12 ᠰᠠᠷ᠎ᠠ ᠶᠢᠨ 13 ᠤ ᠡᠳᠦᠷ᠂ ᠳᠤᠮᠳᠠᠳᠤ ᠤᠯᠤᠰ ᠤᠨ ᠡᠪᠡᠳᠴᠢᠨ ᠡᠮᠭᠡᠭ ᠢ ᠰᠡᠷᠭᠡᠶᠢᠯᠡᠨᠡᠵᠡᠮᠳᠡᠬᠦ | ᠠᠯᠪᠠᠨ ᠤᠰᠦ᠋ᠯᠵᠢᠶᠡ ᠶᠢᠨ ᠵᠠᠷᠯᠠᠯ ᠳᠤ᠂ 2023 ᠣᠨ ᠤ 11 ᠰᠠᠷ᠎ᠠ ᠶᠢᠨ 1 ᠤ ᠡᠳᠦᠷ ᠠᠴᠠ 30 ᠤ ᠡᠳᠦᠷ | ᠪᠣᠯᠲᠠᠯ᠎ᠠ᠂ ᠳᠤᠮᠳᠠᠳᠤ ᠤᠯᠤᠰ ᠤᠨ ᠲᠤᠳᠤᠷ ᠭᠠᠵᠠᠷ ︵ᠰᠢᠶᠠᠩᠭᠠᠩ ᠣᠣᠮᠧᠨ ᠲᠠᠶᠢᠸᠠᠨ ᠪᠠᠭᠲᠠᠬᠤ ᠥᠬᠡᠶ︶ ᠲᠤ | ᠰᠠᠮᠵᠠᠵᠢᠨ ᠪᠤᠳᠤ ᠡᠪᠡᠳᠴᠢᠨ ᠢᠶᠠᠷ ᠲᠤᠳᠤᠯᠠᠬᠳᠠᠬᠰᠠᠨ ᠡᠪᠡᠳᠴᠢᠳᠡᠨ 80 ᠨᠡᠮᠡᠭᠳᠡᠪᠡ᠂ ᠡᠭᠦᠨ ᠳᠤ | ᠭᠤᠸᠠᠩᠳᠦ᠋ᠩ ᠳᠤ 12᠂ ᠪᠡᠭᠡᠵᠢᠩ ᠳᠤ 10᠂ ᠱᠠᠩᠬᠠᠶ ᠳᠤ8᠂ ᠵᠢᠶᠠᠩᠰᠦ ᠳᠤ 7᠂ ᠵᠧᠵᠢᠶᠠᠩ ᠳᠤ 5᠂ ᠬᠤᠨᠠᠨ ᠳᠤ 5᠂ | ᠰᠧᠴᠤᠸᠠᠨ ᠳᠤ 4᠂ ᠹᠦᠵᠢᠶᠠᠨ ᠳᠤ 4᠂ ᠠᠨᠾᠦ᠋ᠢ ᠳᠤ 4᠂ ᠯᠢᠶᠣᠤᠨᠢᠩ ᠳᠤ 3᠂ ᠭᠢᠷᠢᠨ ᠳᠤ 3᠂ ᠬᠠᠶᠢᠨᠠᠨ ᠳᠤ 3᠂ | ᠭᠤᠸᠠᠩᠰᠢ ᠳᠤ 3᠂ ᠬᠤᠪᠸᠢ ᠳᠤ 2᠂ ᠴᠦᠩᠴᠢᠩ ᠳᠤ 1᠂ ᠱᠠᠨᠳᠦ᠋ᠩ ᠳᠤ 1᠂ ᠥᠪᠥᠷ ᠮᠣᠩᠭᠤᠯ ᠳᠤ 1᠂ | ᠵᠢᠶᠠᠩᠰᠢ ᠳᠤ 1᠂ ᠾᠧᠨᠠᠨ ᠳᠤ 1᠂ ᠬᠦᠢᠵᠸᠦ ᠳᠤ 1᠂ ᠭᠠᠨᠰᠦ ᠳᠤ 1ᠪᠠᠶᠢᠵᠤ᠂ ᠬᠦᠨᠳᠦ ᠡᠪᠡᠳᠴᠢᠳᠡᠨ ᠭᠠᠷᠤᠬᠰᠠᠨ | ᠦᠭᠡᠢ᠂ ᠥᠭᠦᠭᠰᠡᠨ ᠡᠪᠡᠳᠴᠢᠳᠡᠨ ᠭᠠᠷᠤᠬᠰᠠᠨ ᠥᠬᠡᠶ ᠭᠡᠵᠦ ᠮᠡᠳᠡᠬᠦᠯᠵᠡᠢ᠃ | ᠲᠠᠬᠤᠯ ᠡᠪᠡᠳᠴᠢᠨ ᠤ ᠰᠤᠳᠤᠯᠤᠯ ᠤᠨ ᠪᠠᠶᠢᠴᠠᠭᠠᠯᠲᠠ ᠵᠠᠳᠠᠯᠤᠯᠲᠠ ᠶᠢ ᠦᠨᠳᠦᠰᠦᠯᠡᠪᠡᠯ᠂ ᠬᠢᠵᠢᠭ ᠤᠨ | ᠪᠠᠶᠢᠳᠠᠯ ᠳᠤ ᠳᠤᠤᠷᠠᠬᠢ ᠮᠡᠲᠦ ᠣᠨᠴᠠᠯᠢᠭ ᠢᠯᠡᠷᠡᠵᠦ ᠪᠠᠶᠢᠨ᠎ᠠ᠄ ᠨᠢᠭᠡ ᠳᠤ ᠡᠪᠡᠳᠴᠢᠳᠡᠨ ᠨᠢ ᠴᠥᠮ ᠡᠷᠡᠭᠲᠡᠶ ᠬᠥᠮᠦᠨ | ᠪᠦᠭᠡᠳ 93.8% ᠨᠢ ᠡᠷᠡᠭᠲᠡᠶ ᠡᠷᠡᠭᠳᠡᠢ ᠲᠠᠢ ᠪᠠᠨ ᠪᠡᠯᠭᠡ ᠶᠢᠨ ᠠᠵᠢᠯᠯᠠᠭ᠎ᠠ ᠲᠠᠢ ᠬᠥᠮᠦᠰ ᠪᠤᠯᠬᠤ ᠨᠢ | ᠲᠣᠳᠣᠷᠬᠠᠶ ᠪᠠᠶᠢᠨ᠎ᠠ᠃ ᠬᠤᠶᠠᠷ ᠲᠤ᠂ ᠪᠤᠰᠤᠳᠠᠷᠭᠠ ᠮᠠᠶ᠋ᠢᠭ ᠢᠶᠠᠷ ᠬᠠᠯᠳᠠᠪᠤᠷᠢᠯᠠᠬᠤ ᠲᠦᠭᠰᠢᠭᠦᠷᠢ ᠳᠤᠤᠷ᠎ᠠ᠃ | ᠪᠡᠯᠭᠡ ᠶᠢᠨ ᠬᠦᠷᠦᠯᠴᠡᠯ ᠠᠴᠠ ᠭᠠᠳᠠᠨᠠᠬᠢ ᠪᠤᠰᠤᠳ ᠨᠢᠭᠲᠠ ᠤᠶᠢᠷᠠᠳᠤᠬᠰᠠᠳ ᠲᠤ ᠬᠠᠯᠳᠠᠪᠤᠷᠢᠯᠠᠯ | ᠡᠭᠦᠰᠦᠭᠰᠡᠨᠦᠭᠡᠢ᠃ ᠭᠤᠷᠪᠠ ᠳᠤ᠂ 96.9 % ᠶᠢᠨ ᠡᠪᠡᠳᠴᠢᠲᠡᠨ ᠢ ᠰᠠᠨᠠᠭᠠᠴᠢᠯᠠᠭ᠎ᠠ ᠠᠴᠠ ᠪᠠᠨ ᠡᠮᠨᠡᠭᠦᠯᠬᠦ ᠠᠴᠠ | ᠤᠯᠵᠤ ᠮᠡᠳᠡᠵᠦ᠂ 1.5 % ᠵᠢᠨᠡᠪᠡᠳᠴᠢᠲᠡᠨ ᠢ ᠨᠢᠭᠲᠠ ᠣᠶᠢᠷᠠᠲᠤᠭᠰᠠᠳ ᠢ ᠮᠥᠷᠳᠡᠨ ᠰᠢᠭᠰᠢᠨ ᠪᠠᠶᠢᠴᠠᠭᠠᠬᠤ | ᠦᠶ᠎ᠡ ᠳᠤ ᠤᠯᠵᠤ ᠮᠡᠳᠡᠵᠡᠢ᠃ ᠳᠥᠷᠪᠡ ᠳᠤ ᠵᠣᠩᠬᠢᠯᠠᠬᠤ ᠣᠯᠠᠨ ᠲᠣᠭᠠᠨ ᠤ ᠡᠪᠡᠳᠴᠢᠲᠡᠨ ᠤ ᠡᠮᠴᠢᠯᠡᠭᠡᠨ ᠤ | ᠢᠯᠡᠷᠡᠯ ᠨᠢ ᠨᠡᠶᠢᠲᠡᠯᠢᠭ ᠴᠢᠨᠠᠷᠳᠠᠢ ᠪᠠᠶᠢᠨ᠎ᠠ᠂ ᠭᠤᠤᠯᠳᠠᠭᠤ ᠬᠠᠯᠠᠭᠤᠷᠠᠬᠤ᠂ ᠴᠥᠪᠥᠷᠢᠭᠦᠲᠦ ᠡᠰᠡᠷᠭᠡᠨ᠎ᠡ ᠭᠠᠷᠬᠤ᠂ | ᠯᠢᠮᠹᠠ ᠶᠢᠨ ᠪᠤᠯᠴᠢᠷᠬᠠᠢ ᠨᠢ ᠬᠠᠪᠤᠳᠬᠤ ᠵᠡᠷᠭᠡ ᠡᠪᠡᠳᠴᠢᠨ ᠤ ᠢᠯᠡᠷᠡᠯ ᠭᠠᠷᠳᠠᠭ᠃ |