ᠰᠣᠷᠪᠤᠯᠵᠢᠯᠠᠭ᠎ᠠ ᠬᠦᠯᠢᠶᠡᠭᠰᠡᠨ ᠵᠣᠴᠢᠨ᠄ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ | ᠡᠮᠡᠭᠲᠡᠶᠢᠴᠦᠳ ᠬᠡᠦᠬᠡᠳ ᠤᠳ ᠤᠨ ᠠᠵᠢᠯ ᠤᠨ ᠵᠥᠪᠯᠡᠯ ᠤᠨ ᠭᠡᠰᠢᠭᠦᠨ᠂ ᠥᠪᠡᠷᠲᠡᠭᠡᠨ ᠵᠠᠰᠠᠬᠤ ᠣᠷᠣᠨ ᠤ | ᠡᠮᠡᠭᠲᠡᠶᠢᠴᠦᠳ ᠤᠨ ᠬᠤᠯᠪᠣᠭ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ᠂ ᠳᠡᠳ᠋ | ᠲᠡᠷᠢᠭᠦᠯᠡᠭᠴᠢ ᠭᠦᠸᠧ ᠵᠢᠩ ᠯᠢ | ᠠᠭᠤᠯᠭ᠎ᠠ ᠶᠢᠨ ᠲᠣᠪᠴᠢ᠄ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮᠡᠭᠲᠡᠶᠢᠴᠦᠳ ᠬᠡᠦᠬᠡᠳ ᠤᠳ ᠤᠨ | ᠬᠥᠭᠵᠢᠯᠲᠡ ᠶᠢᠨ ᠬᠥᠲᠥᠯᠪᠦᠷᠢ ︵2021 — 2030 ᠣᠨ︶ ᠪᠣᠯ ᠥᠪᠡᠷᠲᠡᠭᠡᠨ ᠵᠠᠰᠠᠬᠤ ᠣᠷᠣᠨ ᠤ | ᠵᠠᠰᠠᠭ ᠤᠨ ᠣᠷᠳᠣᠨ ᠠᠴᠠ ᠨᠡᠶᠢᠲᠡᠯᠡᠨ ᠬᠡᠷᠡᠭᠵᠢᠭᠦᠯᠦᠭᠰᠡᠨ ᠪᠦᠬᠦ ᠣᠷᠣᠨ ᠤ ᠡᠮᠡᠭᠲᠡᠶᠢᠴᠦᠳ ᠬᠡᠦᠬᠡᠳ ᠤᠳ ᠤᠨ | ᠦᠢᠯᠡᠰ ᠤᠨ ᠬᠥᠭᠵᠢᠯᠲᠡ ᠶᠢ ᠠᠬᠢᠭᠤᠯᠬᠤ ᠳᠤᠮᠳᠠᠬᠢ ᠤᠷᠳᠤ ᠬᠤᠭᠤᠴᠠᠭᠠᠨ ᠤ ᠬᠥᠭᠵᠢᠯᠲᠡ ᠶᠢᠨ ᠲᠥᠯᠥᠪᠵᠢᠭᠦᠯᠭᠡ | ᠮᠥᠨ᠃ ᠡᠮᠡᠭᠲᠡᠶᠢᠴᠦᠳ ᠬᠡᠤᠬᠡᠳ ᠤᠳ ᠤᠨ ᠬᠥᠭᠵᠢᠯᠲᠡ ᠶᠢᠨ ᠬᠥᠲᠥᠯᠪᠦᠷᠢ ᠶᠢ ᠲᠣᠭᠲᠠᠭᠠᠨ ᠬᠡᠷᠡᠭᠵᠢᠭᠦᠯᠬᠦ ᠨᠢ | ᠮᠠᠨ ᠤ ᠣᠷᠣᠨ ᠤ ᠡᠷᠡᠭᠲᠡᠶ ᠡᠮᠡᠭᠲᠡᠶ ᠡᠷᠬᠡ ᠲᠡᠭᠰᠢ ᠪᠠᠶᠢᠬᠤ ᠤᠯᠤᠰ ᠤᠨ ᠦᠨᠳᠦᠰᠦᠨ ᠪᠣᠳᠣᠯᠭ᠎ᠠ᠂ ᠬᠡᠤᠬᠡᠳ ᠢ | ᠤᠷᠢᠳ ᠢᠶᠠᠷ ᠪᠣᠳᠤᠯᠬᠢᠯᠠᠬᠤ ᠦᠨᠳᠦᠰᠦᠨ ᠵᠠᠷᠴᠢᠮ ᠢ ᠭᠦᠨᠵᠡᠭᠡᠶ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ | ᠡᠮᠡᠭᠲᠡᠶᠢᠴᠦᠳ ᠬᠡᠤᠬᠡᠳ ᠤᠳ ᠤᠨ ᠬᠥᠭᠵᠢᠯᠲᠡ ᠶᠢᠨ ᠣᠷᠴᠢᠨ ᠨᠥᠭᠦᠴᠡᠯ ᠢ ᠰᠢᠯᠢᠳᠡᠭᠵᠢᠭᠦᠯᠦᠨ᠂ ᠡᠮᠡᠭᠲᠡᠶᠢᠴᠦᠳ | ᠬᠡᠤᠬᠡᠳ ᠤᠳ ᠤᠨ ᠬᠠᠤᠯᠢ ᠶᠣᠰᠣᠨ ᠤ ᠡᠷᠬᠡ ᠠᠰᠢᠭ ᠢ ᠦᠨᠡᠨ ᠬᠦ ᠪᠠᠲᠤᠯᠠᠵᠤ᠂ ᠪᠥᠬᠦ ᠣᠷᠣᠨ ᠤ ᠡᠮᠡᠭᠲᠡᠶᠢᠴᠦᠳ | ᠬᠡᠤᠬᠡᠳ ᠤᠳ ᠤᠨ ᠦᠢᠯᠡᠰ ᠤᠨ ᠰᠢᠨ᠎ᠡ ᠴᠠᠭ ᠦᠶ᠎ᠡ ᠳᠤ ᠨᠠᠩ ᠴᠢᠨᠠᠷ ᠰᠠᠶᠢᠲᠠᠶ ᠬᠥᠭᠵᠢᠯᠲᠡ ᠶᠢ ᠪᠡᠶᠡᠯᠡᠭᠦᠯᠬᠦ ᠶᠢ | ᠠᠬᠢᠭᠤᠯᠬᠤ ᠳᠤ ᠲᠦᠢᠯ ᠤᠨ ᠴᠢᠬᠤᠯᠠ ᠠᠴᠢ ᠬᠤᠯᠪᠣᠭᠳᠠᠯ ᠲᠠᠢ ᠶᠤᠮ᠃ | ᠲᠡᠮᠳᠡᠭᠯᠡᠯ | ᠬᠥᠲᠥᠯᠥᠭᠴᠢ | ᠰᠦᠯᠵᠢᠶᠡᠨ ᠤ ᠠᠨᠳᠠ ᠨᠠᠷ ᠰᠠᠶᠢᠨ ᠪᠠᠶᠢᠵᠠᠭᠠᠨ᠎ᠠ ᠤᠤ︕ ᠲᠠᠨ ᠪᠦᠬᠦᠨ ᠤ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ ᠶᠢᠨ ︽ᠰᠦᠯᠵᠢᠶᠡᠨ ᠳᠡᠭᠡᠷᠡᠬᠢ | ᠰᠤᠷᠪᠤᠯᠵᠢᠯᠠᠭ᠎ᠠ︾ ᠪᠤᠯᠤᠩ ᠢ ᠭᠥᠯᠢᠶᠡᠨ ᠠᠪᠴᠤ ᠦᠵᠡᠬᠦ ᠶᠢ ᠪᠠᠶᠠᠷᠯᠠᠨ ᠤᠭᠲᠤᠵᠤ ᠪᠠᠶᠢᠨ᠎ᠠ᠂ ᠲᠣᠰ | ᠬᠤᠭᠤᠴᠠᠭᠠᠨ ᠤ ᠫᠷᠤᠭ᠍ᠷᠠᠮ ᠳᠤ ᠪᠢᠳᠡ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠡᠮᠡᠭᠲᠡᠶᠢᠴᠦᠳ | ᠬᠡᠤᠬᠡᠳ ᠤᠳ ᠤᠨ ᠠᠵᠢᠯ ᠤᠨ ᠵᠥᠪᠯᠡᠯ ᠤᠨ ᠭᠡᠰᠢᠭᠦᠨ᠂ ᠥᠪᠡᠷᠲᠡᠭᠡᠨ ᠵᠠᠰᠠᠬᠤ ᠣᠷᠣᠨ ᠤ ᠡᠮᠡᠭᠲᠡᠶᠢᠴᠦᠳ ᠤᠨ | ᠬᠤᠯᠪᠣᠭᠠᠲᠤ ᠬᠤᠷᠠᠯ ᠤᠨ ᠨᠠᠮ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ᠂ ᠳᠡᠳ᠋ ᠲᠡᠷᠢᠭᠦᠯᠡᠭᠴᠢ ᠭᠦᠸᠧ | ᠵᠢᠩ ᠯᠢ ᠶᠢ ᠤᠷᠢᠯ᠎ᠠ᠃ ᠭᠦᠸᠧ ᠲᠡᠷᠢᠭᠦᠯᠡᠭᠴᠢ ᠡ᠂ ᠲᠠᠨ ᠢ ᠪᠠᠶᠠᠷᠯᠠᠨ ᠤᠭᠲᠤᠵᠤ ᠪᠠᠢᠨ᠎ᠠ︕ | ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠡᠮᠡᠭᠲᠡᠶᠢᠴᠦᠳ ᠬᠡᠦᠬᠡᠳ ᠤᠳ ᠤᠨ ᠠᠵᠢᠯ ᠤᠨ | ᠵᠥᠪᠯᠡᠯ ᠤᠨ ᠭᠡᠰᠢᠭᠦᠨ᠂ ᠥᠪᠡᠷᠲᠡᠭᠡᠨ ᠵᠠᠰᠠᠬᠤ ᠣᠷᠣᠨ ᠤ ᠡᠮᠡᠭᠲᠡᠶᠢᠴᠦᠳ ᠤᠨ ᠬᠤᠯᠪᠣᠭ᠎ᠠ ᠶᠢᠨ ᠨᠠᠮ ᠤᠨ | ᠤᠳᠤᠷᠢᠳᠬᠤ ᠳᠤᠭᠤᠶᠢᠯᠠᠩ ᠤᠨ ᠪᠦᠷᠢᠯᠳᠦᠬᠦᠨ᠂ ᠳᠡᠳ᠋ ᠲᠡᠷᠢᠭᠦᠯᠡᠭᠴᠢ ᠭᠦᠸᠧ ᠵᠢᠩ ᠯᠢ | ᠬᠥᠲᠥᠯᠥᠭᠴᠢ ᠰᠠᠶᠢᠨ ᠤᠤ︕ ᠰᠦᠯᠵᠢᠶᠡᠨ ᠤ ᠨᠠᠶᠢᠵᠠ ᠨᠠᠷ ᠰᠠᠶᠢᠨ ᠪᠠᠶᠢᠵᠠᠭᠠᠨ᠎ᠠ ᠤᠤ︕ | ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠰᠦᠯᠵᠢᠶ᠎ᠡ ᠶᠢᠨ ︽ᠰᠦᠯᠵᠢᠶᠡᠨ ᠳᠡᠭᠡᠷᠡᠬᠢ | ᠰᠤᠷᠪᠤᠯᠵᠢᠯᠠᠭ᠎ᠠ︾ ᠪᠤᠯᠤᠩ ᠢᠶᠠᠷ ᠳᠠᠮᠵᠢᠭᠤᠯᠤᠨ ᠥᠷᠭᠡᠨ ᠣᠯᠠᠨ ᠰᠦᠯᠵᠢᠶᠡᠨ ᠤ ᠨᠠᠶᠢᠵᠠ ᠨᠠᠷ ᠲᠠᠢ ᠪᠠᠨ | ᠥᠨᠥᠳᠦᠷ ᠤᠨ ᠭᠤᠤᠯ ᠰᠡᠳᠦᠪ ᠢᠶᠠᠨ ᠶᠠᠷᠢᠯᠴᠠᠬᠤ ᠪᠣᠯᠤᠭᠰᠠᠨ ᠳᠤ ᠪᠠᠨ ᠮᠠᠰᠢ ᠪᠠᠶᠠᠷ ᠲᠠᠢ ᠪᠠᠶᠢᠨ᠎ᠠ᠂ ᠮᠥᠨ ᠴᠦ | ᠲᠠ ᠪᠦᠬᠦᠨ ᠤ ᠥᠪᠡᠷᠲᠡᠭᠡᠨ ᠵᠠᠰᠠᠬᠤ ᠣᠷᠣᠨ ᠤ ᠡᠮᠡᠭᠲᠡᠶᠢᠴᠦᠳ ᠬᠡᠤᠬᠡᠳ ᠤᠳ ᠤᠨ ᠦᠢᠯᠡᠰ ᠢ ᠬᠠᠯᠠᠮᠵᠢᠯᠠᠨ | ᠳᠡᠮᠵᠢᠭᠰᠡᠨ ᠳᠤ ᠲᠠᠯᠠᠷᠬᠠᠵᠤ ᠪᠠᠶᠢᠨ᠎ᠠ᠃ | ᠬᠥᠲᠥᠯᠥᠭᠴᠢ | ᠭᠦᠸᠧ ᠲᠡᠷᠢᠭᠦᠯᠡᠭᠴᠢ ᠡ᠂ ᠥᠨᠥᠳᠦᠷ ᠲᠠᠨ ᠲᠠᠢ ᠶᠠᠷᠢᠯᠴᠠᠬᠤ ᠭᠡᠵᠦ ᠪᠠᠶᠢᠭ᠎ᠠ ᠰᠡᠳᠦᠪ ᠪᠣᠯ ︽ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮᠡᠭᠲᠡᠶᠢᠴᠦᠳ ᠤᠨ ᠬᠥᠭᠵᠢᠯᠲᠡ ᠶᠢᠨ ᠬᠥᠲᠥᠯᠪᠦᠷᠢ︾ ᠪᠠ ︽ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠡᠤᠬᠡᠳ ᠤᠳ ᠤᠨ ᠬᠥᠭᠵᠢᠯᠲᠡ ᠶᠢᠨ ᠬᠥᠲᠥᠯᠪᠦᠷᠢ︾ | ᠪᠣᠯᠤᠨ᠎ᠠ᠃ ᠶᠠᠭᠤᠨ ᠤ ᠲᠡᠷᠢᠭᠦᠨ ᠳᠤ ᠪᠢ ᠥᠪᠡᠷᠲᠡᠭᠡᠨ ᠡᠨᠡ ᠰᠡᠳᠦᠪ ᠢ ᠶᠡᠭᠡ ᠰᠣᠨᠢᠷᠬᠠᠳᠠᠭ᠂ ᠡᠮᠡᠭᠲᠡᠶᠢᠴᠦᠳ | ᠬᠡᠦᠬᠡᠳ ᠤᠳ ᠤᠨ ᠡᠷᠬᠡ ᠠᠰᠢᠭ ᠤᠨ ᠬᠠᠮᠠᠭᠠᠯᠠᠯᠲᠠ ᠨᠢ ᠭᠡᠷ ᠪᠦᠯᠢ ᠨᠢᠭᠡᠪᠦᠷᠢ ᠲᠠᠢ ᠨᠢᠭᠲᠠ ᠬᠤᠯᠪᠣᠭ᠎ᠠ ᠲᠠᠢ᠂ | ᠵᠠᠷᠢᠮ ᠬᠡᠮᠵᠢᠶᠡᠨ ᠳᠤ ᠨᠢᠭᠡ ᠭᠡᠷ ᠪᠦᠯᠢ ᠶᠢᠨ ᠵᠣᠯ ᠵᠢᠷᠭᠠᠯ ᠲᠠᠢ ᠪᠠᠶᠢᠬᠤ ᠡᠰᠡᠬᠦ᠂ ᠵᠣᠯ ᠵᠢᠷᠭᠠᠯ ᠤᠨ ᠬᠡᠮᠵᠢᠶ᠎ᠡ | ᠥᠨᠳᠥᠷ ᠡᠰᠡᠬᠦ ᠳᠤ ᠡᠮᠡᠭᠲᠡᠶᠢᠴᠦᠳ ᠬᠡᠦᠬᠡᠳ ᠤᠳ ᠤᠨ ᠬᠠᠨᠤᠮᠵᠢ ᠶᠢᠨ ᠬᠡᠮᠵᠢᠶ᠎ᠡ ᠲᠦᠢᠯ ᠤᠨ ᠴᠢᠬᠤᠯᠠ | ᠬᠤᠯᠪᠤᠭ᠎ᠠ ᠲᠠᠢ ᠪᠠᠶᠢᠳᠠᠭ᠃ | ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠡᠮᠡᠭᠲᠡᠶᠢᠴᠦᠳ ᠬᠡᠦᠬᠡᠳ ᠤᠳ ᠤᠨ ᠠᠵᠢᠯ ᠤᠨ | ᠵᠥᠪᠯᠡᠯ ᠤᠨ ᠭᠡᠰᠢᠭᠦᠨ᠂ ᠥᠪᠡᠷᠲᠡᠭᠡᠨ ᠵᠠᠰᠠᠬᠤ ᠣᠷᠣᠨ ᠤ ᠡᠮᠡᠭᠲᠡᠶᠢᠴᠦᠳ ᠤᠨ ᠬᠤᠯᠪᠣᠭ᠎ᠠ ᠶᠢᠨ ᠨᠠᠮ ᠤᠨ | ᠤᠳᠤᠷᠢᠳᠬᠤ ᠳᠤᠭᠤᠶᠢᠯᠠᠩ ᠤᠨ ᠪᠦᠷᠢᠯᠳᠦᠬᠦᠨ᠂ ᠳᠡᠳ᠋ ᠲᠡᠷᠢᠭᠦᠯᠡᠭᠴᠢ ᠭᠦᠸᠧ ᠵᠢᠩ ᠯᠢ | ᠦᠨᠡᠨ ᠳᠤ ᠪᠠᠨ ᠨᠠᠮ ᠪᠠ ᠵᠠᠰᠠᠭ ᠤᠨ ᠣᠷᠳᠣᠨ ᠡᠮᠡᠭᠲᠡᠶᠢᠴᠦᠳ ᠬᠡᠦᠬᠡᠳ ᠤᠳ ᠤᠨ ᠠᠵᠢᠯ ᠢ ᠳᠡᠭᠡᠳᠦ | ᠬᠡᠮᠵᠢᠶ᠎ᠡ ᠪᠠᠷ ᠴᠢᠬᠤᠯᠠᠴᠢᠯᠠᠵᠤ᠂ ᠡᠮᠡᠭᠲᠡᠶᠢᠴᠦᠳ ᠬᠡᠦᠬᠡᠳ ᠤᠳ ᠤᠨ ᠦᠢᠯᠡᠰ ᠢ ᠬᠥᠭᠵᠢᠭᠦᠯᠬᠦ ᠶᠢ ᠨᠠᠮ ᠪᠠ | ᠤᠯᠤᠰ ᠤᠨ ᠦᠢᠯᠡᠰ ᠤᠨ ᠴᠢᠬᠤᠯᠠ ᠪᠦᠷᠢᠯᠳᠦᠬᠦᠨ ᠬᠡᠰᠡᠭ ᠪᠣᠯᠭᠠᠭᠰᠠᠭᠠᠷ ᠢᠷᠡᠭᠰᠡᠨ ᠶᠤᠮ᠃ ᠡᠮᠡᠭᠲᠡᠶᠢᠴᠦᠳ | ᠬᠡᠦᠬᠡᠳ ᠤᠳ ᠪᠣᠯ ᠰᠠᠶᠢᠨ ᠰᠠᠶᠢᠬᠠᠨ ᠠᠮᠢᠳᠤᠷᠠᠯ ᠢ ᠬᠠᠮᠲᠤᠪᠠᠷ ᠪᠠᠶᠢᠭᠤᠯᠵᠤ ᠬᠠᠮᠲᠤᠪᠠᠷ ᠬᠦᠷᠲᠡᠬᠦ᠂ ᠨᠡᠶᠢᠭᠡᠮ | ᠵᠢᠷᠤᠮ ᠤᠨ ᠣᠳᠣᠬᠢᠴᠢᠯᠠᠭᠰᠠᠨ ᠤᠯᠤᠰ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠶᠢᠨ ᠴᠢᠬᠤᠯᠠ ᠬᠦᠴᠦᠨ᠂ | ᠮᠥᠨ ᠴᠤ ᠠᠮᠢᠳᠤ ᠬᠦᠴᠦᠨ ᠨᠢ ᠶᠤᠮ᠂ ᠡᠮᠡᠭᠲᠡᠶᠢᠴᠦᠳ ᠢ ᠬᠦᠨᠳᠦᠳᠬᠡᠵᠦ ᠬᠡᠦᠬᠡᠳ ᠤᠳ ᠢ ᠬᠠᠯᠠᠮᠵᠢᠯᠠᠨ | ᠬᠠᠶᠢᠷᠠᠯᠠᠬᠤ ᠪᠣᠯ ᠨᠡᠶᠢᠭᠡᠮ ᠤᠨ ᠪᠣᠯᠪᠠᠰᠤᠨ ᠤ ᠲᠠᠪᠰᠢᠯᠳᠠ ᠶᠢᠨ ᠴᠢᠬᠤᠯᠠ ᠪᠡᠯᠭᠡ ᠲᠡᠮᠳᠡᠭ᠂ ᠡᠮᠡᠭᠲᠡᠶᠢᠴᠦᠳ | ᠬᠡᠦᠬᠡᠳ ᠤᠳ ᠤᠨ ᠬᠥᠭᠵᠢᠯᠲᠡ ᠪᠣᠯ ᠤᠯᠤᠰ ᠤᠨ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠴᠢᠬᠤᠯᠠ | ᠠᠭᠤᠯᠭ᠎ᠠ ᠮᠥᠨ᠃ | ᠬᠥᠲᠥᠯᠥᠭᠴᠢ | ᠪᠢᠳᠡᠨ ᠤ ᠮᠡᠳᠡᠭᠡᠵᠢ ᠪᠠᠷ᠂ 2011 — 2020 ᠣᠨ ᠳᠤ ︽ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠡᠮᠡᠭᠲᠡᠶᠢᠴᠦᠳ ᠤᠨ ᠬᠥᠭᠵᠢᠯᠲᠡ ᠶᠢᠨ ᠬᠥᠲᠥᠯᠪᠦᠷᠢ︾ ᠪᠠ ︽ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠬᠡᠤᠬᠡᠳ ᠤᠳ ᠤᠨ ᠬᠥᠭᠵᠢᠯᠲᠡ ᠶᠢᠨ ᠬᠥᠲᠥᠯᠪᠦᠷᠢ︾ ᠶᠢ ᠨᠡᠶᠢᠲᠡᠯᠡᠨ | ᠬᠡᠷᠡᠭᠵᠢᠭᠦᠯᠦᠭᠰᠡᠨ ᠠᠴᠠ ᠨᠠᠭᠠᠰᠢ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ | ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠠᠯᠢ ᠣᠯᠠᠨ ᠰᠠᠶᠢᠨ ᠠᠷᠭ᠎ᠠ ᠬᠡᠮᠵᠢᠶ᠎ᠡ ᠰᠠᠶᠢᠨ ᠲᠥᠷᠥ ᠶᠢᠨ | ᠪᠣᠳᠣᠯᠭ᠎ᠠ ᠨᠤᠭᠤᠳ ᠢ ᠨᠡᠶᠢᠲᠡᠯᠡᠨ ᠬᠡᠷᠡᠭᠵᠢᠭᠦᠯᠵᠦ ᠡᠮᠡᠭᠲᠡᠶᠢᠴᠦᠳ ᠬᠡᠤᠬᠡᠳ ᠤᠳ ᠤᠨ ᠡᠷᠬᠡ ᠠᠰᠢᠭ ᠢ | ᠬᠠᠮᠠᠭᠠᠯᠠᠭᠰᠠᠭᠠᠷ ᠢᠷᠡᠯ᠎ᠡ᠂ ᠲᠡᠭᠡᠪᠡᠯ ᠡᠨᠡ 10 ᠵᠢᠯ ᠤᠨ ᠲᠤᠷᠰᠢ ᠬᠢᠷᠢ ᠵᠡᠷᠭᠡ ᠦᠷ᠎ᠡ ᠪᠦᠲᠦᠮᠵᠢ ᠣᠯᠣᠭᠰᠠᠨ ᠪᠣᠶ︖ | | ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠡᠮᠡᠭᠲᠡᠶᠢᠴᠦᠳ ᠬᠡᠦᠬᠡᠳ ᠤᠳ ᠤᠨ | ᠠᠵᠢᠯ ᠤᠨ ᠵᠥᠪᠯᠡᠯ ᠤᠨ ᠭᠡᠰᠢᠭᠦᠨ᠂ ᠥᠪᠡᠷᠲᠡᠭᠡᠨ ᠵᠠᠰᠠᠬᠤ ᠣᠷᠣᠨ ᠤ ᠡᠮᠡᠭᠲᠡᠶᠢᠴᠦᠳ ᠤᠨ ᠬᠤᠯᠪᠣᠭ᠎ᠠ ᠶᠢᠨ | ᠨᠠᠮ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ᠂ ᠳᠡᠳ᠋ ᠲᠡᠷᠢᠭᠦᠯᠡᠭᠴᠢ ᠭᠦᠸᠧ ᠵᠢᠩ ᠯᠢ | ᠶᠡᠷᠡᠭᠡᠳ ᠣᠨ ᠠᠴᠠ ᠡᠬᠢᠯᠡᠨ᠂ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤᠷᠢᠳ | ᠬᠤᠵᠢᠳ ᠭᠤᠷᠪᠠᠨ ᠦᠶᠡᠯᠡᠯ ᠤᠨ ᠬᠤᠭᠤᠴᠠᠭᠠᠨ ᠤ ᠡᠮᠡᠭᠲᠡᠶᠢᠴᠦᠳ ᠬᠡᠤᠬᠡᠳ ᠤᠳ ᠤᠨ ᠬᠥᠭᠵᠢᠯᠲᠡ ᠶᠢᠨ | ᠬᠥᠲᠥᠯᠪᠦᠷᠢ ᠶᠢ ᠪᠡᠶᠡᠯᠡᠭᠦᠯᠦᠨ ᠬᠡᠷᠡᠭᠵᠢᠭᠦᠯᠵᠦ᠂ 30 ᠵᠢᠯ ᠤᠨ ᠲᠤᠷᠰᠢ ᠡᠮᠡᠭᠲᠡᠶᠢᠴᠦᠳ ᠬᠡᠦᠬᠡᠳ ᠤᠳ ᠤᠨ ᠡᠷᠬᠡ | ᠠᠰᠢᠭ ᠢ ᠬᠠᠮᠠᠭᠠᠯᠠᠬᠤ ᠳᠤ ᠴᠢᠬᠤᠯᠠ ᠪᠠᠲᠤᠯᠠᠭ᠎ᠠ ᠬᠠᠩᠭᠠᠵᠠᠢ᠃ ᠢᠯᠠᠩᠭᠤᠶ᠎ᠠ 2011 — 2020 ᠣᠨ ᠳᠤ ︽ | ᠬᠤᠶᠠᠷ ᠬᠥᠲᠥᠯᠪᠦᠷᠢ︾ ᠶᠢ ᠨᠡᠶᠢᠲᠡᠯᠡᠨ ᠬᠡᠷᠡᠭᠵᠢᠭᠦᠯᠦᠭᠰᠡᠨ ᠠᠴᠠ ᠨᠠᠭᠠᠰᠢ᠂ ᠥᠪᠡᠷᠲᠡᠭᠡᠨ ᠵᠠᠰᠠᠬᠤ ᠣᠷᠣᠨ ᠤ | ᠨᠠᠮ ᠤᠨ ᠬᠤᠷᠢᠶ᠎ᠠ᠂ ᠵᠠᠰᠠᠭ ᠤᠨ ᠣᠷᠳᠣᠨ ᠡᠷᠡᠭᠲᠡᠶ ᠡᠮᠡᠭᠲᠡᠶ ᠡᠷᠬᠡ ᠲᠡᠭᠰᠢ ᠪᠠᠶᠢᠬᠤ ᠤᠯᠤᠰ ᠤᠨ ᠦᠨᠳᠦᠰᠦᠨ | ᠪᠣᠳᠣᠯᠭ᠎ᠠ ᠪᠠ ᠬᠡᠤᠬᠡᠳ ᠢ ᠤᠷᠢᠳ ᠢᠶᠠᠷ ᠪᠣᠳᠤᠯᠬᠢᠯᠠᠬᠤ ᠵᠠᠷᠴᠢᠮ ᠢ ᠬᠢᠨᠠᠮᠠᠭᠠᠶ ᠲᠤᠭᠤᠰᠢᠯᠠᠭᠤᠯᠤᠨ᠂ ᠡᠮᠡᠭᠲᠡᠶᠢᠴᠦᠳ | ᠬᠡᠦᠬᠡᠳ ᠤᠳ ᠤᠨ ᠦᠢᠯᠡᠰ ᠢ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠪᠥᠬᠦ ᠲᠠᠯ᠎ᠠ ᠶᠢᠨ ᠴᠢᠬᠤᠯᠠ | ᠪᠠᠶᠢᠷᠢᠨ ᠳᠤ ᠲᠠᠯᠪᠢᠵᠤ᠂ ︽ᠬᠤᠶᠠᠷ ᠬᠥᠲᠥᠯᠪᠦᠷᠢ︾ ᠶᠢᠨ ᠡᠯ᠎ᠡ ᠵᠦᠢᠯ ᠤᠨ ᠡᠭᠦᠷᠭᠡ ᠶᠢ ᠨᠠᠶᠢᠳᠠᠪᠤᠷᠢᠵᠢᠭᠤᠯᠬᠤ ᠶᠢ | ᠳᠥᠯᠭᠢᠨ ᠠᠬᠢᠭᠤᠯᠵᠤ᠂ ᠡᠮᠡᠭᠲᠡᠶᠢᠴᠦᠳ ᠤᠨ ᠬᠥᠭᠵᠢᠯᠲᠡ᠂ ᠬᠡᠤᠬᠡᠳ ᠤᠳ ᠤᠨ ᠪᠤᠶᠢᠵᠢᠯᠲᠠ ᠶᠢᠨ ᠣᠷᠴᠢᠨ | ᠨᠥᠭᠦᠴᠡᠯ ᠢ ᠦᠷᠭᠦᠯᠵᠢᠯᠡᠨ ᠰᠠᠶᠢᠵᠢᠷᠠᠭᠤᠯᠵᠤ᠂ ᠡᠮᠡᠭᠲᠡᠶᠢᠴᠦᠳ ᠬᠡᠦᠬᠡᠳ ᠤᠳ ᠤᠨ ᠦᠢᠯᠡᠰ ᠰᠢᠨ᠎ᠡ ᠠᠮᠵᠢᠯᠲᠠ | ᠤᠯᠪᠠ᠃ | ᠨᠢᠭᠡ᠂ ᠡᠮᠡᠭᠲᠡᠶᠢᠴᠦᠳ ᠤᠨ ᠡᠷᠬᠡ ᠠᠰᠢᠭ ᠢ ᠪᠦᠬᠦ ᠲᠠᠯ᠎ᠠ ᠪᠠᠷ ᠬᠠᠮᠠᠭᠠᠯᠠᠨ ᠬᠦᠭᠵᠢᠭᠦᠯᠵᠡᠢ᠃ | ᠡᠮᠡᠭᠲᠡᠶᠢᠴᠦᠳ ᠤᠨ ᠡᠷᠡᠭᠦᠯ ᠮᠡᠨᠳᠦ ᠶᠢᠨ ᠬᠢᠷᠢ ᠬᠡᠮᠵᠢᠶ᠎ᠡ ᠶᠢ ᠦᠷᠭᠦᠯᠵᠢᠯᠡᠨ ᠳᠡᠭᠡᠭᠰᠢᠯᠡᠭᠦᠯᠵᠦ᠂ ᠪᠥᠬᠦ ᠣᠷᠣᠨ ᠤ | ᠡᠮᠡᠭᠲᠡᠶᠢᠴᠦᠳ ᠤᠨ ᠬᠥᠮᠦᠨ ᠳᠤᠮᠳᠠᠴᠢ ᠶᠢᠨ ᠵᠢᠱᠢᠯᠲᠡ ᠨᠠᠰᠤᠨ ᠬᠤᠲᠤᠭ 80.45 ᠨᠠᠰᠤᠨ ᠳᠤ ᠬᠦᠷᠴᠦ᠂ | 2010 ᠣᠨ ᠤ ᠬᠢ ᠠᠴᠠ 3.18 ᠨᠠᠰᠤ ᠦᠨᠳᠦᠷ ᠪᠣᠯᠪᠠ᠃ ᠡᠮᠡᠭᠲᠡᠶᠢᠴᠦᠳ ᠤᠨ ᠰᠤᠷᠭᠠᠨ ᠬᠥᠮᠦᠵᠢᠯ | ᠬᠦᠷᠲᠡᠭᠰᠡᠨ ᠬᠡᠮᠵᠢᠶ᠎ᠡ ᠲᠠᠰᠤᠷᠠᠯᠳᠠ ᠥᠭᠡᠢ ᠳᠡᠭᠡᠭᠰᠢᠯᠡᠵᠦ᠂ ᠡᠩ ᠤᠨ ᠥᠨᠳᠥᠷ ᠵᠡᠷᠭᠡ ᠶᠢᠨ ᠳᠤᠮᠳᠠᠳᠤ | ᠰᠤᠷᠭᠠᠭᠤᠯᠢ ᠳᠤ ᠪᠠᠶᠢᠭ᠎ᠠ ᠡᠮᠡᠭᠲᠡᠶ ᠰᠤᠷᠤᠬᠴᠢ ᠶᠢᠨ ᠬᠠᠷᠢᠴᠠᠯ 51.73% ᠶᠢ ᠡᠵᠡᠯᠡᠵᠦ᠂ ᠡᠩ ᠤᠨ ᠳᠡᠭᠡᠳᠦ | ᠵᠡᠷᠭᠡ ᠶᠢᠨ ᠰᠤᠷᠭᠠᠭᠤᠯᠢ ᠳᠤ ᠪᠠᠶᠢᠭ᠎ᠠ ᠡᠮᠡᠭᠲᠡᠶ ᠰᠤᠷᠤᠬᠴᠢ ᠶᠢᠨ ᠬᠠᠷᠢᠴᠠᠯ 51.95% ᠶᠢ ᠡᠵᠡᠯᠡᠵᠦ ᠪᠠᠶᠢᠨ᠎ᠠ᠃ | ᠡᠮᠡᠭᠲᠡᠶᠢᠴᠦᠳ ᠤᠨ ᠠᠵᠤ ᠠᠬᠤᠶ ᠶᠢᠨ ᠬᠥᠭᠵᠢᠯᠲᠡ ᠳᠤ ᠣᠷᠣᠯᠴᠠᠬᠤ ᠴᠢᠳᠠᠪᠤᠷᠢ ᠪᠠ ᠬᠤᠪᠢ ᠨᠡᠮᠡᠷᠢ ᠶᠢᠨ ᠨᠤᠷᠮ᠎ᠠ | ᠮᠡᠳᠡᠭᠳᠡᠬᠦ᠋ᠢᠴᠡ ᠳᠡᠭᠡᠭᠰᠢᠯᠡᠵᠦ᠂ ᠡᠮᠡᠭᠲᠡᠶᠢᠴᠦᠳ ᠤᠨ ᠠᠵᠢᠯ ᠤᠯᠬᠤ ᠠᠷᠭ᠎ᠠ ᠵᠠᠮ ᠨᠢ ᠲᠠᠰᠤᠷᠠᠯᠳᠠ ᠦᠭᠡᠢ | ᠦᠷᠭᠡᠳᠴᠦ᠂ ᠬᠥᠳᠡᠯᠮᠦᠷᠢ ᠠᠵᠢᠯ ᠣᠯᠭᠤᠯᠲᠠ ᠶᠢᠨ ᠡᠷᠬᠡ ᠠᠳᠠᠯᠢ ᠲᠡᠭᠰᠢ ᠪᠠᠲᠤᠯᠠᠭ᠎ᠠ ᠲᠠᠢ ᠪᠣᠯᠵᠠᠢ᠃ | ᠡᠮᠡᠭᠲᠡᠶᠢᠴᠦᠳ ᠤᠨ ᠠᠷᠠᠳᠴᠢᠯᠠᠭᠰᠠᠨ ᠬᠠᠮᠢᠶᠠᠷᠤᠯᠲᠠ ᠪᠠ ᠨᠡᠶᠢᠭᠡᠮ ᠤᠨ ᠵᠠᠰᠠᠯᠲᠠ ᠳᠤ ᠣᠷᠣᠯᠴᠠᠬᠤ | ᠰᠠᠨᠠᠭᠠᠴᠢᠯᠠᠭᠠᠲᠤ ᠴᠢᠨᠠᠷ᠂ ᠢᠳᠡᠪᠬᠢ ᠴᠢᠨᠠᠷ ᠢᠯᠡᠳᠲᠡ ᠴᠢᠩᠭᠠᠷᠠᠵᠤ᠂ ᠡᠮᠡᠭᠲᠡᠶᠢᠴᠦᠳ ᠤᠨ ᠠᠰᠠᠷᠠᠮᠵᠢ ᠶᠢᠨ | ᠪᠠᠲᠤᠯᠠᠭ᠎ᠠ ᠦᠷᠭᠦᠯᠵᠢᠯᠡᠨ ᠴᠢᠩᠭᠠᠷᠠᠵᠤ᠂ ᠥᠷᠭᠡᠨ ᠤᠯᠠᠨ ᠡᠮᠡᠭᠲᠡᠶᠢᠴᠦᠳ ᠤᠨ ᠬᠦᠷᠲᠡᠮᠵᠢ ᠶᠢᠨ ᠲᠦᠷᠦᠭᠳᠡᠯ ᠵᠣᠯ | ᠵᠢᠷᠭᠠᠯᠲᠤ ᠲᠦᠷᠦᠭᠳᠡᠯ ᠠᠮᠤᠷ ᠲᠦᠪᠰᠢᠨ ᠤ ᠲᠦᠷᠦᠭᠳᠡᠯ ᠤᠯᠠᠮ ᠨᠢᠭᠡ ᠠᠯᠬᠤᠮ ᠳᠡᠭᠡᠭᠰᠢᠯᠡᠪᠡ᠃ | ᠬᠤᠶᠠᠷ᠂ ᠥᠷᠭᠡᠨ ᠤᠯᠠᠨ ᠪᠠᠭᠠᠴᠤᠳ ᠬᠡᠦᠬᠡᠳ ᠤᠳ ᠡᠷᠡᠭᠦᠯ ᠢᠶᠠᠷ ᠦᠰᠦᠨ ᠪᠤᠶᠢᠵᠢᠵᠤ ᠪᠣᠢ᠃ | ᠬᠡᠦᠬᠡᠳ ᠤᠳ ᠤᠨ ᠡᠷᠡᠭᠦᠯ ᠮᠡᠨᠳᠤ ᠪᠦᠬᠦ ᠲᠠᠯ᠎ᠠ ᠪᠠᠲᠤᠯᠠᠭ᠎ᠠ ᠲᠠᠢ ᠪᠣᠯᠵᠤ᠂ ᠨᠢᠯᠬ᠎ᠠ ᠬᠡᠦᠬᠡᠳ ᠤᠨ ᠦᠬᠦᠯ ᠤᠨ | ᠨᠤᠷᠮ᠎ᠠ᠂ 5 ᠨᠠᠰᠤᠨ ᠠᠴᠠ ᠳᠣᠷᠣᠭᠰᠢᠬᠢ ᠬᠡᠦᠬᠡᠳ ᠤᠨ ᠦᠬᠦᠯᠲᠡ ᠶᠢᠨ ᠨᠤᠷᠮ᠎ᠠ ᠨᠢ 2010 ᠣᠨ ᠤ ᠬᠢ ᠠᠴᠠ | ᠳᠤᠰ ᠳᠤᠰ 71.1% ᠪᠠ 71.2% ᠢᠶᠠᠷ ᠪᠠᠭᠤᠷᠠᠵᠤ᠂ ᠬᠡᠦᠬᠡᠳ ᠲᠤ ᠪᠠᠶᠢᠩᠭᠤ ᠲᠣᠬᠢᠶᠠᠯᠳᠤᠳᠠᠭ ᠡᠪᠡᠳᠴᠢᠨ᠂ | ᠤᠯᠠᠨ ᠡᠭᠦᠰᠳᠡᠭ ᠡᠪᠡᠳᠴᠢᠨ ᠢ ᠪᠦᠲᠦᠮᠵᠢᠲᠡᠶ ᠪᠠᠷ ᠰᠡᠷᠭᠡᠶᠢᠯᠡᠨ ᠵᠠᠰᠠᠪᠠ᠃ ᠬᠡᠦᠬᠡᠳ ᠤᠳ ᠤᠨ ᠰᠤᠷᠭᠠᠨ ᠬᠥᠮᠦᠵᠢᠯ | ᠬᠦᠷᠲᠡᠭᠰᠡᠨ ᠬᠢᠷᠢ ᠲᠥᠪᠰᠢᠨ ᠲᠣᠭᠲᠠᠭᠤᠨ ᠢᠶᠠᠷ ᠳᠡᠭᠡᠭᠰᠢᠯᠡᠵᠦ᠂ ᠰᠤᠷᠭᠠᠭᠤᠯᠢ ᠶᠢᠨ ᠨᠠᠰᠤᠨ ᠠᠴᠠ ᠡᠮᠦᠨᠡᠬᠢ | ᠭᠤᠷᠪᠠᠨ ᠵᠢᠯ ᠤᠨ ᠴᠡᠴᠡᠷᠯᠢᠭ ᠲᠤ ᠣᠷᠣᠬᠤ ᠪᠦᠬᠦ ᠨᠤᠷᠮ᠎ᠠ 2010 ᠣᠨ ᠤ ᠬᠢ ᠠᠴᠠ 38.7 ᠵᠠᠭᠤᠨ ᠤ ᠴᠡᠭ | ᠳᠡᠭᠡᠭᠰᠢᠯᠡᠵᠦ᠂ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠱᠠᠲᠤᠨ ᠳᠠᠬᠢ ᠰᠤᠷᠤᠭᠴᠢᠳ ᠤᠨ ᠶᠠᠳᠠᠭᠤ | ᠬᠦᠴᠢᠷᠳᠡᠯᠲᠡᠶ ᠠᠴᠠ ᠪᠤᠯᠵᠤ ᠰᠤᠷᠤᠯᠭ᠎ᠠ ᠪᠠᠨ ᠲᠤᠷᠭᠤᠨ ᠵᠣᠭᠰᠤᠬᠤ ᠪᠠᠶᠢᠳᠠᠯ ᠢ ᠬᠥᠳᠡᠯᠦᠩᠭᠦᠶ ᠪᠠᠷ ᠦᠭᠡᠢ | ᠪᠣᠯᠭᠠᠵᠤ᠂ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠱᠠᠲᠤᠨ ᠤ ᠰᠤᠷᠭᠠᠭᠤᠯᠢ ᠳᠤ ᠣᠷᠣᠬᠤ ᠪᠦᠬᠦ | ᠨᠤᠷᠮ᠎ᠠ 94.63% ᠳᠤ ᠬᠦᠷᠴᠡᠢ᠃ ᠬᠡᠦᠬᠡᠳ ᠤᠨ ᠠᠰᠠᠷᠠᠮᠵᠢ ᠶᠢᠨ ᠪᠠᠲᠤᠯᠠᠭ᠎ᠠ ᠶᠢᠨ ᠬᠢᠷᠢ ᠲᠦᠪᠰᠢᠨ ᠢ | ᠲᠣᠭᠲᠠᠭᠤᠨ ᠢᠶᠠᠷ ᠳᠡᠭᠡᠭᠰᠢᠯᠡᠭᠦᠯᠵᠦ᠂ ᠬᠡᠦᠬᠡᠳ ᠢ ᠬᠠᠯᠠᠮᠵᠢᠯᠠᠨ ᠬᠠᠶᠢᠷᠠᠯᠠᠬᠤ ᠨᠡᠶᠢᠭᠡᠮ ᠤᠨ ᠠᠭᠤᠷ ᠠᠮᠢᠰᠬᠤᠯ ᠢ | ᠨᠡᠩ ᠥᠳᠬᠡᠷᠡᠭᠦᠯᠪᠡ᠃ | ᠬᠥᠲᠥᠯᠥᠭᠴᠢ | ᠭᠦᠸᠧ ᠲᠡᠷᠢᠭᠦᠯᠡᠭᠴᠢ ᠡ᠂ ᠲᠠᠨ ᠤ ᠰᠠᠶ᠋ᠢ ᠶᠢᠨ ᠵᠢᠭᠰᠠᠭᠠᠭᠰᠠᠨ ᠲᠡᠷᠡ ᠤᠯᠠᠨ ᠲᠤᠭ᠎ᠠ | ᠪᠠᠷᠢᠮᠲᠠ ᠨᠤᠭᠤᠳ ᠵᠢᠴᠢ ᠪᠢᠳᠡᠨ ᠤ ᠳᠡᠷᠭᠡᠳᠡᠬᠢ ᠠᠯᠢ ᠤᠯᠠᠨ ᠬᠤᠪᠢᠷᠠᠯᠲᠠ ᠨᠤᠭᠤᠳ᠂ ᠵᠢᠱᠢᠶᠡᠯᠡᠪᠡᠯ | ᠡᠮᠡᠭᠲᠡᠶᠢᠴᠦᠳ ᠤᠨ ᠨᠡᠶᠢᠭᠡᠮ ᠤᠨ ᠡᠯ᠎ᠡ ᠬᠦᠷᠢᠶ᠎ᠡ ᠡᠯ᠎ᠡ ᠠᠵᠢᠯ ᠲᠦᠷᠦᠯ ᠳᠠᠬᠢ ᠣᠷᠣᠯᠴᠠᠯᠭ᠎ᠠ ᠶᠢᠨ ᠬᠡᠮᠵᠢᠶ᠎ᠡ᠂ | ᠬᠡᠦᠬᠡᠳ ᠤᠳ ᠤᠨ ᠰᠤᠷᠭᠠᠨ ᠬᠥᠮᠦᠵᠢᠯ ᠬᠦᠷᠲᠡᠬᠦ ᠲᠦᠪᠰᠢᠨ ᠵᠡᠷᠭᠡ ᠠᠴᠠ ᠪᠦᠬᠦ ᠣᠷᠣᠨ ᠤ ᠡᠮᠡᠭᠲᠡᠶᠢᠴᠦᠳ | ᠬᠡᠦᠬᠡᠳ ᠤᠳ ᠤᠨ ᠦᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠦᠨᠡᠨ ᠬᠦ ᠣᠯᠵᠤ ᠬᠠᠷᠠᠨ᠎ᠠ᠃ ᠲᠡᠭᠡᠪᠡᠯ | 2021 ᠣᠨ ᠠᠴᠠ ᠡᠬᠢᠯᠡᠨ᠂ ᠠᠷᠪᠠᠨ ᠳᠥᠷᠪᠡᠳᠦᠭᠡᠷ ᠲᠠᠪᠤᠨ ᠵᠢᠯ ᠤᠨ ᠡᠬᠢᠯᠡᠯᠲᠡ᠂ ᠰᠢᠨ᠎ᠡ ᠴᠠᠭ ᠦᠶ᠎ᠡ ᠨᠢ | ᠮᠠᠨ ᠤ ᠣᠷᠣᠨ ᠤ ᠡᠮᠡᠭᠲᠡᠶᠢᠴᠦᠳ ᠬᠡᠦᠬᠡᠳ ᠤᠳ ᠤᠨ ᠦᠢᠯᠡᠰ ᠲᠤ ᠰᠢᠨ᠎ᠡ ᠠᠭᠤᠯᠤᠭᠳᠠᠬᠤᠨ ᠨᠡᠮᠡᠷᠢᠯᠡᠭᠰᠡᠨ ᠪᠠᠶᠢᠨ᠎ᠠ | ᠂ ᠡᠨᠡ ᠬᠦ ᠰᠢᠨ᠎ᠡ ︽ᠬᠤᠶᠠᠷ ᠬᠥᠲᠥᠯᠪᠦᠷᠢ︾ ᠳᠤ ᠶᠠᠮᠠᠷ ᠶᠠᠮᠠᠷ ᠰᠢᠨ᠎ᠡ ᠬᠤᠪᠢᠷᠠᠯᠲᠠ ᠪᠠᠶᠢᠬᠤ ᠪᠤᠢ᠂ ᠥᠭᠡᠷ᠎ᠡ ᠪᠠᠷ | ᠬᠡᠯᠡᠪᠡᠯ ᠶᠠᠮᠠᠷ ᠶᠠᠮᠠᠷ ᠬᠢᠯᠠᠰ ᠴᠡᠭ ᠪᠠ ᠣᠨᠴᠠᠯᠢᠭ ᠪᠠᠶᠢᠬᠤ ᠪᠣᠶ︖ | ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠡᠮᠡᠭᠲᠡᠶᠢᠴᠦᠳ ᠬᠡᠦᠬᠡᠳ ᠤᠳ ᠤᠨ | ᠠᠵᠢᠯ ᠤᠨ ᠵᠥᠪᠯᠡᠯ ᠤᠨ ᠭᠡᠰᠢᠭᠦᠨ᠂ ᠥᠪᠡᠷᠲᠡᠭᠡᠨ ᠵᠠᠰᠠᠬᠤ ᠣᠷᠣᠨ ᠤ ᠡᠮᠡᠭᠲᠡᠶᠢᠴᠦᠳ ᠤᠨ ᠬᠤᠯᠪᠣᠭ᠎ᠠ ᠶᠢᠨ | ᠨᠠᠮ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ᠂ ᠳᠡᠳ᠋ ᠲᠡᠷᠢᠭᠦᠯᠡᠭᠴᠢ ᠭᠦᠸᠧ ᠵᠢᠩ ᠯᠢ | ᠰᠢᠨ᠎ᠡ ᠴᠠᠭ ᠦᠶ᠎ᠡ ᠳᠤ ᠬᠠᠨᠳᠤᠨ᠂ ᠰᠢᠨ᠎ᠡ ᠭᠠᠷᠤᠭ᠎ᠠ ᠳᠤ ᠰᠠᠭᠤᠷᠢᠯᠠᠵᠤ᠂ ᠥᠪᠡᠷᠲᠡᠭᠡᠨ ᠵᠠᠰᠠᠬᠤ | ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠶᠡᠷᠦᠩᠬᠡᠶ ᠱᠦᠵᠢ ᠰᠢ ᠶᠢᠨ ᠫᠢᠩ ᠤᠨ ᠡᠮᠡᠭᠲᠡᠶᠢᠴᠦᠳ᠂ | ᠬᠡᠦᠬᠡᠳ᠂ ᠭᠡᠷ ᠪᠦᠯᠢ ᠶᠢᠨ ᠲᠤᠬᠠᠶ ᠴᠢᠬᠤᠯᠠ ᠥᠭᠦᠯᠡᠯᠲᠡ ᠵᠢᠴᠢ ᠥᠪᠥᠷ ᠮᠣᠩᠭᠤᠯ ᠤᠨ ᠲᠤᠬᠠᠶ ᠴᠢᠬᠤᠯᠠ ᠶᠠᠷᠢᠶ᠎ᠠ | ᠴᠢᠬᠤᠯᠠ ᠵᠢᠭᠠᠪᠤᠷᠢ ᠴᠣᠬᠤᠯᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠶ ᠲᠤᠭᠤᠰᠢᠯᠠᠭᠤᠯᠵᠤ᠂ ᠤᠯᠤᠰ ᠤᠨ ᠰᠢᠨ᠎ᠡ ︽ | ᠬᠤᠶᠠᠷ ᠬᠥᠲᠥᠯᠪᠦᠷᠢ︾ ᠶᠢᠨ ᠪᠠᠷᠢᠮᠵᠢᠶ᠎ᠠ ᠲᠠᠢ ᠬᠠᠷᠭᠤᠭᠤᠯᠵᠤ᠂ ᠥᠪᠡᠷᠲᠡᠭᠡᠨ ᠵᠠᠰᠠᠬᠤ ᠣᠷᠣᠨ ᠤ ︽ᠠᠷᠪᠠᠨ | ᠳᠥᠷᠪᠡᠳᠦᠭᠡᠷ ᠲᠠᠪᠤᠨ ᠵᠢᠯ︾ ᠤᠨ ᠲᠥᠯᠥᠪᠵᠢᠭᠦᠯᠭᠡ ᠶᠢ ᠭᠦᠨᠵᠡᠭᠡᠶ ᠨᠠᠶᠢᠳᠠᠪᠤᠷᠢᠵᠢᠭᠤᠯᠵᠤ᠂ ᠰᠢᠨ᠎ᠡ ᠨᠢᠭᠡ | ᠡᠭᠡᠯᠵᠢ ᠶᠢᠨ ᠡᠮᠡᠭᠲᠡᠶᠢᠴᠦᠳ ᠬᠡᠦᠬᠡᠳ ᠤᠳ ᠤᠨ ᠬᠥᠭᠵᠢᠯᠲᠡ ᠶᠢᠨ ᠬᠥᠲᠥᠯᠪᠦᠷᠢ ︵2021 — 2030 ᠣᠨ | ︶ ᠶᠢ ᠨᠠᠶᠢᠷᠠᠭᠤᠯᠤᠨ ᠵᠣᠬᠢᠶᠠᠵᠤ᠂ ᠢᠷᠡᠭᠡᠳᠦᠶ ᠶᠢᠨ ᠠᠷᠪᠠᠨ ᠵᠢᠯ ᠤᠨ ᠪᠥᠬᠦ ᠣᠷᠣᠨ ᠤ ᠡᠮᠡᠭᠲᠡᠶᠢᠴᠦᠳ | ᠬᠡᠦᠬᠡᠳ ᠤᠳ ᠤᠨ ᠦᠢᠯᠡᠰ ᠤᠨ ᠬᠥᠭᠵᠢᠯᠲᠡ ᠳᠤ ᠪᠥᠬᠦ ᠲᠠᠯ᠎ᠠ ᠶᠢᠨ ᠪᠥᠬᠦ ᠶᠠᠪᠤᠴᠠ ᠶᠢᠨ ᠰᠢᠨᠵᠢᠯᠡᠬᠦ ᠤᠬᠠᠭᠠᠨᠴᠢ | ᠲᠥᠯᠥᠪᠵᠢᠭᠦᠯᠭᠡ ᠬᠢᠪᠠ᠃ | ᠥᠪᠡᠷᠲᠡᠭᠡᠨ ᠵᠠᠰᠠᠬᠤ ᠣᠷᠣᠨ ᠤ ᠰᠢᠨ᠎ᠡ ︽ᠬᠤᠶᠠᠷ ᠬᠥᠲᠥᠯᠪᠦᠷᠢ︾ ᠨᠢ ᠲᠣᠰ ᠪᠦᠷᠢ 4 ᠬᠡᠰᠡᠭ ᠢᠶᠠᠷ | ᠪᠦᠷᠢᠯᠳᠦᠪᠡ᠃ ᠨᠢᠭᠡ ᠳᠤ ︽ᠵᠢᠯᠣᠭᠤᠳᠬᠤ ᠦᠵᠡᠯ ᠰᠠᠨᠠᠭ᠎ᠠ᠂ ᠦᠨᠳᠦᠰᠦᠨ ᠵᠠᠷᠴᠢᠮ ᠪᠠ ᠶᠡᠷᠦᠩᠬᠡᠶ ᠬᠠᠷᠠᠯᠲᠠ︾︔ | ᠬᠤᠶᠠᠷ ᠲᠤ ︽ᠬᠥᠭᠵᠢᠯᠲᠡ ᠶᠢᠨ ᠬᠦᠷᠢᠶ᠎ᠡ᠂ ᠭᠤᠣᠯ ᠬᠠᠷᠠᠯᠲᠠ ᠪᠠ ᠠᠷᠭ᠎ᠠ ᠪᠤᠳᠤᠯᠭ᠎ᠠ ᠶᠢᠨ ᠠᠷᠭ᠎ᠠ ᠬᠡᠮᠵᠢᠶ᠎ᠡ︾︔ | ᠭᠤᠷᠪᠠ ᠳᠤ ︽ᠵᠣᠬᠢᠶᠠᠨ ᠪᠠᠶᠢᠭᠤᠯᠤᠯᠲᠠ ᠬᠡᠷᠡᠭᠵᠢᠭᠦᠯᠦᠯᠲᠡ︾︔ ᠲᠦᠷᠪᠡ ᠳᠤ ︽ᠬᠢᠨᠠᠨ ᠬᠡᠮᠵᠢᠯᠲᠡ ᠦᠨᠡᠯᠡᠯᠲᠡ | ᠵᠢᠱᠢᠯᠲᠡ︾ ᠪᠣᠯᠤᠨ᠎ᠠ᠃ ᠡᠮᠡᠭᠲᠡᠶᠢᠴᠦᠳ ᠤᠨ ᠬᠥᠭᠵᠢᠯᠲᠡ ᠶᠢᠨ ᠬᠦᠲᠦᠯᠪᠦᠷᠢ ᠳᠤ ᠭᠤᠣᠯᠳᠠᠭᠤ ᠡᠮᠡᠭᠲᠡᠶᠢᠴᠦᠳ | ᠬᠢᠭᠡᠳ ᠡᠷᠡᠭᠦᠯ ᠮᠡᠨᠳᠤ᠂ ᠰᠤᠷᠭᠠᠨ ᠬᠥᠮᠦᠵᠢᠯ᠂ ᠠᠵᠤ ᠠᠬᠤᠶ᠂ ᠰᠢᠢᠳᠪᠦᠷᠢᠲᠦ ᠪᠤᠳᠤᠯᠭ᠎ᠠ ᠪᠠ ᠬᠠᠮᠢᠶᠠᠷᠤᠯᠲᠠ᠂ | ᠨᠡᠶᠢᠭᠡᠮ ᠤᠨ ᠪᠠᠲᠤᠯᠠᠭ᠎ᠠ᠂ ᠭᠡᠷ ᠪᠦᠯᠢ ᠶᠢᠨ ᠪᠠᠶᠢᠭᠤᠯᠤᠯᠲᠠ᠂ ᠣᠷᠴᠢᠨ ᠨᠥᠭᠦᠴᠡᠯ᠂ ᠬᠠᠤᠯᠢ ᠴᠠᠭᠠᠵᠠ ᠵᠡᠷᠭᠡ 8 | ᠬᠦᠷᠢᠶ᠎ᠡ ᠶᠢᠨ ᠲᠣᠭᠤᠷᠢᠨ ᠳᠤ 81 ᠵᠦᠢᠯ ᠤᠨ ᠭᠤᠣᠯ ᠬᠠᠷᠠᠯᠲᠠ ᠡᠭᠦᠷᠭᠡ ᠪᠠ 97 ᠵᠦᠢᠯ ᠤᠨ ᠠᠷᠭ᠎ᠠ | ᠪᠤᠳᠤᠯᠭ᠎ᠠ ᠶᠢᠨ ᠠᠷᠭ᠎ᠠ ᠬᠡᠮᠵᠢᠶ᠎ᠡ ᠶᠢ ᠲᠣᠭᠲᠠᠭᠠᠵᠠᠶ᠃ ᠬᠡᠤᠬᠡᠳ ᠤᠨ ᠬᠥᠭᠵᠢᠯᠲᠡ ᠶᠢᠨ ᠬᠥᠲᠥᠯᠪᠦᠷᠢ ᠳᠤ | ᠭᠤᠤᠯᠳᠠᠭᠤ ᠬᠡᠤᠬᠡᠳ ᠬᠢᠭᠡᠳ ᠡᠷᠡᠭᠦᠯ ᠮᠡᠨᠳᠦ᠂ ᠠᠮᠤᠷ ᠲᠦᠪᠰᠢᠨ᠂ ᠰᠤᠷᠭᠠᠨ ᠬᠥᠮᠦᠵᠢᠯ᠂ ᠠᠰᠠᠷᠠᠮᠵᠢ᠂ ᠬᠡᠷ | ᠪᠦᠯᠢ᠂ ᠣᠷᠴᠢᠨ ᠨᠥᠭᠦᠴᠡᠯ᠂ ᠬᠠᠤᠯᠢ ᠴᠠᠭᠠᠵᠠ ᠶᠢᠨ ᠬᠠᠮᠠᠭᠠᠯᠠᠯᠲᠠ ᠵᠡᠷᠭᠡ 7 ᠬᠦᠷᠢᠶ᠎ᠡ ᠴᠠᠷᠠᠭ᠎ᠠ ᠶᠢᠨ | ᠲᠣᠭᠤᠷᠢᠨ ᠳᠤ 72 ᠵᠦᠢᠯ ᠤᠨ ᠭᠤᠤᠯ ᠬᠠᠷᠠᠯᠲᠠ ᠡᠭᠦᠷᠭᠡ ᠪᠠ 91 ᠵᠦᠢᠯ ᠤᠨ ᠠᠷᠭ᠎ᠠ ᠪᠣᠳᠣᠯᠭ᠎ᠠ ᠶᠢᠨ ᠠᠷᠭ᠎ᠠ | ᠬᠡᠮᠵᠢᠶ᠎ᠡ ᠶᠢ ᠲᠣᠭᠲᠠᠭᠠᠵᠤ᠂ ᠰᠢᠨ᠎ᠡ ︽ᠬᠤᠶᠠᠷ ᠬᠥᠲᠥᠯᠪᠦᠷᠢ︾ ᠶᠢᠨ ᠲᠣᠭᠲᠠᠯᠴᠠᠭ᠎ᠠ ᠶᠢᠨ ᠪᠦᠷᠢᠨ ᠲᠦᠬᠦᠷ ᠴᠢᠨᠠᠷ | ᠪᠠ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢᠨ ᠦᠷᠭᠦᠯᠵᠢᠯᠡᠯ ᠴᠢᠨᠠᠷ ᠢ ᠢᠯᠡᠷᠡᠭᠦᠯᠪᠡ᠃ | ᠬᠤᠷᠢᠶᠠᠩᠭᠤᠶᠢᠯᠠᠪᠠᠯ᠂ ᠥᠪᠡᠷᠲᠡᠭᠡᠨ ᠵᠠᠰᠠᠬᠤ ᠣᠷᠣᠨ ᠤ ᠰᠢᠨ᠎ᠡ ︽ᠬᠤᠶᠠᠷ ᠬᠥᠲᠥᠯᠪᠦᠷᠢ︾ ᠨᠢ | ᠳᠠᠷᠠᠭᠠᠬᠢ ᠮᠡᠲᠦ ᠶᠢᠨ ᠣᠨᠴᠠᠯᠢᠭ ᠪᠠ ᠬᠢᠯᠠᠰ ᠴᠡᠭ ᠤᠳ ᠲᠠᠢ᠃ | ᠨᠢᠭᠡ ᠳᠤ᠂ ᠨᠠᠮ ᠤᠨ ᠪᠦᠬᠦ ᠲᠠᠯ᠎ᠠ ᠶᠢᠨ ᠤᠳᠤᠷᠢᠳᠤᠯᠭ᠎ᠠ ᠶᠢ ᠪᠠᠷᠢᠮᠲᠠᠯᠠᠵᠤ᠂ ᠡᠮᠡᠭᠲᠡᠶᠢᠴᠦᠳ | ᠬᠡᠦᠬᠡᠳ ᠤᠳ ᠤᠨ ᠦᠢᠯᠡᠰ ᠤᠨ ᠵᠥᠪ ᠴᠢᠭᠯᠡᠯ ᠢ ᠪᠠᠲᠤᠯᠠᠵᠠᠢ᠃ ᠰᠢᠨ᠎ᠡ ︽ᠬᠤᠶᠠᠷ ᠬᠥᠲᠥᠯᠪᠦᠷᠢ︾ ᠨᠢ ᠰᠢ ᠶᠢᠨ | ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ | ᠰᠠᠨᠠᠭ᠎ᠠ ᠪᠠᠷ ᠵᠢᠯᠣᠭᠤᠳᠣᠯᠭ᠎ᠠ ᠪᠣᠯᠭᠠᠬᠤ ᠶᠢ ᠪᠠᠷᠢᠮᠲᠠᠯᠠᠵᠤ᠂ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ | ᠵᠢᠷᠤᠮ ᠤᠨ ᠡᠮᠡᠭᠲᠡᠶᠢᠴᠦᠳ ᠤᠨ ᠬᠥᠭᠵᠢᠯᠲᠡ ᠶᠢᠨ ᠵᠠᠮ ᠢ ᠪᠠᠷᠢᠮᠲᠠᠯᠠᠵᠤ᠂ ᠡᠮᠡᠭᠲᠡᠶᠢᠴᠦᠳ ᠬᠡᠦᠬᠡᠳ ᠤᠳ ᠤᠨ | ᠦᠢᠯᠡᠰ ᠤᠨ ᠬᠥᠭᠵᠢᠯᠲᠡ ᠶᠢᠨ ᠤᠯᠤᠰ ᠲᠥᠷᠥ ᠶᠢᠨ ᠴᠢᠭᠯᠡᠯ ᠢ ᠣᠨᠣᠪᠴᠢᠲᠠᠶ ᠡᠵᠡᠮᠳᠡᠨ᠂ ᠡᠷᠡᠭᠲᠡᠶ ᠡᠮᠡᠭᠲᠡᠶ ᠡᠷᠬᠡ | ᠲᠡᠭᠰᠢ ᠪᠠᠶᠢᠬᠤ᠂ ᠬᠡᠤᠬᠡᠳ ᠢ ᠤᠷᠢᠳ ᠢᠶᠠᠷ ᠪᠣᠳᠤᠯᠬᠢᠯᠠᠬᠤ ᠵᠠᠷᠴᠢᠮ ᠢ ᠪᠠᠷᠢᠮᠲᠠᠯᠠᠵᠤ᠂ ᠨᠠᠮ ᠤᠨ ᠲᠥᠪ | ᠬᠤᠷᠢᠶ᠎ᠠ ᠶᠢᠨ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠪᠠ ᠥᠪᠡᠷᠲᠡᠭᠡᠨ ᠵᠠᠰᠠᠬᠤ ᠣᠷᠣᠨ ᠤ ᠨᠠᠮ ᠤᠨ | ᠬᠤᠷᠢᠶ᠎ᠠ ᠶᠢᠨ ᠠᠵᠢᠯ ᠤᠨ ᠲᠣᠬᠢᠷᠠᠭᠤᠯᠤᠯᠲᠠ ᠶᠢ ᠲᠡᠷᠡ ᠬᠡᠪ ᠢᠶᠠᠷ ᠨᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ | ᠨᠠᠮ ᠤᠨ ᠤᠳᠤᠷᠢᠳᠤᠯᠭ᠎ᠠ ᠶᠢ ᠥᠪᠡᠷᠲᠡᠭᠡᠨ ᠵᠠᠰᠠᠬᠤ ᠣᠷᠣᠨ ᠤ ᠡᠮᠡᠭᠲᠡᠶᠢᠴᠦᠳ ᠬᠡᠦᠬᠡᠳ ᠤᠳ ᠤᠨ ᠦᠢᠯᠡᠰ ᠤᠨ | ᠬᠥᠭᠵᠢᠯᠲᠡ ᠶᠢᠨ ᠪᠥᠬᠦ ᠶᠠᠪᠤᠴᠠ ᠪᠠ ᠡᠯ᠎ᠡ ᠲᠠᠯ᠎ᠠ ᠳᠤ ᠦᠨᠡᠨ ᠬᠦ ᠲᠤᠭᠤᠰᠢᠯᠠᠭᠤᠯᠵᠠᠢ᠃ | ᠬᠤᠶᠠᠷ ᠲᠤ᠂ ᠦᠨᠳᠦᠰᠦᠲᠡᠨ ᠤ ᠪᠦᠯᠬᠦᠮᠳᠡᠯ ᠲᠠᠪᠰᠢᠯᠳᠠ ᠶᠢᠨ ᠬᠥᠮᠦᠵᠢᠯ ᠢ ᠪᠠᠷᠢᠮᠲᠠᠯᠠᠵᠤ᠂ | ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠪᠠᠬᠢ ᠪᠤᠢ ᠪᠣᠯᠭᠠᠪᠠ᠃ ᠬᠢᠯᠢ | ᠬᠢᠵᠠᠭᠠᠷ ᠤᠨ ᠦᠨᠳᠦᠰᠦᠲᠡᠨ ᠤ ᠭᠠᠵᠠᠷ ᠣᠷᠣᠨ ᠤ ᠪᠣᠳᠠᠲᠤ ᠪᠠᠶᠢᠳᠠᠯ ᠳᠤ ᠰᠠᠭᠤᠷᠢᠯᠠᠨ᠂ ᠰᠢᠨ᠎ᠡ ︽ᠬᠤᠶᠠᠷ | ᠬᠥᠲᠥᠯᠪᠦᠷᠢ︾ ᠳᠤ ᠶᠡᠷᠦᠩᠬᠡᠶ ᠱᠦᠵᠢ ᠰᠢ ᠶᠢᠨ ᠫᠢᠩ ᠤᠨ ᠦᠨᠳᠦᠰᠦᠲᠡᠨ ᠤ ᠠᠵᠢᠯ ᠢ ᠴᠢᠩᠭᠠᠳᠬᠠᠨ | ᠰᠠᠶᠢᠵᠢᠷᠠᠭᠤᠯᠬᠤ ᠲᠤᠬᠠᠶ ᠴᠢᠬᠤᠯᠠ ᠦᠵᠡᠯ ᠰᠠᠨᠠᠭ᠎ᠠ ᠶᠢ ᠭᠦᠨᠵᠡᠭᠡᠶ ᠰᠤᠷᠤᠯᠴᠠᠨ ᠲᠤᠭᠤᠰᠢᠯᠠᠭᠤᠯᠵᠤ᠂ ᠭᠡᠷ | ᠪᠦᠯᠢ ᠶᠢᠨ ᠪᠦᠷᠢᠯᠳᠦᠬᠦᠨ ᠤ ᠨᠡᠶᠢᠭᠡᠮ ᠵᠢᠷᠤᠮ ᠤᠨ ᠭᠤᠣᠯᠯᠠᠬᠤ ᠦᠷᠳᠡᠭ ᠤᠨ ᠦᠵᠡᠯᠲᠡ ᠶᠢ | ᠦᠢᠯᠡᠳᠦᠯᠭᠡᠵᠢᠭᠦᠯᠬᠦ ᠶᠢ ᠨᠢ ᠠᠬᠢᠭᠤᠯᠵᠤ᠂ ᠦᠨᠳᠦᠰᠦᠲᠡᠨ ᠨᠦᠭᠦᠳ ᠤᠨ ᠬᠠᠮᠲᠤ ᠶᠢᠨ ᠤᠶᠤᠨ ᠰᠠᠨᠠᠭᠠᠨ ᠤ ᠭᠡᠷ | ᠣᠷᠣᠨ ᠢ ᠪᠠᠶᠢᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠥᠷᠭᠡᠨ | ᠤᠯᠠᠨ ᠡᠮᠡᠭᠲᠡᠶᠢᠴᠦᠳ ᠬᠡᠦᠬᠡᠳ ᠤᠳ ᠤᠨ ᠰᠡᠳᠬᠢᠯ ᠳᠤ ᠪᠠᠲᠤ ᠦᠨᠳᠦᠰᠦᠯᠡᠭᠦᠯᠬᠦ ᠶᠢ ᠠᠬᠢᠭᠤᠯᠬᠤ ᠶᠢ ᠳᠣᠪᠤᠶᠢᠮ᠎ᠠ | ᠴᠢᠬᠤᠯᠠᠴᠢᠯᠠᠵᠠᠢ᠃ ︽ᠡᠮᠡᠭᠲᠡᠶᠢᠴᠦᠳ ᠤᠨ ᠬᠥᠲᠥᠯᠪᠦᠷᠢ︾ ᠳᠤ᠂ ᠡᠮᠡᠭᠲᠡᠶᠢᠴᠦᠳ ᠢ ᠦᠵᠡᠯ ᠰᠠᠨᠠᠭ᠎ᠠ ᠤᠯᠤᠰ | ᠲᠥᠷᠥ ᠪᠠᠷ ᠬᠥᠲᠥᠯᠦᠨ ᠳᠠᠭᠠᠭᠤᠯᠬᠤ ᠶᠢ ᠴᠢᠩᠭᠠᠳᠬᠠᠵᠤ᠂ ᠪᠥᠬᠦ ᠣᠷᠣᠨ ᠤ ᠦᠨᠳᠦᠰᠦᠲᠡᠨ ᠨᠦᠭᠦᠳ ᠤᠨ | ᠡᠮᠡᠭᠲᠡᠶᠢᠴᠦᠳ ᠢ ᠪᠦᠯᠬᠦᠮᠳᠡᠭᠦᠯᠦᠨ ᠨᠠᠮ ᠤᠨ ᠦᠭᠡ ᠶᠢ ᠡᠷᠡᠰ ᠰᠣᠨᠣᠰᠴᠤ᠂ ᠨᠠᠮ ᠢᠶᠠᠨ ᠡᠭᠦᠷᠢᠳᠡ ᠳᠠᠭᠠᠬᠤ | ᠬᠡᠷᠡᠭᠲᠡᠶ ᠭᠡᠵᠦ ᠴᠢᠬᠤᠯᠠᠴᠢᠯᠠᠪᠠ᠃ ︽ᠬᠡᠦᠬᠡᠳ ᠤᠨ ᠬᠥᠲᠥᠯᠪᠦᠷᠢ︾ ᠳᠤ᠂ ᠶᠣᠰᠣ ᠮᠣᠷᠠᠯ ᠢ ᠪᠤᠢ ᠪᠣᠯᠭᠠᠨ | ᠬᠥᠮᠦᠨ ᠢ ᠬᠥᠮᠦᠵᠢᠭᠦᠯᠬᠦ ᠶᠢ ᠪᠠᠷᠢᠮᠲᠠᠯᠠᠵᠤ᠂ ᠬᠡᠦᠬᠡᠳ ᠤᠨ ᠦᠵᠡᠯ ᠰᠠᠨᠠᠭ᠎ᠠ ᠶᠣᠰᠣ ᠮᠣᠷᠠᠯ ᠤᠨ ᠬᠥᠮᠦᠵᠢᠯ ᠢ | ᠴᠢᠩᠭᠠᠳᠬᠠᠵᠤ᠂ ᠶᠣᠰᠣ ᠮᠣᠷᠠᠯ ᠤᠶᠤᠨ ᠤᠬᠠᠭᠠᠨ ᠪᠡᠶ᠎ᠡ ᠮᠠᠬᠠᠪᠣᠳ ᠭᠤᠸ᠎ᠠ ᠰᠠᠶᠢᠬᠠᠨ ᠬᠥᠳᠡᠯᠮᠦᠷᠢ ᠵᠡᠷᠭᠡ ᠪᠦᠬᠦ | ᠲᠠᠯ᠎ᠠ ᠪᠠᠷ ᠬᠥᠭᠵᠢᠭᠰᠡᠨ ᠴᠠᠭ ᠦᠶ᠎ᠡ ᠶᠢᠨ ᠰᠢᠨ᠎ᠡ ᠬᠥᠮᠦᠨ ᠢ ᠬᠦᠮᠦᠵᠢᠭᠦᠯᠬᠦ ᠬᠡᠷᠡᠭᠲᠡᠶ ᠭᠡᠵᠦ ᠴᠢᠬᠤᠯᠠᠴᠢᠯᠠᠵᠠᠶ᠃ | ᠭᠤᠷᠪᠠ ᠳᠤ᠂ ᠠᠷᠠᠳ ᠲᠦᠮᠡᠨ ᠢᠶᠠᠨ ᠳᠡᠭᠡᠳᠦᠯᠡᠬᠦ ᠶᠢ ᠪᠠᠷᠢᠮᠲᠠᠯᠠᠵᠤ᠂ ᠡᠮᠡᠭᠲᠡᠶᠢᠴᠦᠳ ᠬᠡᠦᠬᠡᠳ ᠤᠳ ᠤᠨ | ᠬᠠᠤᠯᠢ ᠶᠣᠰᠣᠨ ᠤ ᠡᠷᠬᠡ ᠠᠰᠢᠭ ᠢ ᠦᠨᠡᠨ ᠬᠦ ᠪᠠᠲᠤᠯᠠᠨ᠎ᠠ᠃ ᠰᠢᠨ᠎ᠡ ︽ᠬᠤᠶᠠᠷ ᠬᠥᠲᠥᠯᠪᠦᠷᠢ︾ ᠳᠤ ᠠᠷᠠᠳ | ᠲᠦᠮᠡᠨ ᠢᠶᠠᠷ ᠭᠤᠤᠯ ᠪᠣᠯᠭᠠᠬᠤ ᠬᠥᠭᠵᠢᠯᠲᠡ ᠶᠢᠨ ᠦᠵᠡᠯ ᠰᠠᠨᠠᠭ᠎ᠠ ᠶᠢ ᠲᠤᠭᠤᠰᠢᠯᠠᠭᠤᠯᠤᠨ᠂ ᠬᠡᠤᠬᠡᠳ ᠤᠨ ᠭᠤᠤᠯ | ᠴᠣᠭᠴᠠ ᠶᠢᠨ ᠪᠠᠶᠢᠷᠢ ᠰᠠᠭᠤᠷᠢ ᠶᠢ ᠬᠦᠨᠳᠦᠳᠬᠡᠵᠦ᠂ ᠠᠷᠠᠳ ᠲᠦᠮᠡᠨ ᠤ ᠪᠤᠶᠠᠨ ᠵᠢᠷᠭᠠᠯ ᠢ ᠨᠡᠮᠡᠭᠳᠡᠭᠦᠯᠬᠦ᠂ | ᠬᠥᠮᠦᠨ ᠤ ᠪᠥᠬᠦ ᠲᠠᠯ᠎ᠠ ᠶᠢᠨ ᠬᠥᠭᠵᠢᠯᠲᠡ ᠶᠢ ᠠᠬᠢᠭᠤᠯᠬᠤ ᠶᠠᠪᠤᠳᠠᠯ ᠢᠶᠠᠷ ᠡᠮᠡᠭᠲᠡᠶᠢᠴᠦᠳ ᠬᠡᠦᠬᠡᠳ ᠤᠳ ᠤᠨ | ᠠᠵᠢᠯ ᠤᠨ ᠡᠬᠢᠯᠡᠯ ᠪᠠ ᠵᠣᠭᠰᠤᠴᠠ ᠪᠣᠯᠭᠠᠵᠤ᠂ ᠡᠷᠡᠭᠦᠯ ᠮᠡᠨᠳᠦ᠂ ᠰᠤᠷᠭᠠᠨ ᠬᠥᠮᠦᠵᠢᠯ᠂ ᠠᠵᠤ ᠠᠬᠤᠶ᠂ | ᠰᠢᠢᠳᠪᠦᠷᠢᠲᠦ ᠪᠣᠳᠣᠯᠭ᠎ᠠ ᠪᠠ ᠬᠠᠮᠢᠶᠠᠷᠤᠯᠲᠠ᠂ ᠨᠡᠶᠢᠭᠡᠮ ᠤᠨ ᠪᠠᠲᠤᠯᠠᠭ᠎ᠠ᠂ ᠬᠡᠷ ᠪᠦᠯᠢ ᠶᠢᠨ ᠪᠠᠶᠢᠭᠤᠯᠤᠯᠲᠠ᠂ | ᠣᠷᠴᠢᠨ ᠨᠥᠭᠦᠴᠡᠯ᠂ ᠠᠮᠤᠷ ᠲᠦᠪᠰᠢᠨ᠂ ᠬᠠᠤᠯᠢ ᠴᠠᠭᠠᠵᠠ ᠵᠡᠷᠭᠡ ᠡᠯ᠎ᠡ ᠬᠦᠷᠢᠶᠡᠨ ᠳᠤ ᠲᠤᠭᠤᠰᠢᠯᠠᠭᠤᠯᠤᠨ᠂ | ᠡᠮᠡᠭᠲᠡᠶᠢᠴᠦᠳ ᠬᠡᠦᠬᠡᠳ ᠤᠳ ᠤᠨ ᠬᠠᠤᠯᠢ ᠶᠣᠰᠣᠨ ᠤ ᠡᠷᠬᠡ ᠠᠰᠢᠭ ᠢ ᠦᠨᠡᠨ ᠬᠦ ᠪᠠᠲᠤᠯᠠᠵᠠᠢ᠃ ᠬᠦᠲᠦᠯᠪᠦᠷᠢ ᠳᠤ | ᠪᠠᠰᠠ ᠤᠯᠠᠨ ᠨᠡᠶᠢᠲᠡ ᠶᠢᠨ ᠦᠢᠯᠡᠴᠢᠯᠡᠭᠡᠨ ᠤ ᠰᠢᠰᠲ᠋ᠧᠮ ᠬᠢᠭᠡᠳ ᠲᠦᠷᠢᠮ ᠲᠣᠭᠲᠠᠴᠠ ᠶᠢᠨ ᠪᠠᠶᠢᠭᠤᠯᠤᠯᠲᠠ ᠶᠢ | ᠴᠢᠩᠭᠠᠳᠬᠠᠵᠤ᠂ ᠬᠤᠳᠠ ᠬᠥᠳᠡᠭᠡ᠂ ᠣᠷᠣᠨ ᠪᠦᠰᠡ᠂ ᠬᠠᠮᠲᠤᠯᠢᠭ ᠤᠨ ᠬᠤᠭᠤᠷᠤᠨᠳᠤ ᠡᠮᠡᠭᠲᠡᠶᠢᠴᠦᠳ | ᠬᠡᠦᠬᠡᠳ ᠤᠳ ᠢ ᠵᠡᠷᠭᠡᠪᠡᠷ ᠲᠡᠩᠴᠡᠭᠦᠷᠢᠲᠡᠢ ᠬᠥᠭᠵᠢᠭᠦᠯᠬᠦ ᠶᠢ ᠨᠢᠭᠡᠳᠦᠯᠲᠡᠢ ᠲᠥᠯᠥᠪᠵᠢᠭᠦᠯᠦᠨ ᠠᠬᠢᠭᠤᠯᠵᠤ᠂ | ᠬᠡᠦᠬᠡᠳ ᠢ ᠪᠦᠬᠦ ᠲᠠᠯ᠎ᠠ ᠪᠠᠷ ᠪᠦᠬᠦ ᠶᠠᠪᠤᠴᠠ ᠪᠠᠷ ᠶᠡᠷᠦᠩᠬᠡᠶᠢᠯᠡᠭᠰᠡᠨ ᠬᠠᠮᠠᠭᠠᠯᠠᠬᠤ ᠶᠢ ᠴᠢᠩᠭᠠᠳᠬᠠᠵᠤ᠂ | ᠬᠥᠭᠵᠢᠯᠲᠡ ᠶᠢᠨ ᠦᠷ᠎ᠡ ᠪᠦᠲᠦᠭᠡᠯ ᠢ ᠥᠷᠭᠡᠨ ᠤᠯᠠᠨ ᠡᠮᠡᠭᠲᠡᠶᠢᠴᠦᠳ ᠬᠡᠦᠬᠡᠳ ᠤᠳ ᠲᠤ ᠨᠡᠩ ᠢᠯᠡᠭᠦᠦ | ᠬᠦᠷᠲᠡᠭᠡᠨ᠎ᠡ ᠭᠡᠵᠦ ᠴᠢᠬᠤᠯᠠᠴᠢᠯᠠᠪᠠ᠃ | ᠲᠦᠷᠪᠡ ᠳᠤ᠂ ᠶᠡᠭᠡ ᠲᠠᠯ᠎ᠠ ᠳᠤ ᠦᠢᠯᠡᠴᠢᠯᠡᠬᠦ ᠶᠢ ᠪᠠᠷᠢᠮᠲᠠᠯᠠᠵᠤ᠂ ᠡᠮᠡᠭᠲᠡᠶᠢᠴᠦᠳ ᠬᠡᠦᠬᠡᠳ ᠤᠳ ᠤᠨ | ᠬᠦᠴᠦᠨ ᠴᠢᠳᠠᠯ ᠢ ᠭᠦᠢᠴᠡᠳ ᠪᠠᠳᠠᠷᠠᠭᠤᠯᠵᠠᠢ᠃ ᠰᠢᠨ᠎ᠡ ︽ᠬᠤᠶᠠᠷ ᠬᠥᠲᠥᠯᠪᠦᠷᠢ︾ ᠨᠢ ᠶᠡᠷᠦᠩᠬᠡᠢ ᠱᠦᠵᠢ | ᠰᠢ ᠶᠢᠨ ᠫᠢᠩ ᠪᠠ ᠨᠠᠮ ᠤᠨ ᠲᠥᠪ ᠬᠤᠷᠢᠶ᠎ᠠ ᠠᠴᠠ ᠥᠪᠥᠷ ᠮᠣᠩᠭᠤᠯ ᠳᠤ ᠲᠣᠭᠲᠠᠭᠠᠭᠰᠠᠨ ᠪᠠᠶᠢᠯᠳᠤᠬᠤ | ᠪᠤᠳᠤᠯᠭ᠎ᠠ ᠶᠢᠨ ᠪᠠᠶᠢᠷᠢ ᠲᠣᠭᠲᠠᠭᠠᠯᠲᠠ ᠬᠢᠭᠡᠳ ᠠᠵᠢᠯᠯᠠᠭᠠᠨ ᠤ ᠬᠥᠲᠥᠯᠪᠦᠷᠢ ᠳᠤ ᠠᠩᠬᠠᠷᠤᠯ ᠢᠶᠠᠨ ᠲᠥᠪᠯᠡᠷᠡᠭᠦᠯᠵᠦ᠂ | ︽ᠬᠤᠶᠠᠷ ᠬᠠᠯᠬᠠᠪᠴᠢ︾᠂ ︽ᠬᠤᠶᠠᠷ ᠰᠠᠭᠤᠷᠢᠨ︾ ᠪᠠ ︽ᠨᠢᠭᠡ ᠪᠠᠬᠢᠯᠡᠯᠲᠡ︾ ᠶᠢ ᠪᠦᠳᠦᠬᠡᠨ | ᠪᠠᠶᠢᠭᠤᠯᠬᠤ ᠪᠠᠷ ᠭᠤᠣᠯᠳᠠᠭᠤᠯᠵᠤ᠂ ᠠᠵᠤ ᠠᠬᠤᠢ ᠨᠡᠶᠢᠭᠡᠮ ᠤᠨ ᠬᠥᠭᠵᠢᠯᠲᠡ ᠶᠢ ᠠᠬᠢᠭᠤᠯᠬᠤ᠂ ᠦᠨᠳᠦᠰᠦᠲᠡᠨ ᠤ | ᠪᠦᠯᠬᠦᠮᠳᠡᠯ ᠢ ᠴᠢᠩᠭᠠᠳᠬᠠᠬᠤ᠂ ᠬᠢᠯᠢ ᠬᠢᠵᠠᠭᠠᠷ ᠤᠨ ᠠᠮᠤᠷ ᠲᠣᠭᠲᠠᠭᠤᠨ ᠢ ᠬᠠᠮᠠᠭᠠᠯᠠᠬᠤ᠂ ᠦᠵᠡᠰᠬᠦᠯᠡᠩᠲᠦ | ᠰᠠᠶᠢᠬᠠᠨ ᠥᠪᠥᠷ ᠮᠣᠩᠭᠤᠯ ᠢ ᠪᠦᠳᠦᠬᠡᠨ ᠪᠠᠶᠢᠭᠤᠯᠬᠤ ᠳᠤ ᠡᠮᠡᠭᠲᠡᠶᠢᠴᠦᠳ ᠤᠨ ᠬᠦᠴᠦᠨ ᠴᠢᠳᠠᠯ ᠢ ᠡᠷᠭᠦᠬᠦ ᠶᠢ | ᠴᠢᠬᠤᠯᠠᠴᠢᠯᠠᠵᠠᠢ᠃ ᠬᠥᠲᠥᠯᠪᠦᠷᠢ ᠳᠤ ᠪᠠᠰᠠ᠂ ᠡᠮᠡᠭᠲᠡᠶᠢᠴᠦᠳ ᠬᠡᠦᠬᠡᠳ ᠤᠳ ᠤᠨ ᠠᠮᠢ ᠠᠬᠤᠢ ᠶᠢᠨ ᠪᠣᠯᠪᠠᠰᠤᠨ | ᠪᠠ ᠣᠷᠴᠢᠨ ᠲᠣᠭᠤᠷᠢᠨ ᠤ ᠬᠠᠮᠠᠭᠠᠯᠠᠯᠲᠠ ᠶᠢᠨ ᠤᠬᠠᠮᠰᠠᠷ ᠢ ᠳᠡᠭᠡᠭᠰᠢᠯᠡᠭᠦᠯᠵᠦ᠂ ᠠᠮᠢ ᠠᠬᠤᠢ ᠶᠢ ᠤᠷᠢᠳ ᠢᠶᠠᠷ | ᠪᠣᠳᠤᠯᠬᠢᠯᠠᠭᠰᠠᠨ᠂ ᠪᠣᠬᠢᠷᠲᠤᠯ ᠦᠭᠡᠢ ᠬᠥᠭᠵᠢᠯᠲᠡ ᠪᠠᠷ ᠤᠳᠤᠷᠢᠳᠤᠮᠵᠢ ᠪᠣᠯᠭᠠᠭᠰᠠᠨ ᠴᠢᠨᠠᠷ ᠰᠠᠶᠢᠲᠠᠢ | ᠬᠥᠭᠵᠢᠯᠲᠡ ᠶᠢᠨ ᠠᠬᠢᠭᠤᠯᠤᠭᠴᠢ ᠪᠠ ᠦᠢᠯᠡᠳᠦᠯᠭᠡᠵᠢᠭᠦᠯᠦᠭᠴᠢ ᠪᠣᠯᠬᠤ ᠬᠡᠷᠡᠭᠲᠡᠢ ᠭᠡᠵᠦ ᠴᠢᠬᠤᠯᠠᠴᠢᠯᠠᠪᠠ᠃ | ᠲᠠᠪᠤ ᠳᠤ᠂ ᠳᠤᠲᠠᠭᠳᠠᠯ ᠲᠠᠯ᠎ᠠ ᠪᠠᠨ ᠨᠥᠬᠦᠪᠥᠷᠢᠯᠡᠬᠦ ᠪᠠᠭᠤᠷᠠᠢ ᠲᠠᠯ᠎ᠠ ᠪᠠᠨ ᠬᠦᠴᠦᠷᠬᠡᠭᠵᠢᠭᠦᠯᠬᠦ ᠶᠢ | ᠪᠠᠷᠢᠮᠲᠠᠯᠠᠵᠤ᠂ ᠡᠮᠡᠭᠲᠡᠶᠢᠴᠦᠳ ᠬᠡᠦᠬᠡᠳ ᠤᠳ ᠤᠨ ᠦᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠵᠠᠢ᠃ | ᠰᠢᠨ᠎ᠡ ︽ᠬᠤᠶᠠᠷ ᠬᠥᠲᠥᠯᠪᠦᠷᠢ︾ ᠨᠢ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶᠢ ᠪᠠᠷᠢᠮᠲᠠᠯᠠᠨ᠂ ᠣᠯᠠᠨ | ᠲᠦᠮᠡᠨ ᠤ ᠠᠩᠬᠠᠷᠤᠯ ᠪᠠ ᠬᠦᠰᠡᠯ ᠡᠷᠡᠮᠡᠯᠵᠡᠯ ᠳᠤ ᠢᠳᠡᠪᠬᠢᠲᠡᠶ ᠬᠠᠷᠢᠭᠤᠯᠲᠠ ᠥᠭᠴᠦ᠂ ᠥᠪᠡᠷᠲᠡᠭᠡᠨ ᠵᠠᠰᠠᠬᠤ | ᠣᠷᠣᠨ ᠤ ᠭᠠᠵᠠᠷ ᠣᠷᠣᠨ ᠤ ᠣᠨᠴᠠᠯᠢᠭ ᠪᠠ ᠬᠥᠭᠵᠢᠯᠲᠡ ᠶᠢᠨ ᠪᠣᠳᠠᠲᠠᠶ ᠲᠠᠢ ᠤᠶᠠᠯᠳᠤᠭᠤᠯᠤᠨ᠂ ᠳᠤᠲᠠᠭᠳᠠᠯ | ᠲᠠᠯ᠎ᠠ ᠪᠠᠨ ᠨᠥᠬᠦᠪᠦᠷᠢᠯᠡᠵᠦ᠂ ᠬᠦᠴᠦᠷᠬᠡᠭ ᠪᠠᠭᠤᠷᠠᠶ ᠵᠦᠢᠯᠡᠰ ᠤᠨ ᠭᠤᠤᠯᠳᠠᠯᠭ᠎ᠠ ᠲᠠᠢ ᠡᠭᠦᠷᠭᠡ ᠶᠢ ᠳᠤᠷᠠᠳᠤᠭᠰᠠᠨ | ᠮᠥᠷᠲᠡᠭᠡᠨ ᠪᠠᠰᠠ ᠬᠥᠭᠵᠢᠯᠲᠡ ᠶᠢᠨ ᠭᠤᠤᠯᠳᠠᠯᠭ᠎ᠠ ᠲᠠᠢ ᠬᠦᠷᠢᠶ᠎ᠡ ᠪᠠ ᠭᠤᠤᠯ ᠭᠦᠢᠴᠡᠳᠬᠡᠯ ᠲᠤᠭ᠎ᠠ ᠶᠢ | ᠲᠣᠳᠣᠷᠬᠠᠶᠢᠯᠠᠭᠰᠠᠨ ᠪᠠᠶᠢᠨ᠎ᠠ᠃ ᠰᠢᠨ᠎ᠡ ︽ᠬᠤᠶᠠᠷ ᠬᠥᠲᠥᠯᠪᠦᠷᠢ︾ ᠳᠤ ︽ᠠᠵᠢᠯ ᠣᠯᠭᠤᠯᠲᠠ ᠳᠤ ᠭᠦᠢᠰᠦ ᠶᠢᠨ | ᠢᠯᠭᠠᠯ ᠤᠨ ᠭᠠᠳᠠᠭᠤᠷᠴᠢᠯᠠᠯ ᠢ ᠠᠷᠢᠯᠭᠠᠬᠤ︾ ︽ᠡᠮᠡᠭᠲᠡᠶ ᠴᠢᠳᠠᠪᠤᠷᠢᠲᠠᠳ ᠤᠨ ᠬᠥᠭᠵᠢᠯᠲᠡ ᠶᠢ ᠠᠬᠢᠭᠤᠯᠬᠤ︾ | ᠵᠡᠷᠭᠡ ᠬᠠᠷᠠᠯᠲᠠ ᠶᠢ ᠳᠤᠷᠠᠳᠴᠤ᠂ ᠡᠮᠡᠭᠲᠡᠶᠢᠴᠦᠳ ᠤᠨ ᠬᠥᠲᠥᠯᠪᠦᠷᠢ ᠳᠤ ︽ᠡᠮᠡᠭᠲᠡᠶᠢᠴᠦᠳ ᠬᠢᠭᠡᠳ ᠬᠡᠷ | ᠪᠦᠯᠢ ᠶᠢᠨ ᠪᠠᠶᠢᠭᠤᠯᠤᠯᠲᠠ︾ ᠶᠢ ᠨᠡᠮᠡᠨ ᠣᠷᠣᠭᠤᠯᠵᠤ᠂ ᠬᠡᠤᠬᠡᠳ ᠤᠨ ᠬᠥᠲᠥᠯᠪᠦᠷᠢ ᠳᠤ ︽ᠬᠡᠤᠬᠡᠳ ᠬᠢᠭᠡᠳ ᠬᠡᠷ | ᠪᠦᠯᠢ︾ ᠪᠠ ︽ᠬᠡᠤᠬᠡᠳ ᠬᠢᠭᠡᠳ ᠠᠮᠤᠷ ᠲᠦᠪᠰᠢᠨ︾ ᠵᠡᠷᠭᠡ ᠴᠢᠬᠤᠯᠠ ᠠᠭᠤᠯᠭ᠎ᠠ ᠨᠤᠭᠤᠳ ᠢ ᠨᠡᠮᠡᠪᠡ᠃ | ᠤᠯᠤᠰ ᠤᠨ ᠰᠢᠨ᠎ᠡ ︽ᠬᠤᠶᠠᠷ ᠬᠥᠲᠥᠯᠪᠦᠷᠢ︾ ᠲᠠᠢ ᠬᠠᠷᠢᠴᠠᠭᠤᠯᠪᠠᠯ᠂ ᠮᠠᠨ ᠤ ᠣᠷᠣᠨ ᠤ ᠰᠢᠨ᠎ᠡ ︽ᠬᠤᠶᠠᠷ | ᠬᠥᠲᠥᠯᠪᠦᠷᠢ︾ ᠳᠤ ᠮᠡᠰᠡ ᠵᠠᠰᠠᠯ ᠢᠶᠠᠷ ᠬᠥᠩᠭᠡᠵᠢᠭᠦᠯᠬᠦ ᠶᠢ ᠬᠢᠵᠠᠭᠠᠷᠯᠠᠬᠤ᠂ ᠡᠮᠡᠭᠲᠡᠶᠢᠴᠦᠳ ᠤᠨ ᠠᠳᠠᠯ ᠦᠢᠯᠡᠰ | ᠴᠣᠭᠴᠠᠯᠠᠵᠤ ᠠᠵᠢᠯ ᠤᠯᠬᠤ᠂ ᠰᠤᠮᠤ ᠰᠢᠶᠠᠩ ᠪᠠᠯᠭᠠᠰᠤᠨ ᠤ ᠤᠳᠤᠷᠢᠳᠬᠤ ᠪᠠᠭ ᠲᠤ ᠡᠮᠡᠭᠲᠡᠶ ᠺᠠᠳ᠋ᠷ | ᠳᠣᠭᠢᠷᠠᠭᠤᠯᠬᠤ᠂ ᠬᠡᠷ ᠪᠦᠯᠢ ᠶᠢᠨ ᠠᠰᠠᠭᠤᠳᠠᠯ ᠤᠨ ᠰᠤᠳᠤᠯᠭᠠᠨ ᠵᠢᠴᠢ ᠴᠢᠳᠠᠪᠤᠷᠢ ᠶᠢᠨ ᠪᠠᠶᠢᠭᠤᠯᠤᠯᠲᠠ᠂ | ᠪᠣᠬᠢᠷᠲᠤᠯ ᠢ ᠭᠠᠳᠠᠭᠰᠢᠯᠠᠭᠤᠯᠬᠤ᠂ ᠬᠤᠭ ᠨᠣᠪᠰᠢ ᠶᠢ ᠲᠥᠷᠥᠯ ᠬᠤᠪᠢᠶᠠᠬᠤ᠂ ᠬᠡᠤᠬᠡᠳ ᠤᠨ ᠠᠮᠠᠨ ᠬᠥᠨᠳᠡᠶ ᠶᠢᠨ | ᠡᠷᠡᠭᠦᠯᠵᠢᠯ᠂ ᠠᠯᠪᠠᠨ ᠵᠢᠷᠤᠮ ᠤᠨ ᠰᠤᠷᠭᠠᠨ ᠬᠥᠮᠦᠵᠢᠯ ᠤᠨ ︽ᠬᠤᠶᠠᠷ ᠢ ᠬᠥᠩᠭᠡᠷᠡᠬᠦᠯᠬᠦ︾ ᠵᠡᠷᠭᠡ 8 ᠵᠦᠢᠯ ᠤᠨ | ᠭᠦᠢᠴᠡᠳᠬᠡᠯ ᠲᠤᠭ᠎ᠠ ᠶᠢ ᠨᠡᠮᠡᠪᠡ᠃ ᠡᠷᠡᠭᠦᠯ ᠮᠡᠨᠳᠦ᠂ ᠰᠤᠷᠭᠠᠨ ᠬᠥᠮᠦᠵᠢᠯ᠂ ᠨᠡᠶᠢᠭᠡᠮ ᠤᠨ ᠪᠠᠲᠤᠯᠠᠭ᠎ᠠ᠂ ᠠᠮᠢ | ᠠᠬᠤᠶ ᠶᠢᠨ ᠣᠷᠴᠢᠨ ᠲᠣᠭᠤᠷᠢᠨ ᠤ ᠬᠠᠮᠠᠭᠠᠯᠠᠯᠲᠠ ᠵᠡᠷᠭᠡ ᠬᠦᠷᠢᠶ᠎ᠡ ᠴᠠᠷᠠᠭ᠎ᠠ ᠳᠤ ᠬᠤᠯᠪᠤᠭᠳᠠᠭᠤᠯᠤᠨ᠂ ᠥᠪᠡᠷᠲᠡᠭᠡᠨ | ᠵᠠᠰᠠᠬᠤ ᠣᠷᠣᠨ ᠤ ᠬᠥᠭᠵᠢᠯᠲᠡ ᠶᠢᠨ ᠪᠣᠳᠠᠲᠤ ᠪᠠᠶᠢᠳᠠᠯ ᠪᠠ ᠴᠠᠭ ᠦᠶ᠎ᠡ ᠶᠢᠨ ᠱᠠᠭᠠᠷᠳᠠᠯᠭ᠎ᠠ ᠳᠤ ᠨᠡᠶᠢᠴᠡᠭᠦᠯᠵᠦ᠂ | ᠥᠪᠡᠷᠲᠡᠭᠡᠨ ᠵᠠᠰᠠᠬᠤ ᠣᠷᠣᠨ ᠡᠮᠡᠭᠲᠡᠶᠢᠴᠦᠳ ᠬᠡᠤᠬᠡᠳ ᠤᠳ ᠢ ᠴᠢᠬᠤᠯᠠᠴᠢᠯᠠᠨ ᠬᠠᠯᠠᠮᠵᠢᠯᠠᠵᠤ ᠪᠠᠶᠢᠬᠤ ᠶᠢ | ᠢᠯᠡᠷᠡᠭᠦᠯᠵᠦ᠂ ᠬᠥᠭᠵᠢᠯᠲᠡ ᠶᠢᠨ ᠲᠠᠯ᠎ᠠ ᠪᠠᠷ ᠴᠠᠭ ᠦᠶ᠎ᠡ ᠲᠠᠢ ᠵᠡᠷᠭᠡ ᠪᠠᠷ ᠤᠷᠤᠭᠰᠢᠯᠠᠭᠰᠠᠨ ᠪᠠᠶᠢᠨ᠎ᠠ᠃ | ᠬᠥᠲᠥᠯᠥᠭᠴᠢ | ᠭᠦᠸᠧ ᠲᠡᠷᠢᠭᠦᠯᠡᠭᠴᠢ ᠡ᠂ ᠲᠠᠨ ᠤ ᠢᠩᠭᠢᠵᠦ ᠬᠡᠯᠡᠬᠦ ᠶᠢ ᠰᠣᠨᠣᠰᠤᠭᠠᠳ᠂ ᠡᠨᠡ ᠬᠦ ᠰᠢᠨ᠎ᠡ ︽ᠬᠤᠶᠠᠷ | ᠬᠥᠲᠥᠯᠪᠦᠷᠢ︾ ᠨᠢ ᠡᠮᠡᠭᠲᠡᠶᠢᠴᠦᠳ ᠬᠡᠦᠬᠡᠳ ᠤᠳ ᠤᠨ ᠦᠢᠯᠡᠰ ᠤᠨ ᠴᠢᠨᠠᠷ ᠰᠠᠶᠢᠲᠠᠶ ᠬᠥᠭᠵᠢᠯᠲᠡ ᠶᠢᠨ ︽ᠰᠠᠶᠢᠨ | ᠵᠣᠷ︾ ᠪᠣᠯᠬᠤ ᠪᠠᠷ ᠪᠠᠷᠠᠬᠤ ᠥᠬᠡᠶ᠂ ᠪᠠᠰᠠ ︽ᠪᠠᠷᠢᠯᠭ᠎ᠠ ᠶᠢᠨ ᠵᠢᠷᠤᠭ︾᠂ ᠨᠠᠩ ᠴᠤ ︽ᠠᠵᠢᠯᠯᠠᠭᠠᠨ ᠤ | ᠵᠦᠭᠯᠡᠭᠦᠷ︾ ᠪᠣᠯᠤᠨ᠎ᠠ ᠭᠡᠳᠡᠭ ᠢ ᠮᠡᠳᠡᠯ᠎ᠡ᠂ ᠡᠨᠡ ᠴᠢᠨᠢ ᠬᠥᠮᠦᠰ ᠤᠨ ᠬᠦᠰᠡᠯ ᠡᠷᠡᠮᠡᠯᠵᠡᠯ ᠢ ᠶᠡᠬᠡᠳᠡ ᠲᠠᠲᠠᠵᠤ | ᠪᠠᠶᠢᠨ᠎ᠠ᠃ | ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠡᠮᠡᠭᠲᠡᠶᠢᠴᠦᠳ ᠬᠡᠦᠬᠡᠳ ᠤᠳ ᠤᠨ | ᠠᠵᠢᠯ ᠤᠨ ᠵᠥᠪᠯᠡᠯ ᠤᠨ ᠭᠡᠰᠢᠭᠦᠨ᠂ ᠥᠪᠡᠷᠲᠡᠭᠡᠨ ᠵᠠᠰᠠᠬᠤ ᠣᠷᠣᠨ ᠤ ᠡᠮᠡᠭᠲᠡᠶᠢᠴᠦᠳ ᠤᠨ ᠬᠤᠯᠪᠣᠭ᠎ᠠ ᠶᠢᠨ | ᠨᠠᠮ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ᠂ ᠳᠡᠳ᠋ ᠲᠡᠷᠢᠭᠦᠯᠡᠭᠴᠢ ᠭᠦᠸᠧ ᠵᠢᠩ ᠯᠢ | ᠶᠠᠭ ᠲᠡᠶᠢᠮᠦ ᠡ᠂ ᠵᠢᠷᠤᠭ ᠲᠥᠯᠥᠪᠯᠡᠭᠡ ᠶᠢ ᠨᠢᠭᠡᠨᠲᠡ ᠵᠢᠷᠤᠭᠯᠠᠪᠠ᠂ ᠨᠠᠶᠢᠳᠠᠪᠤᠷᠢᠵᠢᠭᠤᠯᠤᠯᠲᠠ ᠶᠢ | ᠠᠬᠢᠭᠤᠯᠵᠤ᠂ ᠬᠥᠲᠥᠯᠪᠦᠷᠢ ᠶᠢ ᠡᠮᠡᠭᠲᠡᠶᠢᠴᠦᠳ ᠬᠡᠦᠬᠡᠳ ᠲᠤ ᠠᠰᠢᠭ ᠬᠦᠷᠲᠡᠭᠡᠬᠦ ᠪᠤᠶᠠᠨ ᠵᠢᠷᠭᠠᠯ ᠪᠣᠯᠭᠠᠨ | ᠬᠤᠪᠢᠷᠠᠭᠤᠯᠬᠤ ᠳᠤ ᠪᠠᠰᠠ ᠡᠯ᠎ᠡ ᠱᠠᠲᠤᠨ ᠤ ᠡᠯ᠎ᠡ ᠲᠠᠯ᠎ᠠ ᠶᠢᠨ ᠬᠢᠨ ᠤ ᠬᠠᠮᠲᠤ ᠶᠢᠨ ᠴᠢᠷᠮᠠᠶᠢᠯᠭ᠎ᠠ ᠱᠠᠭᠠᠷᠳᠠᠭᠳᠠᠨ᠎ᠠ᠃ | ᠳᠠᠷᠠᠭᠠᠴᠢ ᠶᠢᠨ ᠠᠯᠬᠤᠮ ᠳᠤ᠂ ᠥᠪᠡᠷᠲᠡᠭᠡᠨ ᠵᠠᠰᠠᠬᠤ ᠣᠷᠣᠨ ᠤ ᠡᠮᠡᠭᠲᠡᠶᠢᠴᠦᠳ ᠬᠡᠦᠬᠡᠳ ᠤᠳ ᠤᠨ ᠠᠵᠢᠯ ᠤᠨ | ᠵᠥᠪᠯᠡᠯ ᠨᠢ ᠨᠠᠮ ᠤᠨ ᠬᠤᠷᠢᠶ᠎ᠠ ᠤᠳᠤᠷᠢᠳᠬᠤ᠂ ᠵᠠᠰᠠᠭ ᠤᠨ ᠣᠷᠳᠣᠨ ᠭᠤᠣᠯᠯᠠᠨ ᠬᠠᠷᠢᠭᠤᠴᠠᠬᠤ᠂ ᠡᠮᠡᠭᠲᠡᠶᠢᠴᠦᠳ | ᠬᠡᠦᠬᠡᠳ ᠤᠳ ᠤᠨ ᠠᠵᠢᠯ ᠤᠨ ᠵᠥᠪᠯᠡᠯ ᠵᠣᠬᠢᠴᠠᠭᠤᠯᠬᠤ᠂ ᠡᠯ᠎ᠡ ᠰᠠᠯᠠᠭ᠎ᠠ ᠮᠥᠴᠢᠷ ᠤᠳ ᠬᠠᠮᠲᠤᠷᠠᠯᠴᠠᠬᠤ᠂ ᠪᠦᠬᠦ | ᠨᠡᠶᠢᠭᠡᠮ ᠢᠶᠠᠷ ᠢᠶᠠᠨ ᠣᠷᠤᠯᠴᠠᠭᠰᠠᠨ ᠬᠥᠲᠥᠯᠪᠦᠷᠢ ᠶᠢ ᠬᠡᠷᠡᠭᠵᠢᠭᠦᠯᠬᠦ ᠠᠵᠢᠯ ᠤᠨ ᠲᠣᠭᠲᠠᠴᠠ ᠶᠢ ᠴᠢᠨᠠᠭᠰᠢᠳᠠ | ᠪᠦᠷᠢᠨᠰᠢᠭᠦᠯᠦᠨ ᠨᠠᠶᠢᠳᠠᠪᠤᠷᠢᠵᠢᠭᠤᠯᠤᠨ᠎ᠠ᠃ ᠣᠨ ᠤ ᠬᠠᠷᠠᠯᠲᠠ ᠡᠭᠦᠷᠭᠡ ᠶᠢ ᠨᠠᠷᠢᠯᠢᠬᠵᠢᠭᠤᠯᠵᠤ᠂ ᠤᠬᠠᠭᠤᠯᠭ᠎ᠠ | ᠪᠣᠯᠪᠠᠰᠤᠷᠠᠯ ᠢ ᠴᠢᠩᠭᠠᠳᠬᠠᠵᠤ᠂ ᠨᠠᠷᠢᠨ ᠬᠢᠨᠠᠮᠠᠭᠠᠶ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠡᠮᠡᠭᠲᠡᠶᠢᠴᠦᠳ | ᠬᠡᠦᠬᠡᠳ ᠤᠳ ᠤᠨ ᠠᠵᠢᠯ ᠦᠢᠯᠡᠰ ᠢ ᠠᠵᠤ ᠠᠬᠤᠶ ᠨᠡᠶᠢᠭᠡᠮ ᠯᠦᠭᠡ ᠵᠡᠷᠭᠡᠪᠡᠷ ᠴᠢᠨᠠᠷ ᠰᠠᠶᠢᠲᠠᠶ ᠬᠥᠭᠵᠢᠭᠦᠯᠬᠦ ᠶᠢ | ᠠᠬᠢᠭᠤᠯᠤᠨ᠂ ᠡᠮᠡᠭᠲᠡᠶᠢᠴᠦᠳ ᠤᠨ ᠪᠥᠬᠦ ᠲᠠᠯ᠎ᠠ ᠪᠠᠷ ᠬᠥᠭᠵᠢᠬᠦ᠂ ᠬᠡᠤᠬᠡᠳ ᠤᠨ ᠡᠷᠡᠭᠦᠯ ᠢᠶᠠᠷ ᠦᠰᠦᠨ | ᠪᠤᠶᠢᠵᠢᠬᠤ ᠳᠤ ᠰᠠᠶᠢᠨ ᠰᠠᠶᠢᠬᠠᠨ ᠣᠷᠴᠢᠨ ᠨᠥᠭᠦᠴᠡᠯ ᠢ ᠪᠣᠶ ᠪᠣᠯᠭᠠᠨ ᠥᠭᠴᠦ᠂ ᠥᠪᠡᠷᠲᠡᠭᠡᠨ ᠵᠠᠰᠠᠬᠤ ᠣᠷᠣᠨ ᠤ | ᠡᠮᠡᠭᠲᠡᠶᠢᠴᠦᠳ ᠬᠡᠦᠬᠡᠳ ᠤᠳ ᠤᠨ ᠠᠵᠢᠯ ᠦᠢᠯᠡᠰ ᠤᠨ ᠰᠢᠨ᠎ᠡ ᠪᠠᠶᠢᠳᠠᠯ ᠢ ᠴᠢᠷᠮᠠᠶᠢᠨ ᠡᠭᠦᠳᠴᠦ᠂ ᠪᠣᠳᠠᠲᠤ | ᠠᠵᠢᠯᠯᠠᠭ᠎ᠠ ᠪᠠᠷ ᠢᠶᠠᠨ ᠨᠠᠮ ᠤᠨ ᠬᠤᠷᠢᠳᠤᠭᠠᠷ ᠶᠡᠭᠡ ᠬᠤᠷᠠᠯ ᠤᠨ ᠠᠮᠵᠢᠯᠲᠠ ᠲᠠᠢ ᠬᠤᠷᠠᠯᠳᠤᠬᠤ ᠶᠢ ᠤᠭᠲᠤᠨ᠎ᠠ᠃ | ᠬᠥᠲᠥᠯᠥᠭᠴᠢ | ᠵᠠ᠂ ᠭᠦᠸᠧ ᠲᠡᠷᠢᠭᠦᠯᠡᠭᠴᠢ ᠪᠢᠳᠡᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠢᠨ᠎ᠡ | ︽ᠬᠤᠶᠠᠷ ᠬᠥᠲᠥᠯᠪᠦᠷᠢ︾ ᠶᠢᠨ ᠲᠤᠬᠠᠶ ᠨᠠᠷᠢᠨ ᠲᠠᠶᠢᠯᠤᠮᠵᠢ ᠬᠢᠵᠦ ᠥᠭᠭᠦᠭᠰᠡᠨ ᠳᠤ ᠮᠠᠰᠢ ᠲᠠᠯᠠᠷᠬᠠᠵᠤ ᠪᠠᠶᠢᠨ᠎ᠠ᠃ | ᠥᠷᠭᠡᠨ ᠣᠯᠠᠨ ᠰᠦᠯᠵᠢᠶᠡᠨ ᠤ ᠠᠨᠳᠠ ᠨᠠᠷ ᠤᠨ ︽ᠰᠦᠯᠵᠢᠶᠡᠨ ᠳᠡᠭᠡᠷᠡᠬᠢ ᠰᠤᠷᠪᠤᠯᠵᠢᠯᠠᠭ᠎ᠠ︾ ᠳᠤ ᠠᠩᠬᠠᠷᠤᠯ | ᠲᠠᠯᠪᠢᠭᠰᠠᠨ ᠳᠤ ᠲᠠᠯᠠᠷᠬᠠᠵᠤ ᠪᠠᠶᠢᠨ᠎ᠠ᠂ ᠲᠣᠰ ᠬᠤᠭᠤᠴᠠᠭᠠᠨ ᠤ ︽ᠰᠦᠯᠵᠢᠶᠡᠨ ᠳᠡᠭᠡᠷᠡᠬᠢ ᠰᠤᠷᠪᠤᠯᠵᠢᠯᠠᠭ᠎ᠠ︾ | ᠠᠳᠡ ᠬᠦᠷᠦᠭᠡᠳ ᠲᠡᠭᠦᠰᠪᠡ᠂ ᠲᠠᠷᠠᠭᠠᠴᠢ ᠶᠢᠨ ᠬᠤᠭᠤᠴᠠᠭᠠᠨ ᠳᠤ ᠳᠠᠬᠢᠭᠠᠳ ᠠᠭᠤᠯᠵᠠᠶ᠎ᠠ︕ | | | | | |