ᠥᠮᠡᠨ︕ ᠥᠮᠡᠨ ᠡᠭᠦᠰᠭᠡᠬᠦ ᠪᠣᠳᠠᠰ︕ ᠪᠢᠳᠡᠨ ᠤ ᠡᠳᠦᠷ ᠲᠤᠲᠤᠮ ᠤᠨ ᠢᠳᠡᠭᠡᠨ ᠤᠮᠳᠠᠭᠠᠨ ᠳᠤ | ᠨᠢᠭᠤᠭᠳᠠᠵᠤ ᠪᠠᠶᠢᠨ᠎ᠠ ᠰᠢᠦ᠃ | 1. ᠢᠳᠡᠵᠦ ᠤᠤᠭᠤᠵᠤ ᠪᠠᠶᠢᠭᠠᠳ ᠤᠯᠤᠬᠰᠠᠨ ᠡᠯᠢᠭᠡᠨ ᠥᠮᠡᠨ ᠬᠡᠷᠪᠡ ᠸᠠᠯᠠᠭᠰᠠᠨ᠂ ᠴᠢᠨᠠᠷ | ᠬᠤᠪᠢᠷᠠᠭᠰᠠᠨ ᠢᠳᠡᠭᠡᠨ ᠢ ᠦᠷᠭᠦᠯᠵᠢ ᠢᠳᠡᠬᠦ ᠪᠤᠶᠤ ᠸᠠᠯᠠᠭᠰᠠᠨ ᠬᠤᠭᠤᠯᠠᠨ ᠤ ᠬᠡᠷᠡᠭᠰᠡᠯ ᠢᠶᠠᠷ ᠬᠤᠭᠤᠯᠠ | ᠢᠳᠡᠪᠡᠯ ᠥᠮᠡᠨ ᠡᠭᠦᠰᠭᠡᠬᠦ ᠪᠣᠳᠠᠰ — ᠰᠢᠷ᠎ᠠ ᠬᠥᠷᠥᠩᠭᠡ ᠶᠢᠨ ᠬᠥᠭᠡᠴᠦ ᠶᠢᠨ ᠬᠤᠣᠷᠲᠤ ᠡᠳ᠋ (黄曲 | 霉毒素) ᠢ ᠢᠳᠡᠵᠦ ᠮᠡᠳᠡᠨ᠎ᠡ᠃ | 2. ᠡᠯᠢᠭᠡᠨ ᠤ ᠥᠮᠡᠨ ᠢ ᠰᠡᠷᠭᠡᠶᠢᠯᠡᠬᠦ ᠳᠤ᠂ ᠨᠣᠭᠤᠭᠠᠨ ᠥᠩᠭᠡᠲᠦ ᠢᠳᠡᠭᠡᠨ ᠢᠳᠡᠬᠦ ᠬᠡᠷᠡᠭᠳᠡᠢ | ᠨᠣᠭᠤᠭᠠᠨ ᠥᠩᠭᠡᠲᠦ ᠢᠳᠡᠭᠡᠨ ᠳᠤ ᠨᠠᠪᠴᠢᠨ ᠤ ᠨᠣᠭᠤᠭᠠᠨ ᠡᠳ᠋ ᠤᠨ ᠮᠣᠯᠧᠺᠦ᠋ᠯ ᠠᠭᠤᠯᠤᠭᠳᠠᠵᠤ ᠪᠠᠶᠢᠳᠠᠭ᠂ | ᠲᠡᠳᠡᠭᠡᠷ ᠨᠢ ᠡᠯᠢᠭᠡᠨ ᠳᠤ ᠤᠷᠤᠭᠰᠠᠨ ᠤ ᠳᠠᠷᠠᠭ᠎ᠠ ᠰᠢᠷ᠎ᠠ ᠬᠦᠷᠦᠩᠭᠡ ᠶᠢᠨ ᠬᠥᠭᠡᠴᠦ ᠶᠢᠨ ᠬᠤᠣᠷᠲᠤ ᠡᠳ᠋ ᠢ | ᠬᠠᠰᠢᠬᠤ ᠦᠢᠯᠡᠳᠦᠯ ᠦᠵᠡᠭᠦᠯᠵᠦ᠂ ᠰᠢᠷ᠎ᠠ ᠬᠦᠷᠦᠩᠭᠡ ᠶᠢᠨ ᠬᠥᠭᠡᠴᠦ ᠶᠢᠨ ᠬᠤᠣᠷᠲᠤ ᠡᠳ᠋ ᠤᠨ | ᠤᠳᠤᠮᠰᠢᠯ ᠤᠨ ᠪᠣᠳᠠᠰ ᠲᠤ ᠬᠤᠬᠢᠷᠠᠯ ᠤᠴᠠᠷᠠᠭᠤᠯᠬᠤ ᠶᠢ ᠬᠤᠷᠢᠭᠯᠠᠳᠠᠭ᠂ ᠡᠶᠢᠮᠦ ᠠᠴᠠ ᠡᠯᠢᠭᠡᠨ ᠥᠮᠡᠨ ᠢ | ᠤᠷᠢᠳᠴᠢᠯᠠᠨ ᠰᠡᠷᠭᠡᠶᠢᠯᠡᠬᠦ ᠦᠢᠯᠡᠳᠦᠯ ᠦᠵᠡᠬᠦᠯᠳᠡᠭ ᠶᠤᠮ᠃ | 3. ᠨᠣᠭᠤᠭᠠᠨ ᠥᠩᠭᠡᠲᠦ ᠢᠳᠡᠭᠡᠨ ᠤ ᠲᠤᠳᠤᠷᠠᠬᠢ ᠠᠯᠢᠨ ᠤ ᠬᠢᠨᠢ ᠨᠠᠪᠴᠢᠨ ᠤ ᠨᠣᠭᠤᠭᠠᠨ | ᠡᠳ᠋ ᠤᠨ ᠠᠭᠤᠯᠤᠭᠳᠠᠴᠠ ᠥᠨᠳᠥᠷ ᠪᠠᠶᠢᠳᠠᠭ ᠪᠤᠶ︖ ᠥᠩᠭᠡ ᠨᠢ ᠭᠦᠨ ᠪᠣᠯ ᠨᠠᠪᠴᠢᠨ ᠤ ᠨᠣᠭᠤᠭᠠᠨ | ᠡᠳ᠋ ᠤᠨ ᠠᠭᠤᠯᠤᠭᠳᠠᠴᠠ ᠥᠨᠳᠥᠷ ᠪᠠᠶᠢᠳᠠᠭ ᠬᠡᠵᠢ ᠦᠦ︖ | ᠠᠷᠠᠢ ᠲᠡᠶᠢᠮᠦ ᠪᠢᠰᠢ ᠶᠤᠮ᠃ ᠵᠢᠮᠢᠰ ᠨᠣᠭᠤᠭ᠎ᠠ ᠶᠢᠨ ᠲᠥᠷᠥᠯ ᠪᠤᠶᠤ ᠭᠤᠸ᠎ᠠ ᠶᠢᠨ ᠲᠥᠷᠥᠯ ᠤᠨ ᠢᠳᠡᠰᠢᠨ | ᠨᠣᠭᠤᠭ᠎ᠠ ᠶᠢ ᠵᠥᠪᠬᠡᠨ ᠥᠩᠭᠡᠨ ᠲᠠᠯ᠎ᠠ ᠠᠴᠠ ᠨᠢ ᠦᠵᠡᠬᠦ ᠳᠤ ᠮᠠᠰᠢ ᠨᠣᠭᠤᠭᠠᠨ ᠪᠠᠶᠢᠳᠠᠭ ᠪᠤᠯᠪᠠᠴᠤ | ᠲᠡᠳᠡᠭᠡᠷ ᠤᠨ ᠳᠣᠲᠣᠭᠠᠳᠤ ᠶᠢᠨ ᠨᠠᠪᠴᠢᠨ ᠤ ᠨᠣᠭᠤᠭᠠᠨ ᠡᠳ᠋ ᠤᠨ ᠠᠭᠤᠯᠤᠭᠳᠠᠴᠠ ᠨᠢ ᠨᠡᠯᠢᠶᠡᠳ ᠪᠠᠭ᠎ᠠ ᠪᠠᠶᠢᠳᠠᠭ᠂ | ᠵᠢᠱᠢᠶᠡᠯᠡᠪᠡᠯ ᠥᠷᠭᠡᠰᠦᠲᠦ ᠬᠡᠮᠬᠡ᠃ | 1. ᠢᠳᠡᠵᠦ ᠤᠤᠭᠤᠵᠤ ᠪᠠᠶᠢᠭᠠᠳ ᠤᠯᠤᠬᠰᠠᠨ ᠬᠤᠳᠣᠭᠤᠳᠣᠨ ᠥᠮᠡᠨ | ᠴᠥᠭᠡᠨ ᠪᠤᠰᠤ ᠬᠥᠮᠦᠰ ᠬᠤᠭᠤᠯᠠ ᠢᠳᠡᠬᠦ ᠳᠡᠭᠡᠨ ᠪᠦᠷ ᠳᠠᠪᠤᠰᠤᠯᠠᠭᠰᠠᠨ ᠢᠳᠡᠰᠢᠨ ᠨᠣᠭᠤᠭ᠎ᠠ᠂ ᠮᠢᠬᠠᠨ ᠤ | ᠲᠥᠷᠥᠯ᠂ ᠵᠢᠭᠠᠰᠤᠨ ᠤ ᠲᠥᠷᠥᠯ᠂ ᠵᠢᠱᠢᠶᠡᠯᠡᠪᠡᠯ ᠳᠠᠪᠤᠰᠤᠯᠠᠭᠰᠠᠨ ᠨᠣᠭᠤᠭ᠎ᠠ᠂ ᠳᠠᠪᠤᠰᠤᠯᠠᠭᠰᠠᠨ ᠮᠢᠬ᠎ᠠ᠂ | ᠳᠠᠪᠤᠰᠤᠯᠠᠭᠰᠠᠨ ᠵᠢᠭᠠᠰᠤ ᠵᠡᠷᠭᠡ ᠶᠢ ᠢᠳᠡᠬᠦ ᠳᠤᠷᠠᠲᠠᠶ ᠪᠠᠶᠢᠳᠠᠭ᠂ ᠭᠡᠪᠡᠴᠦ ᠳᠠᠪᠤᠰᠤᠯᠠᠭᠰᠠᠨ ᠢᠳᠡᠭᠡᠨ ᠳᠤ | ᠠᠭᠤᠯᠤᠭᠳᠠᠬᠤ ᠳᠤᠲᠠᠭᠤ ᠠᠽᠣᠲ ᠬᠦᠴᠢᠯ ᠤᠨ ᠳᠠᠪᠤᠰᠤᠨ ᠤ ᠠᠭᠤᠯᠤᠭᠳᠠᠴᠠ ᠨᠢ ᠨᠡᠯᠢᠶᠡᠳ ᠥᠨᠳᠥᠷ | ᠪᠠᠶᠢᠳᠠᠭ᠂ ᠡᠶᠢᠮᠦ ᠳᠤᠲᠠᠭᠤ ᠠᠽᠣᠲ ᠬᠦᠴᠢᠯ ᠤᠨ ᠳᠠᠪᠤᠰᠤ ᠨᠢ ᠬᠦᠮᠦᠨ ᠤ ᠪᠡᠶ᠎ᠡ ᠶᠢᠨ ᠳᠣᠲᠣᠷ᠎ᠠ ᠣᠷᠳᠣ | ᠬᠤᠭᠤᠴᠠᠭ᠎ᠠ ᠪᠠᠷ ᠬᠤᠷᠠᠮᠳᠤᠪᠡᠯ ᠥᠮᠡᠨ ᠤᠯᠬᠤ ᠵᠡᠷᠡᠮᠳᠡᠭ ᠪᠣᠯᠭᠠᠬᠤ ᠪᠠ ᠭᠧᠨ ᠢ ᠭᠡᠨᠡᠳᠲᠡ ᠬᠤᠪᠢᠷᠠᠭᠤᠯᠬᠤ | ᠵᠡᠷᠭᠡ ᠦᠢᠯᠡᠳᠦᠯ ᠦᠵᠡᠬᠦᠯᠵᠦ ᠬᠤᠳᠣᠭᠤᠳᠣᠨ ᠥᠮᠡᠨ ᠤᠯᠤᠭᠤᠯᠳᠠᠭ᠂ ᠡᠨᠡ ᠨᠢ ᠬᠤᠳᠣᠭᠤᠳᠣᠨ ᠥᠮᠡᠨ | ᠤᠯᠤᠭᠤᠯᠳᠠᠭ ︽ᠲᠦᠷᠦᠭᠦᠦ ᠶᠠᠷᠭᠠᠴᠢᠨ︾ ᠤ ᠨᠢᠭᠡ ᠪᠣᠯᠤᠨ᠎ᠠ᠃ | 2. ᠬᠤᠳᠣᠭᠤᠳᠣᠨ ᠥᠮᠡᠨ ᠢ ᠰᠡᠷᠭᠡᠶᠢᠯᠡᠬᠦ ᠳᠤ᠂ ᠰᠣᠩᠭᠢᠨ᠎ᠠ ᠶᠢᠨ ᠲᠥᠷᠥᠯ ᠤᠨ ᠢᠳᠡᠰᠢᠨ | ᠨᠣᠭᠤᠭ᠎ᠠ ᠢᠳᠡᠬᠦ ᠭᠡᠷᠡᠭᠳᠡᠢ | ᠰᠣᠩᠭᠢᠨ᠎ᠠ ᠶᠢᠨ ᠲᠥᠷᠥᠯ ᠤᠨ ᠢᠳᠡᠰᠢᠨ ᠨᠣᠭᠤᠭ᠎ᠠ ᠶᠢ ᠦᠷᠭᠦᠯᠵᠢ ᠢᠳᠡᠪᠡᠯ ᠬᠤᠳᠣᠭᠤᠳᠣᠨ | ᠥᠮᠡᠨ ᠤ ᠡᠭᠦᠰᠬᠦ ᠨᠣᠷᠮ᠎ᠠ ᠨᠢ ᠲᠡᠳᠦᠶ ᠳᠤᠤᠷ᠎ᠠ ᠪᠤᠯᠭᠠᠳᠠᠭ᠃ ᠰᠤᠳᠤᠯᠭᠠᠨ ᠠᠴᠠ ᠦᠵᠡᠪᠡᠯ᠂ | ᠰᠣᠩᠭᠢᠨ᠎ᠠ ᠶᠢᠨ ᠲᠥᠷᠥᠯ ᠤᠨ ᠢᠳᠡᠰᠢᠨ ᠨᠣᠭᠤᠭ᠎ᠠ ᠳᠤ ᠰᠢᠷ᠎ᠠ ᠺᠧᠲ᠋ᠣᠨ (黄酮)᠂ ᠣᠷᠭᠠᠨᠢᠭ | ᠬᠦᠬᠦᠷᠲᠦ ᠨᠢᠭᠡᠳᠪᠦᠷᠢ (有机硫化物) ᠵᠡᠷᠭᠡ ᠶᠢ ᠪᠠᠭᠲᠠᠭᠠᠭᠰᠠᠨ ᠮᠠᠰᠢ ᠣᠯᠠᠨ ᠣᠷᠭᠠᠨᠢᠭ | ᠪᠣᠳᠠᠰ ᠪᠠᠶᠢᠳᠠᠭ᠂ ᠡᠲᠡᠭᠡᠷ ᠣᠷᠭᠠᠨᠢᠭ ᠪᠣᠳᠠᠰ ᠤᠨ ᠲᠣᠰ ᠪᠡᠶ᠎ᠡ ᠨᠢ ᠥᠮᠡᠨ ᠢ ᠰᠢᠭᠤᠳ ᠬᠤᠷᠢᠭᠯᠠᠬᠤ ᠦᠢᠯᠡᠳᠦᠯ | ᠲᠠᠢ ᠶᠤᠮ᠃ | 3. ᠰᠣᠩᠭᠢᠨ᠎ᠠ ᠶᠢᠨ ᠲᠥᠷᠥᠯ ᠤᠨ ᠢᠳᠡᠰᠢᠨ ᠨᠣᠭᠤᠭ᠎ᠠ ᠭᠡᠳᠡᠭ ᠨᠢ ᠶᠠᠮᠠᠷ ᠶᠠᠮᠠᠷ ᠨᠣᠭᠤᠭ᠎ᠠ ᠶᠢ | ᠵᠢᠭᠠᠵᠤ ᠪᠠᠶᠢᠬᠤ ᠪᠤᠢ︖ | ᠪᠥᠭᠡᠷᠡᠩᠬᠡᠶ ᠰᠣᠩᠭᠢᠨ᠎ᠠ᠂ ᠰᠣᠩᠭᠢᠨ᠎ᠠ᠂ ᠠᠮᠳᠠᠳᠤ ᠰᠣᠩᠭᠢᠨ᠎ᠠ᠂ ᠰᠠᠷᠢᠮᠰᠠᠭ᠂ ᠭᠤᠭᠤᠳ ᠵᠡᠷᠭᠡ ᠨᠢ | ᠪᠦᠷ ᠰᠣᠩᠭᠢᠨ᠎ᠠ ᠶᠢᠨ ᠲᠥᠷᠥᠯ ᠳᠤ ᠪᠠᠭᠲᠠᠨ᠎ᠠ᠃ | | |