ᠪᠠᠳᠭᠡᠷ ᠵᠣᠣ ᠪᠠᠯᠭᠠᠰᠤ ᠶᠢᠨ ᠵᠡᠮᠳᠡᠭᠴᠦᠳ ᠤᠨ ᠬᠤᠯᠪᠤᠭ᠎ᠠ ᠣᠯᠠᠨ ᠤᠯᠤᠰ ᠤᠨ ᠵᠡᠮᠳᠡᠭᠴᠦᠳ ᠤᠨ ᠡᠳᠦᠷ ᠤᠨ ᠰᠢᠷᠢᠰ ᠠᠵᠢᠯᠯᠠᠭ᠎ᠠ ᠶᠢᠨ ᠨᠢᠭᠡ  -ᠪᠠᠯᠭᠠᠰᠤᠨ ᠤ ᠵᠡᠮᠳᠡᠭᠴᠦᠳ ᠤᠨ ᠬᠤᠯᠪᠤᠭ᠎ᠠ ᠨᠢᠭᠡ ᠨᠢᠭᠡ ᠪᠠᠷ ᠰᠡᠳᠬᠢᠴᠡ ᠶᠢᠨ ᠠᠰᠠᠭᠤᠨ ᠯᠠᠪᠯᠠᠬᠤ ᠦᠢᠯᠡᠴᠢᠯᠡᠭᠡ ᠥᠷᠨᠢᠭᠦᠯᠦᠨ᠎ᠡ
ᠨᠡᠶᠢᠲᠡᠯᠡᠭᠰᠡᠨ ᠴᠠᠭ᠄
2023/12/21
         ᠣᠯᠠᠨ ᠤᠯᠤᠰ ᠤᠨ ᠵᠡᠮᠳᠡᠭᠴᠦᠳ ᠤᠨ ᠡᠳᠦᠷ ᠢᠷᠡᠬᠦ ᠲᠠᠰᠢᠷᠠᠮ ᠢᠶᠠᠷ᠂ ᠵᠡᠮᠳᠡᠭᠴᠦᠳ ᠵᠢᠴᠢ ᠭᠡᠷ ᠪᠦᠯᠢ ᠶᠢᠨ ᠰᠡᠳᠬᠢᠴᠡ ᠶᠢᠨ ᠡᠷᠡᠭᠦᠯ ᠮᠡᠨᠳᠦ ᠶᠢᠨ ᠦᠵᠡᠯ ᠤᠬᠠᠮᠰᠠᠷ ᠢ ᠴᠢᠩᠭᠠᠳᠬᠠᠵᠤ᠂ ᠵᠡᠮᠳᠡᠭᠴᠦᠳ ᠵᠢᠴᠢ ᠭᠡᠷ ᠪᠦᠯᠢ ᠶᠢᠨ ᠬᠢᠨ ᠢ ᠬᠠᠪᠰᠤᠷᠴᠤ ᠳᠠᠷᠤᠯᠲᠠ ᠶᠢ ᠨᠢ ᠨᠠᠮᠳᠠᠭᠤᠯᠵᠤ᠂ ᠤᠷᠮ᠎ᠠ ᠰᠡᠳᠬᠢᠯᠭᠡ ᠪᠠᠨ ᠵᠣᠬᠢᠴᠠᠭᠤᠯᠵᠤ᠂ ᠪᠡᠶ᠎ᠡ ᠰᠡᠳᠬᠢᠯ ᠤᠨ ᠡᠷᠡᠭᠦᠯ ᠮᠡᠨᠳᠦ ᠶᠢᠨ ᠬᠢᠷᠢ ᠬᠡᠮᠵᠢᠶ᠎ᠡ ᠶᠢ ᠨᠢ ᠰᠠᠶᠢᠵᠢᠷᠠᠭᠤᠯᠤᠨ᠂ ᠵᠡᠮᠳᠡᠭᠴᠦᠳ ᠤᠨ ᠳᠠᠭᠢᠨ ᠡᠪᠡᠳᠴᠢᠨ ᠡᠭᠦᠰᠬᠦ ᠲᠣᠬᠢᠶᠠᠯᠳᠤᠮᠵᠢ ᠵᠢᠴᠢ ᠳᠠᠯᠳᠠ ᠬᠡᠷᠡᠭ ᠭᠠᠷᠭᠠᠬᠤ ᠲᠦᠭᠰᠢᠭᠦᠷᠢ ᠶᠢ ᠪᠠᠭᠠᠰᠬᠠᠵᠤ᠂ ᠭᠡᠷ ᠪᠦᠯᠢ ᠶᠢᠨ ᠵᠣᠯ ᠵᠢᠷᠭᠠᠯ᠂ ᠡᠶ᠎ᠡ ᠵᠣᠬᠢᠴᠠᠯ ᠪᠠ ᠨᠡᠶᠢᠭᠡᠮ ᠤᠨ ᠲᠣᠭᠲᠠᠭᠤᠨ ᠢ ᠠᠬᠢᠭᠤᠯᠬᠤ ᠶᠢᠨ ᠲᠥᠯᠥᠭᠡ᠂ ᠪᠡᠳᠬᠡᠷ ᠵᠣᠣ ᠪᠠᠯᠭᠠᠰᠤᠨ ᠤ ᠵᠡᠮᠳᠡᠭᠴᠦᠳ ᠤᠨ ᠬᠤᠯᠪᠤᠭ᠎ᠠ ᠪᠣᠯᠣᠨ ᠡᠯ᠎ᠡ ᠲᠣᠰᠬᠤᠨ ᠤ ᠵᠡᠮᠳᠡᠭᠴᠦᠳ ᠤᠨ ᠨᠡᠶᠢᠭᠡᠮᠯᠢᠭ ᠤᠨ ᠬᠢᠨ ︽ᠵᠡᠮᠳᠡᠭᠴᠦᠳ ᠤᠨ ᠰᠡᠳᠬᠢᠴᠡ ᠶᠢᠨ ᠡᠷᠡᠭᠦᠯ ᠮᠡᠨᠳᠦ ᠶᠢ ᠬᠠᠯᠠᠮᠵᠢᠯᠠᠬᠤ︾ ᠨᠢᠭᠡ ᠨᠢᠭᠡ ᠪᠠᠷ ᠰᠡᠳᠬᠢᠴᠡ ᠶᠢᠨ ᠠᠰᠠᠭᠤᠨ ᠯᠠᠪᠯᠠᠬᠤ ᠦᠢᠯᠡᠴᠢᠯᠡᠭᠡ ᠶᠢᠨ ᠠᠵᠢᠯᠯᠠᠭ᠎ᠠ ᠶᠢ ᠬᠠᠮᠲᠤᠪᠠᠷ ᠥᠷᠨᠢᠭᠦᠯᠦᠭᠰᠡᠨ ᠪᠠᠶᠢᠨ᠎ᠠ᠃ 
1703036698290043251.png
        ᠪᠡᠳᠬᠡᠷ ᠵᠣᠣ ᠪᠠᠯᠭᠠᠰᠤᠨ ᠤ ᠵᠡᠮᠳᠡᠭᠴᠦᠳ ᠤᠨ ᠬᠤᠯᠪᠤᠭ᠎ᠠ ᠶᠢᠨ ᠺᠠᠲᠷ ᠵᠣᠣ ᠰᠢᠶᠣᠣ ᠵᠢᠤᠸᠠᠨ ︵ᠤᠯᠤᠰ ᠤᠨ ᠬᠤᠶᠠᠳᠤᠭᠠᠷ ᠳᠡᠰ ᠤᠨ ᠰᠡᠳᠬᠢᠴᠡ ᠶᠢᠨ ᠠᠰᠠᠭᠤᠨ ᠯᠠᠪᠯᠠᠭᠴᠢ︶ 11 ᠰᠠᠷ᠎ᠠ ᠶᠢᠨ 30᠎ ᠤ ᠦᠳᠡ ᠶᠢᠨ ᠡᠮᠦᠨ᠎ᠡ᠂  ᠪᠡᠳᠬᠡᠷ ᠵᠣᠣ ᠪᠠᠯᠭᠠᠰᠤᠨ ᠤ ᠵᠡᠮᠳᠡᠭᠴᠦᠳ ᠤᠨ ᠬᠤᠯᠪᠤᠭ᠎ᠠ ᠶᠢᠨ ᠺᠠᠲᠷ ᠵᠣᠣ ᠰᠢᠶᠣᠣ ᠵᠢᠤᠸᠠᠨ ︵ᠤᠯᠤᠰ ᠤᠨ ᠬᠤᠶᠠᠳᠤᠭᠠᠷ ᠳᠡᠰ ᠤᠨ ᠰᠡᠳᠬᠢᠴᠡ ᠶᠢᠨ ᠠᠰᠠᠭᠤᠨ ᠯᠠᠪᠯᠠᠭᠴᠢ︶ ᠨᠢᠭᠡᠨ ᠵᠡᠮᠳᠡᠭᠴᠦᠳ ᠤᠨ ᠭᠡᠷ ᠲᠤ ᠢᠷᠡᠵᠦ᠂ ᠳᠤᠮᠳᠠᠳᠤ ᠰᠤᠷᠭᠠᠭᠤᠯᠢ ᠳᠤ ᠰᠤᠷᠤᠯᠴᠠᠵᠤ ᠪᠠᠶᠢᠭ᠎ᠠ ᠬᠡᠦᠬᠡᠨ ᠳᠡᠭᠡᠨ ᠰᠡᠳᠬᠢᠴᠡ ᠶᠢᠨ ᠠᠰᠠᠭᠤᠨ ᠯᠠᠪᠯᠠᠭ᠎ᠠ ᠬᠢᠵᠦ ᠪᠠᠶᠢᠯ᠎ᠠ᠃ ᠡᠨᠡ ᠥᠬᠢᠨ ᠤ ᠡᠵᠢ ᠨᠢ ᠣᠶᠤᠨ ᠤ ᠬᠤᠶᠠᠳᠤᠭᠠᠷ ᠳᠡᠰ ᠤᠨ ᠵᠡᠮᠳᠡᠭ ᠬᠥᠮᠥᠨ᠂ ᠲᠡᠭᠦᠨ ᠤ ᠠᠪᠤ ᠎ ᠨᠢ ᠡᠵᠢ ᠨᠢ ᠤᠷᠤᠭ ᠰᠠᠯᠤᠭᠰᠠᠨ ᠤ ᠳᠠᠷᠠᠭ᠎ᠠ ᠭᠡᠷ ᠠᠴᠠ ᠪᠠᠨ ᠰᠠᠯᠵᠤ ᠶᠠᠪᠤᠪᠠ᠃ ᠬᠡᠦᠬᠡᠨ ᠶᠠᠭ ᠤᠷᠢ ᠵᠠᠯᠠᠭᠤ ᠨᠠᠰᠤᠨ ᠳᠤ ᠪᠠᠨ ᠪᠠᠶᠢᠵᠤ᠂ ᠰᠡᠳᠬᠢᠴᠡ ᠲᠤᠶᠢᠯ ᠤᠨ ᠬᠡᠪᠡᠷᠡᠭ ᠪᠠᠶᠢᠵᠤ᠂ ᠤᠷᠲᠤ ᠬᠤᠭᠤᠴᠠᠭ᠎ᠠ ᠪᠠᠷ ᠰᠡᠳᠬᠢᠯ ᠤᠨ ᠳᠠᠷᠤᠭᠠᠰᠤ ᠲᠠᠢ ᠪᠠᠶᠢᠵᠤ᠂ ᠪᠠᠴᠢᠮᠳᠠᠵᠤ ᠰᠠᠨᠳᠤᠷᠬᠤ᠂ ᠭᠤᠲᠤᠷᠠᠵᠤ ᠭᠤᠩᠰᠢᠬᠤ᠂ ᠠᠮᠤᠷ ᠲᠣᠭᠲᠠᠭᠤᠨ ᠪᠤᠰᠤ ᠪᠠᠶᠢᠳᠠᠯ ᠳᠤ ᠣᠷᠣᠰᠢᠵᠤ᠂ ᠤᠤᠭᠠᠨ ᠭᠡᠷ ᠤᠨ ᠬᠤᠪᠢᠷᠠᠯᠲᠠ ᠠᠴᠠ ᠪᠣᠯᠤᠭᠰᠠᠨ ᠪᠠᠷᠠᠭᠠᠨ ᠰᠡᠭᠦᠳᠡᠷ ᠠᠴᠠ ᠭᠠᠷᠴᠤ ᠴᠢᠳᠠᠬᠤ ᠦᠭᠡᠢ ᠪᠠᠶᠢᠳᠠᠭ᠃ ᠰᠣᠨᠤᠰᠬᠤᠯᠠᠷ ᠪᠠᠯᠭᠠᠰᠤᠨ ᠤ ᠬᠢᠨ ᠰᠡᠳᠬᠢᠴᠡ ᠶᠢᠨ ᠵᠥᠪᠯᠡᠯᠭᠡ ᠥᠭᠬᠦ ᠦᠢᠯᠡᠴᠢᠯᠡᠭᠡ ᠥᠷᠨᠢᠭᠦᠯᠵᠦ ᠪᠠᠶᠢᠬᠤ ᠦᠶ᠎ᠡ ᠳᠤ᠂ ᠬᠡᠦᠬᠡᠨᠴᠦᠳ ᠤᠨ ᠠᠪᠤ ᠨᠢ ᠥᠪᠡᠷ ᠤᠨ ᠳᠤᠷ᠎ᠠ ᠠᠴᠠ ᠪᠠᠨ ᠪᠠᠯᠭᠠᠰᠤᠨ ᠤ ᠵᠡᠮᠳᠡᠭᠴᠦᠳ ᠤᠨ ᠬᠤᠯᠪᠤᠭ᠎ᠠ ᠶᠢᠨ ᠳᠡᠮᠵᠢᠯᠭᠡ ᠶᠢ ᠡᠷᠢᠵᠦ ᠪᠠᠶᠢᠪᠠ᠃ 
1703036751192042482.png
        ᠨᠢᠭᠡ ᠴᠠᠭ ᠰᠢᠬᠠᠮ ᠰᠡᠳᠬᠢᠴᠡ ᠶᠢᠨ ᠲᠠᠯ᠎ᠠ ᠪᠠᠷ ᠬᠥᠲᠥᠯᠥᠨ ᠵᠢᠯᠤᠭᠤᠳᠬᠤ ᠪᠠᠷ ᠳᠠᠮᠵᠢᠭᠤᠯᠤᠨ᠂ ᠬᠡᠦᠬᠡᠨ ᠳᠠᠭᠤᠨ ᠦᠭᠡᠢ ᠪᠠᠶᠢᠭᠰᠠᠨ ᠠᠴᠠ ᠥᠪᠡᠷ ᠤᠨ ᠲᠠᠯᠪᠢᠵᠤ ᠪᠠᠶᠢᠭ᠎ᠠ ᠡᠯᠡᠰᠦᠨ ᠴᠠᠷ᠎ᠠ ᠶᠢᠨ ᠠᠭᠤᠯᠭ᠎ᠠ ᠪᠠᠨ ᠶᠠᠷᠢᠬᠤ ᠳᠤᠷᠠᠲᠠᠢ ᠪᠣᠯᠵᠤ᠂ ᠪᠠᠰᠠ ᠨᠢᠳᠦᠨ ᠬᠠᠷᠠᠴᠠ ᠪᠠᠨ ᠠᠰᠢᠭᠯᠠᠨ ᠵᠣᠣ ᠰᠢᠶᠣᠣ ᠵᠢᠤᠸᠠᠨ ᠲᠠᠢ ᠨᠡᠪᠲᠡᠷᠡᠯᠴᠡᠨ᠎ᠡ᠃ ᠦᠢᠯᠡᠴᠢᠯᠡᠭᠡ ᠳᠠᠭᠤᠰᠤᠭᠰᠠᠨ ᠤ ᠳᠠᠷᠠᠭ᠎ᠠ᠂ ᠵᠣᠣ ᠰᠢᠶᠣᠣ ᠵᠢᠤᠸᠠᠨ ᠬᠡᠦᠬᠡᠨ ᠸᠢᠴᠠᠲ ᠤᠨ ᠠᠭᠤᠯᠭ᠎ᠠ ᠶᠢ ᠨᠢ ᠨᠡᠮᠡᠵᠦ ᠂ ᠡᠭᠦᠨ ᠠᠴᠠ ᠬᠤᠶᠢᠰᠢ ᠪᠣᠳᠠᠲᠤ ᠬᠡᠷᠡᠭᠴᠡᠭᠡ ᠪᠠᠨ ᠦᠨᠳᠦᠰᠦᠯᠡᠨ ᠰᠡᠳᠬᠢᠴᠡ ᠶᠢᠨ ᠯᠠᠪᠯᠠᠯᠭ᠎ᠠ ᠶᠢᠨ ᠦᠢᠯᠡᠴᠢᠯᠡᠭᠡᠨ ᠢ ᠦᠷᠭᠦᠯᠵᠢᠯᠡᠨ ᠥᠷᠨᠢᠭᠦᠯᠬᠦ ᠳᠤ ᠳᠥᠭᠦᠮ ᠦᠵᠡᠭᠦᠯᠪᠡ᠃ ᠵᠣᠣ ᠰᠢᠶᠣᠣ ᠵᠢᠤᠸᠠᠨ ᠣᠨᠴᠠᠭᠠᠶᠢᠯᠠᠨ ᠡᠨᠡᠬᠦ ᠵᠡᠮᠳᠡᠭᠴᠦᠳ ᠤᠨ ᠭᠡᠷ ᠪᠦᠯᠢ ᠶᠢᠨ ᠬᠡᠦᠬᠡᠳ ᠤᠨ ᠣᠳᠣᠬᠢ ᠪᠠᠶᠢᠳᠠᠯ ᠢ ᠬᠤᠪᠢᠷᠠᠭᠤᠯᠵᠤ᠂ ᠢᠳᠡᠪᠬᠢᠲᠡᠢ ᠪᠠᠶᠠᠰᠤᠩᠭᠤᠢ ᠣᠪᠣᠷ ᠢᠶᠠᠷ ᠠᠮᠢᠳᠤᠷᠠᠯ ᠤᠨ ᠳᠤᠮᠳᠠᠬᠢ ᠡᠯ᠎ᠡ ᠵᠦᠢᠯ ᠤᠨ ᠨᠤᠭᠤᠷᠠᠯ ᠪᠦᠳᠦᠷᠡᠯ ᠳᠤ ᠬᠠᠨᠳᠤᠵᠤ᠂ ᠨᠠᠷᠠᠨ ᠬᠤᠸᠠᠷ ᠤᠨ ᠠᠳᠠᠯᠢ ᠭᠡᠷᠡᠯ ᠵᠦᠭ ᠤᠷᠤᠭᠰᠢᠯᠠᠵᠤ ᠪᠠᠶᠢᠬᠤ ᠶᠢ ᠬᠦᠰᠡᠯ᠎ᠡ᠃ ᠡᠭᠦᠨ ᠤ ᠬᠠᠮᠲᠤ ᠨᠡᠶᠢᠭᠡᠮ ᠤᠨ ᠡᠯ᠎ᠡ ᠡᠲᠡᠭᠡᠳ ᠤᠨ ᠬᠥᠮᠥᠰ ᠲᠤ ᠵᠡᠮᠳᠡᠭᠴᠦᠳ ᠵᠢᠴᠢ ᠭᠡᠷ ᠪᠦᠯᠢ ᠳᠤ ᠨᠡᠩ ᠣᠯᠠᠨ ᠬᠠᠪᠰᠤᠷᠤᠯᠭ᠎ᠠ ᠦᠵᠡᠭᠦᠯᠭᠦ ᠶᠢ ᠤᠷᠢᠶᠠᠯᠠᠪᠠ᠃ 
 
ᠢᠷᠡᠯᠲᠡ᠄ ᠰᠢᠭᠤᠶᠢᠲᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号