᠢᠬᠢᠷ ᠢᠶᠠᠨ ᠢᠳᠡᠭᠦᠯᠦᠭᠰᠡᠨ ᠢ ᠮᠡᠳᠡᠵᠦ᠂ ︽ᠮᠠᠰᠢ ᠲᠠᠯᠠᠷᠬᠠᠵᠤ᠂ ᠮᠠᠰᠢ ᠰᠡᠳᠬᠢᠯ ᠬᠦᠳᠡᠯᠦᠭᠰᠡᠨ︾ ᠭᠡᠵᠦ ᠪᠠᠶᠢᠯ᠎ᠠ᠃
微信图片_20241209110122.png
        11 ᠳ᠋ᠦ᠋ᠭᠡᠷ ᠰᠠᠷ᠎ᠠ ᠶᠢᠨ 24 ᠤ ᠡᠳᠦᠷ ᠦᠨᠳᠦᠰᠦᠲᠡᠨ ᠤ ᠪᠡᠶ᠎ᠡ ᠴᠢᠭᠢᠷᠠᠭᠵᠢᠭᠤᠯᠬᠤ ᠲᠠᠮᠢᠷ ᠤᠨ ᠤᠷᠤᠯᠳᠤᠭᠠᠨ ᠲᠠᠭᠤᠰᠤᠭᠰᠠᠨ ᠤ ᠳᠠᠷᠠᠭ᠎ᠠ᠂ ᠭᠦᠢᠵᠧᠦ ᠶᠢᠨ ᠲᠥᠯᠥᠭᠡᠯᠡᠭᠴᠢᠳ ᠤᠨ ᠪᠦᠯᠬᠦᠮ ᠤᠨ ᠲᠠᠮᠢᠷᠴᠢᠳ ᠪᠣᠯᠤᠨ ᠲᠠᠶᠢᠸᠠᠨ ᠤ ᠴᠥᠭᠡᠨ ᠲᠣᠭᠠᠲᠤ ᠦᠨᠳᠦᠰᠦᠲᠡᠨ ᠤ ᠲᠥᠯᠥᠭᠡᠯᠡᠭᠴᠢᠳ ᠤᠨ ᠪᠦᠯᠬᠦᠮ ᠤᠨ ᠲᠠᠮᠢᠷᠴᠢᠳ ᠬᠠᠮᠲᠤ ᠶᠢᠨ ᠰᠡᠭᠦᠳᠡᠷ ᠲᠠᠲᠠᠭᠤᠯᠵᠤ ᠳᠤᠷᠠᠰᠬᠠᠯ ᠦᠯᠡᠳᠡᠭᠡᠪᠡ᠃ ᠰᠢᠦᠢ ᠯᠢᠩ ᠢᠦᠢ ᠰᠡᠭᠦᠲᠡᠷᠯᠡᠪᠡ        ᠲᠡᠭᠡᠰᠦ ᠲᠠᠳᠠᠬᠤ ᠤᠷᠤᠯᠳᠤᠭᠠᠨ ᠨᠢ ᠪᠠᠶᠠᠷ ᠪᠠᠶᠠᠰᠤᠯ ᠪᠣᠯᠤᠨ ᠡᠶ᠎ᠡ ᠵᠣᠬᠢᠴᠠᠯ ᠢ ᠳᠠᠮᠵᠢᠭᠤᠯᠬᠤ ᠶᠢᠨ ᠬᠠᠮᠲᠤ ᠪᠠᠰᠠ ᠡᠯ᠎ᠡ ᠦᠨᠳᠦᠰᠦᠲᠡᠨ ᠤ ᠨᠥᠬᠦᠷᠯᠡᠯ ᠤᠨ ᠬᠥᠭᠦᠷᠭᠡ  ᠶᠢ ᠪᠤᠰᠬᠠᠵᠤ ᠪᠠᠶᠢᠨ᠎ᠠ᠃ ᠳ᠋ᠧᠩ ᠾᠦᠢ ᠯᠦᠩ ᠢᠯᠡᠷᠬᠡᠶᠢᠯᠡᠬᠦ ᠳᠡᠭᠡᠨ᠂ ᠡᠨᠡ ᠤᠳᠠᠭᠠᠨ ᠤ ᠤᠷᠤᠯᠳᠤᠭᠠᠨ ᠳᠤ ᠲᠡᠷᠡ ᠲᠥᠪᠡᠳ᠂ ᠥᠪᠥᠷ ᠮᠣᠩᠭᠤᠯ᠂ ᠰᠢᠨᠵᠢᠶᠠᠩ᠂ ᠬᠤᠨᠠᠨ᠂ ᠾᠧᠪᠸᠢ᠂ ᠶᠦᠨᠨᠠᠨ ᠵᠡᠷᠭᠡ ᠡᠯ᠎ᠡ ᠮᠤᠵᠢ ᠣᠷᠣᠨ᠂ ᠦᠨᠳᠦᠰᠦᠲᠡᠨ ᠨᠦᠭᠦᠳ ᠤᠨ ᠰᠠᠶᠢᠨ ᠨᠠᠶᠢᠵᠠ ᠲᠠᠢ ᠲᠠᠨᠢᠯᠴᠠᠵᠠᠢ᠃ ᠤᠷᠤᠯᠳᠤᠭᠠᠨ ᠳᠤ ᠬᠠᠶᠢᠨᠠᠨ ᠤ ᠳᠠᠰᠬᠠᠯᠵᠢᠭᠤᠯᠤᠭᠴᠢ ᠴᠤ ᠲᠡᠭᠦᠨ ᠳᠤ ᠦᠷᠭᠦᠯᠵᠢ ᠲᠡᠭᠦᠨ ᠳᠤ ᠤᠷᠮ᠎ᠠ ᠬᠠᠶᠢᠷᠠᠯᠠᠵᠤ᠂ ᠲᠡᠭᠦᠨ ᠢ ᠵᠠᠪᠠᠯ ᠵᠣᠷᠢᠭᠳᠠᠢ ᠪᠠᠷᠢᠮᠳᠠᠯᠠᠭᠠᠷᠠᠢ ᠭᠡᠵᠦ ᠵᠣᠷᠢᠭᠵᠢᠭᠤᠯᠳᠠᠭ᠂ ᠲᠡᠭᠦᠨ ᠤ ᠰᠡᠳᠬᠢᠭᠳᠡᠯ ᠲᠥᠷᠥᠭᠳᠡᠯ ᠨᠢ ᠮᠠᠰᠢ ᠭᠦᠨ ᠵᠤᠵᠠᠭᠠᠨ ᠪᠠᠶᠢᠵᠤ᠂ ᠬᠤᠶᠢᠰᠢᠳᠠ ᠨᠡᠩ ᠤᠯᠠᠨ ᠠᠵᠢᠯᠯᠠᠭ᠎ᠠ ᠥᠷᠨᠢᠭᠦᠯᠵᠦ᠂ ᠦᠨᠳᠦᠰᠦᠲᠡᠨ ᠨᠦᠭᠦᠳ ᠤᠨ ᠬᠤᠭᠤᠷᠣᠨᠳᠣᠬᠢ ᠰᠣᠯᠢᠯᠴᠠᠭ᠎ᠠ ᠪᠠ ᠬᠤᠷᠰᠢᠯᠴᠠᠭ᠎ᠠ ᠶᠢ ᠠᠬᠢᠭᠤᠯᠬᠤ ᠶᠢ ᠬᠦᠰᠡᠵᠦ ᠪᠠᠶᠢᠨ᠎ᠠ ᠭᠡᠪᠡ᠃ 
 
ᠢᠷᠡᠯᠲᠡ᠄ ᠰᠢᠭᠤᠶᠢᠲᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号