ᠰᠢᠭᠤᠶᠢᠲᠤ ᠲᠣᠭᠤᠷᠢᠭ ᠤᠨ ᠬᠢᠨ ︽ᠨᠢᠭᠡ ᠯᠡ ᠤᠳᠠᠭ᠎ᠠ ᠳᠤ ᠭᠦᠢᠴᠡᠳᠬᠡᠬᠦ︾ ︽ᠲᠠᠨ ᠢ ᠬᠠᠪᠰᠤᠷᠤᠨ ᠭᠦᠢᠴᠡᠳᠬᠡᠬᠦ︾ ᠠᠵᠢᠯ ᠢ ᠠᠬᠢᠭᠤᠯᠬᠤ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2022/6/21
        6 ᠰᠠᠷ᠎ᠠ ᠶᠢᠨ 16 ᠤ ᠡᠳᠦᠷ᠂ ᠰᠢᠭᠤᠶᠢᠲᠤ ᠲᠣᠭᠤᠷᠢᠭ ᠤᠨ ᠬᠢᠨ ︽ᠥᠪᠥᠷ ᠮᠣᠩᠭᠤᠯ ᠤᠨ ᠲᠦᠷᠭᠡᠨ ᠬᠤᠷᠳᠤᠴᠠ ᠶᠢᠨ ᠠᠯᠪᠠᠨ ᠭᠡᠷ · ᠨᠢᠭᠡᠳᠦᠭᠡᠷ ᠤᠳᠠᠭ᠎ᠠ ᠶᠢᠨ ᠠᠯᠪᠠᠨ ᠭᠡᠷ᠂ ᠲᠠᠨ ᠢ ᠬᠠᠪᠰᠤᠷᠤᠨ ᠭᠦᠢᠴᠡᠳᠬᠡᠬᠦ︾ ᠶᠢ ᠠᠬᠢᠭᠤᠯᠬᠤ ᠠᠵᠢᠯ ᠤᠨ ᠪᠠᠶᠢᠷᠢᠯᠠᠭᠤᠯᠤᠯᠲᠠ ᠶᠢ ᠠᠬᠢᠭᠤᠯᠬᠤ ᠬᠤᠷᠠᠯ ᠬᠤᠷᠠᠯᠳᠤᠭᠤᠯᠵᠤ᠂ ᠵᠠᠰᠠᠭ ᠤᠨ ᠣᠷᠳᠣᠨ ᠤ ᠳᠡᠳ᠋ ᠳᠠᠷᠤᠭ᠎ᠠ ᠴᠧᠨ ᠵᠢᠶᠠ ᠵᠢᠶᠦ᠋ᠨ ᠬᠤᠷᠠᠯ ᠳᠤ ᠣᠷᠣᠯᠴᠠᠨ ᠶᠠᠷᠢᠶ᠎ᠠ ᠲᠠᠯᠪᠢᠵᠤ᠂ ᠲᠣᠭᠤᠷᠢᠭ ᠤᠨ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠭᠤᠣᠯ ᠤᠳᠤᠷᠢᠳᠤᠯᠭ᠎ᠠ ᠬᠤᠷᠠᠯ ᠳᠤ ᠣᠷᠣᠯᠴᠠᠵᠠᠢ᠃ᠬᠤᠷᠠᠯ ᠳᠡᠭᠡᠷ᠎ᠡ᠂ ᠴᠧᠨ ᠲᠣᠭᠤᠷᠢᠭ ᠤᠨ ᠳᠠᠷᠤᠭ᠎ᠠ ᠮᠠᠨ ᠤ ᠣᠷᠣᠨ ᠤ ︽ᠨᠢᠭᠡ ᠯᠡ ᠤᠳᠠᠭ᠎ᠠ ᠳᠤ ᠭᠦᠢᠴᠡᠳᠬᠡᠬᠦ᠂ ᠲᠠᠨ ᠢ ᠬᠠᠪᠰᠤᠷᠤᠨ ᠭᠦᠢᠴᠡᠳᠬᠡᠬᠦ︾ ᠠᠵᠢᠯ ᠢ ᠲᠣᠬᠢᠷᠠᠭᠤᠯᠤᠨ ᠪᠠᠶᠢᠷᠢᠯᠠᠭᠤᠯᠪᠠ᠃ᠬᠤᠷᠠᠯ ᠠᠴᠠ ᠵᠢᠭᠠᠵᠤ ᠭᠠᠷᠭᠠᠭᠰᠠᠨ ᠨᠢ᠂ ᠡᠨᠡ ᠵᠢᠯ ᠠᠴᠠ ᠨᠠᠰᠢ᠂ ᠮᠠᠨ ᠤ ᠣᠷᠣᠨ ᠳᠡᠭᠡᠳᠦ ᠱᠠᠲᠤᠨ ᠤ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠬᠢᠨᠠᠮᠠᠭᠠᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠠᠷᠠᠳ ᠲᠦᠮᠡᠨ ᠢᠶᠠᠷ ᠭᠤᠣᠯ ᠪᠣᠯᠭᠠᠭᠰᠠᠨ ᠬᠥᠭᠵᠢᠯᠲᠡ ᠶᠢᠨ ᠦᠵᠡᠯ ᠰᠠᠨᠠᠭ᠎ᠠ ᠶᠢ ᠭᠦᠨᠵᠡᠭᠡᠢ ᠦᠢᠯᠡᠳᠦᠯᠭᠡᠵᠢᠭᠦᠯᠦᠨ᠂ ︽ᠪᠠᠭᠤᠯᠭᠠᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠪᠠᠷ ᠬᠦᠴᠦᠲᠡᠢ ᠭᠠᠷᠳᠠᠴᠠ ᠪᠣᠯᠭᠠᠵᠤ᠂ ᠠᠵᠤ ᠠᠬᠤᠶᠢᠯᠠᠯ ᠣᠯᠠᠨ ᠲᠦᠮᠡᠨ ᠤ ᠠᠵᠢᠯ ᠶᠠᠪᠤᠳᠠᠯ ᠭᠦᠢᠴᠡᠳᠬᠡᠬᠦ ᠳᠤ ᠨᠠᠩ ᠰᠠᠶᠢᠨ ᠨᠠᠩ ᠲᠦᠷᠭᠡᠨ ᠲᠥᠬᠦᠮ ᠦᠵᠡᠭᠦᠯᠬᠦ ᠪᠠᠷ ᠤᠳᠤᠷᠢᠳᠤᠮᠵᠢ ᠪᠣᠯᠭᠠᠬᠤ ᠶᠢ ᠪᠠᠷᠢᠮᠲᠠᠯᠠᠨ᠂ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠠᠷᠭ᠎ᠠ ᠮᠠᠶ᠋ᠢᠭ ᠢ ᠲᠠᠰᠤᠷᠠᠯᠲᠠ ᠦᠭᠡᠢ ᠰᠢᠨ᠎ᠡ ᠪᠠᠷ ᠡᠭᠦᠳᠴᠦ᠂ ᠡᠯ᠎ᠡ ᠵᠦᠢᠯ ᠤᠨ ᠠᠵᠢᠯ ᠤᠨ ᠡᠭᠦᠷᠭᠡ ᠶᠢ ᠨᠠᠷᠢᠨ ᠨᠠᠶᠢᠳᠠᠪᠤᠷᠢᠵᠢᠭᠤᠯᠤᠨ ᠨᠠᠶᠢᠳᠠᠪᠤᠷᠢᠵᠢᠭᠤᠯᠬᠤ ᠶᠢ ᠪᠥᠬᠦ ᠬᠦᠴᠦᠨ ᠢᠶᠠᠷ ᠢᠶᠠᠨ ᠲᠦᠯᠬᠢᠨ ᠠᠬᠢᠭᠤᠯᠵᠤ᠂ ᠣᠯᠠᠨ ᠲᠦᠮᠡᠨ ᠤ ᠬᠦᠷᠲᠡᠮᠵᠢ ᠶᠢᠨ ᠲᠥᠷᠥᠭᠳᠡᠯ ᠪᠠ ᠬᠠᠨᠤᠮᠵᠢ ᠶᠢᠨ ᠬᠡᠮᠵᠢᠶ᠎ᠡ ᠶᠢ ᠲᠠᠰᠤᠷᠠᠯᠲᠠ ᠦᠭᠡᠢ ᠳᠡᠭᠡᠭᠰᠢᠯᠡᠭᠦᠯᠪᠡ᠃

        ᠬᠤᠷᠠᠯ ᠠᠴᠠ᠂ ᠪᠢᠳᠡ ᠠᠵᠢᠯ ᠤᠨ ᠭᠤᠣᠯᠳᠠᠯᠭ᠎ᠠ ᠪᠠᠨ ᠮᠥᠨᠬᠦ ︽ᠨᠢᠭᠡ ᠯᠡ ᠤᠳᠠᠭ᠎ᠠ ᠳᠤ ᠭᠦᠢᠴᠡᠳᠬᠡᠬᠦ︾᠂

︽ᠲᠠᠨ ᠢ ᠬᠠᠪᠰᠤᠷᠤᠨ ᠭᠦᠢᠴᠡᠳᠬᠡᠬᠦ︾ᠠᠵᠢᠯ ᠢ ᠠᠬᠢᠭᠤᠯᠬᠤ ᠳᠡᠭᠡᠷ᠎ᠡ ᠲᠠᠯᠪᠢᠵᠤ᠂ ᠪᠣᠳᠠᠲᠤ ᠦᠷ᠎ᠡ ᠪᠦᠲᠦᠮᠵᠢ

ᠣᠯᠬᠤ ᠪᠠᠷ ᠴᠢᠷᠮᠠᠶᠢᠬᠤ ᠬᠡᠷᠡᠭᠲᠡᠢ᠃ᠨᠢᠭᠡ ᠳᠤ᠂ ᠮᠠᠨ ᠤ ᠣᠷᠣᠨ ᠤ 121 ︽ᠨᠢᠭᠡ ᠯᠡ ᠤᠳᠠᠭ᠎ᠠ ᠳᠤ ᠭᠦᠢᠴᠡᠳᠬᠡᠬᠦ

︾ ᠵᠦᠢᠯᠡᠰ ᠤᠨ ᠨᠠᠷᠢᠨ ᠬᠠᠭᠤᠳᠠᠰᠤ ᠶᠢᠨ ᠶᠣᠰᠣᠭᠠᠷ᠂ ᠬᠡᠷᠡᠭ ᠭᠦᠢᠴᠡᠳᠬᠡᠬᠦ ᠴᠤᠪᠤᠷᠠᠯ ᠢ ᠵᠢᠷᠤᠮᠵᠢᠭᠤᠯᠵᠤ᠂

ᠭᠦᠢᠴᠡᠳᠬᠡᠬᠦ ᠭᠦᠨᠴᠡ ᠶᠢ ᠥᠷᠭᠡᠳᠬᠡᠨ᠂ ᠲᠤᠶᠢᠯ ᠤᠨ ᠲᠥᠬᠦᠮ ᠡᠷᠢᠬᠦ᠂ ᠲᠤᠶᠢᠯ ᠤᠨ ᠲᠥᠬᠦᠮ ᠬᠥᠲᠥᠯᠥᠨ

ᠵᠢᠯᠤᠭᠤᠳᠬᠤ᠂ ᠲᠤᠶᠢᠯ ᠤᠨ ᠲᠥᠬᠦᠮ ᠲᠠᠭᠯᠠᠨ ᠮᠡᠳᠡᠭᠦᠯᠬᠦ᠂ ᠲᠤᠶᠢᠯ ᠤᠨ ᠲᠥᠬᠦᠮ ᠬᠠᠮᠲᠤᠷᠠᠨ ᠭᠦᠢᠴᠡᠳᠬᠡᠬᠦ ︽

ᠨᠢᠭᠡ ᠯᠡ ᠤᠳᠠᠭ᠎ᠠ ᠳᠤ ᠭᠦᠢᠴᠡᠳᠬᠡᠬᠦ︾ ᠭᠦᠢᠴᠡᠳᠬᠡᠬᠦ ᠵᠠᠭᠪᠤᠷ ᠢ ᠪᠣᠶ ᠪᠣᠯᠭᠠᠨ᠎ᠠ᠃ᠬᠤᠶᠠᠷ ᠲᠤ᠂ ︽ᠨᠢᠭᠡ

ᠤᠳᠠᠭ᠎ᠠ ᠳᠤ ᠭᠤᠶᠤᠴᠢᠯᠠᠬᠤ᠂ ᠨᠢᠭᠡ ᠴᠣᠩᠬᠤ ᠪᠠᠷ ᠮᠠᠲ᠋ᠧᠷᠢᠶᠠᠯ ᠬᠤᠷᠢᠶᠠᠬᠤ᠂ ᠨᠢᠭᠡ ᠥᠷᠲᠡᠭᠡ ᠳᠤ ᠦᠢᠯᠡᠴᠢᠯᠡᠬᠦ᠂

ᠨᠢᠭᠡ ᠴᠣᠭᠴᠠᠵᠢᠭᠤᠯᠤᠨ ᠬᠠᠷᠢᠭᠤ ᠲᠤᠰᠬᠠᠬᠤ︾ ᠪᠥᠬᠦ ᠶᠠᠪᠤᠴᠠ ᠶᠢᠨ ︽ᠬᠠᠮᠤᠭ ᠤᠨ ᠣᠯᠠᠨ ᠳᠠᠭᠠᠨ ᠨᠢᠭᠡ

ᠤᠳᠠᠭ᠎ᠠ ᠳᠤ ᠭᠦᠶᠦᠬᠦ︾ ᠬᠠᠮᠲᠤᠷᠠᠨ ᠭᠦᠢᠴᠡᠳᠬᠡᠬᠦ ᠦᠢᠯᠡᠴᠢᠯᠡᠭᠡᠨ ᠤ ᠵᠠᠭᠪᠤᠷ ᠢ ᠪᠠᠶᠢᠭᠤᠯᠵᠤ᠂

ᠥᠭᠡᠷᠡᠴᠢᠯᠡᠯᠲᠡ ᠶᠢᠨ ᠦᠷ᠎ᠡ ᠪᠦᠲᠦᠮᠵᠢ ᠶᠢ ᠤᠯᠠᠮ ᠨᠢᠭᠡ ᠠᠯᠬᠤᠮ ᠳᠡᠭᠡᠭᠰᠢᠯᠡᠭᠦᠯᠦᠨ᠎ᠡ᠃ᠭᠤᠷᠪᠠ ᠳᠤ᠂ ᠥᠪᠡᠷᠮᠢᠴᠡ

ᠣᠨᠴᠠᠯᠢᠭ ᠲᠠᠢ ᠵᠠᠬᠢᠶᠠᠯᠠᠭ᠎ᠠ ᠶᠢᠨ ᠦᠢᠯᠡᠴᠢᠯᠡᠭᠡ ᠶᠢ ᠪᠦᠬᠦ ᠲᠠᠯ᠎ᠠ ᠪᠠᠷ ᠬᠡᠷᠡᠭᠵᠢᠭᠦᠯᠵᠦ᠂ ᠲᠦᠷᠦᠯ ᠵᠦᠢᠯ ᠢ ᠣᠷᠣᠯᠠᠨ

ᠭᠦᠢᠴᠡᠳᠬᠡᠬᠦ ᠬᠠᠪᠰᠤᠷᠤᠨ ᠭᠦᠢᠴᠡᠳᠬᠡᠬᠦ ᠦᠢᠯᠡᠴᠢᠯᠡᠭᠡᠨ ᠤ ᠲᠤᠰᠬᠠᠢ ᠲᠤᠰᠢᠶᠠᠯᠲᠠᠨ᠂ ︽ᠨᠢᠭᠡ ᠠᠵᠤ ᠠᠬᠤᠶᠢᠯᠠᠯ

ᠨᠢᠭᠡ ᠳᠡᠰ︾᠂ ᠤᠳᠤᠷᠢᠳᠤᠯᠭ᠎ᠠ ᠳᠠᠭᠠᠭᠠᠴᠢᠯᠠᠨ ᠬᠤᠯᠪᠣᠭᠠᠯᠠᠬᠤ ᠵᠡᠷᠭᠡ ᠲᠣᠭᠲᠠᠴᠠ ᠶᠢ ᠪᠠᠶᠢᠭᠤᠯᠤᠨ ᠪᠦᠷᠢᠨᠰᠢᠭᠦᠯᠵᠦ᠂

ᠲᠤᠰᠬᠠᠢ ᠠᠩᠭᠢ ᠲᠤᠰᠬᠠᠢ ᠬᠥᠮᠥᠨ ᠳᠠᠭᠠᠵᠤ ᠦᠢᠯᠡᠴᠢᠯᠡᠬᠦ᠂ ᠤᠳᠤᠷᠢᠳᠤᠯᠭ᠎ᠠ ᠳᠠᠭᠠᠭᠠᠴᠢᠯᠠᠨ ᠬᠤᠯᠪᠤᠭᠠᠯᠠᠨ

ᠦᠢᠯᠡᠴᠢᠯᠡᠬᠦ ᠶᠢ ᠲᠦᠷᠭᠡᠨ ᠠᠬᠢᠭᠤᠯᠤᠨ᠎ᠠ᠃ᠳᠥᠷᠪᠡ ᠳᠤ᠂ ᠣᠷᠣᠯᠠᠨ ᠭᠦᠢᠴᠡᠳᠬᠡᠬᠦ ᠬᠠᠪᠰᠤᠷᠤᠨ ᠭᠦᠢᠴᠡᠳᠬᠡᠬᠦ

ᠠᠵᠢᠯ ᠤᠨ ᠬᠤᠯᠪᠤᠭᠠᠯᠠᠨ ᠬᠥᠳᠡᠯᠦᠯᠴᠡᠬᠦ ᠲᠣᠭᠲᠠᠴᠠ᠂︽ᠵᠥᠪᠳᠡᠯᠴᠡᠨ ᠬᠠᠮᠲᠤᠷᠠᠨ ᠬᠢᠨᠠᠬᠤ︾ᠠᠵᠢᠯ ᠤᠨ ᠲᠣᠭᠲᠠᠴᠠ ᠶᠢ

ᠪᠦᠷᠢᠨᠰᠢᠭᠦᠯᠵᠦ᠂ ᠲᠦᠷᠦᠯ ᠵᠦᠢᠯ ᠤᠨ ᠬᠢᠨᠠᠨ ᠵᠥᠪᠰᠢᠶᠡᠷᠡᠯ ᠤᠨ ᠰᠠᠯᠠᠭ᠎ᠠ ᠮᠥᠴᠢᠷ ᠠᠯᠤᠰᠯᠠᠭᠰᠠᠨ᠂ ᠱᠠᠲᠤ

ᠳᠠᠪᠬᠤᠷᠭ᠎ᠠ ᠠᠯᠤᠰᠯᠠᠭᠰᠠᠨ᠂ ᠣᠷᠣᠨ ᠪᠦᠰᠡ ᠠᠯᠤᠰᠯᠠᠨ ᠣᠷᠣᠯᠠᠨ ᠭᠦᠢᠴᠡᠳᠬᠡᠬᠦ ᠬᠠᠪᠰᠤᠷᠤᠨ ᠭᠦᠢᠴᠡᠳᠬᠡᠬᠦ ᠶᠢ

ᠪᠡᠶᠡᠯᠡᠭᠦᠯᠬᠦ ᠶᠢ ᠠᠬᠢᠭᠤᠯᠵᠤ᠂ ᠣᠷᠣᠯᠠᠨ ᠭᠦᠢᠴᠡᠳᠬᠡᠬᠦ ᠬᠠᠪᠰᠤᠷᠤᠨ ᠭᠦᠢᠴᠡᠳᠬᠡᠬᠦ ᠶᠢᠨ ᠪᠠᠷᠢᠮᠵᠢᠶᠠᠵᠢᠭᠤᠯᠤᠯᠲᠠ ᠪᠠ

ᠵᠢᠷᠤᠮᠵᠢᠭᠤᠯᠤᠯᠲᠠ ᠶᠢᠨ ᠲᠦᠪᠰᠢᠨ ᠢ ᠳᠡᠭᠡᠭᠰᠢᠯᠡᠭᠦᠯᠦᠨ᠎ᠡ᠃

     ᠰᠢᠭᠤᠶᠢᠲᠤ ᠲᠣᠭᠤᠷᠢᠭ ᠤᠨ ᠬᠢᠨ ᠰᠢᠨ᠎ᠡ ᠪᠠᠶᠢᠳᠠᠯ ᠰᠢᠨ᠎ᠡ ᠱᠠᠭᠠᠷᠳᠠᠯᠭ᠎ᠠ ᠳᠤ ᠰᠠᠨᠠᠭᠠᠴᠢᠯᠠᠭ᠎ᠠ ᠠᠴᠠ ᠪᠠᠨ

ᠵᠣᠬᠢᠴᠠᠵᠤ᠂ ᠠᠵᠢᠯ ᠤᠨ ᠨᠠᠶᠢᠳᠠᠪᠤᠷᠢᠵᠢᠭᠤᠯᠤᠯᠲᠠ ᠶᠢ ᠴᠢᠩᠭ᠎ᠠ ᠠᠳᠬᠤᠵᠤ᠂ ᠡᠷᠴᠢ ᠵᠣᠷᠢᠭ ᠢᠶᠠᠨ ᠭᠦᠢᠴᠡᠳ

ᠪᠠᠳᠠᠷᠠᠭᠤᠯᠵᠤ᠂ ᠢᠯᠠᠯᠲᠠ ᠶᠢᠨ ᠡᠷᠴᠢᠨ ᠳᠡᠭᠡᠷ᠎ᠡ ᠪᠠᠨ ᠤᠷᠤᠭᠰᠢᠯᠠᠵᠤ᠂ ᠮᠠᠨ ᠤ  ᠲᠣᠭᠤᠷᠢᠭ ᠤᠨ  ᠵᠠᠰᠠᠭ ᠤᠨ

ᠶᠠᠪᠤᠳᠠᠯ ᠤᠨ ᠦᠢᠯᠡᠴᠢᠯᠡᠭᠡᠨ ᠤ ᠠᠵᠢᠯ ᠢ ᠲᠠᠬᠢᠨ ᠰᠢᠨ᠎ᠡ ᠳᠡᠭᠲᠡᠷ ᠲᠤ ᠭᠠᠷᠭᠠᠵᠤ᠂ ᠰᠢᠨ᠎ᠡ ᠰᠢᠪᠲᠤᠯᠤᠯᠲᠠ ᠲᠠᠢ

ᠪᠣᠯᠭᠠᠬᠤ ᠶᠢ ᠪᠦᠬᠦ ᠬᠦᠴᠦᠨ ᠢᠶᠠᠷ ᠢᠶᠠᠨ ᠠᠬᠢᠭᠤᠯᠤᠨ᠎ᠠ᠃

 
ᠢᠷᠡᠯᠲᠡ᠄ ᠵᠠᠰᠠᠭ ᠤᠨ ᠶᠠᠪᠤᠳᠠᠯ ᠤᠨ ᠦᠶᠯᠡᠴᠢᠯᠡᠭᠡᠨ ᠤ ᠲᠣᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号