ᠡᠳᠡᠭᠡᠷ 10 ᠵᠦᠢᠯ ᠢ ᠬᠢᠵᠦ ᠪᠠᠢ᠂
ᠨᠡᠶᠢᠲᠡᠯᠡᠭᠰᠡᠨ ᠴᠠᠭ᠄
2022/11/24
 ᠡᠳᠡᠭᠡᠷ 10 ᠵᠦᠢᠯ ᠢ ᠬᠢᠵᠦ ᠪᠠᠢ᠂      ᠲᠡᠭᠡᠭᠡᠳ ᠬᠡᠤᠬᠡᠳ ᠤᠳ ᠢᠶᠠᠨ ᠢᠷᠡᠭᠡᠳᠦᠢ ᠳᠤ ᠰᠠᠨᠠᠭ᠎ᠠ ᠵᠤᠪᠠᠭ᠋ᠤ ᠬᠡᠷᠡᠭ ᠦᠭᠡᠢ ᠪᠤᠯᠤᠨ᠎ᠠ ᠤᠷᠴᠢᠨ ᠦᠶ᠎ᠡ ᠳᠤ ᠬᠡᠤᠬᠡᠳ ᠦᠰᠭᠡᠨ ᠬᠦᠮᠦᠵᠢᠬᠦᠯᠬᠦ ᠠᠵᠢᠯ ᠶᠡᠭᠡ ᠬᠦᠨᠳᠦ ᠪᠤᠯᠵᠠᠢ᠃ ᠡᠨᠡ ᠪᠤᠯ ᠡᠴᠢᠭᠡ ᠡᠬᠡ  ᠶᠢᠨ ᠡᠬᠦᠷᠭᠡ ᠮᠦᠨ᠃ ᠪᠢᠳᠡ ᠦᠨᠦᠳᠦᠷ ᠬᠡᠤᠬᠡᠳ ᠤᠳ ᠢᠶᠠᠨ ᠨᠦᠯᠦᠭᠡᠯᠡᠭᠰᠡᠨ ᠢᠶᠠᠷ ᠲᠡᠬᠦᠨ ᠤ ᠢᠷᠡᠭᠡᠳᠦᠢ ᠶᠢ ᠲᠤᠳᠤᠷᠬᠠᠶᠢᠯᠠᠬᠤ ᠪᠤᠯᠤᠨ᠎ᠠ᠃ ᠬᠡᠤᠬᠡᠳ ᠤᠳ ᠠᠯᠤᠰ ᠢᠷᠡᠭᠡᠳᠦᠢ ᠶᠢᠨ ᠶᠢᠷᠲᠢᠨᠴᠦ ᠶᠢ ᠪᠤᠰᠬᠠᠬᠤ ᠪᠢᠳᠡᠨ ᠤ ᠵᠠᠯᠭᠠᠮᠵᠢ ᠬᠤᠶᠢᠴᠢ ᠦᠶ᠎ᠡ᠂ ᠲᠡᠶᠢᠮᠦ ᠴᠤ ᠤᠴᠢᠷ ᠠᠴᠠ ᠲᠡᠳᠡᠨ ᠢ ᠪᠠᠨ ᠵᠦᠪ ᠴᠢᠭᠯᠡᠯ ᠳᠤ ᠨᠢ ᠤᠷᠤᠭᠤᠯᠬᠤ ᠨᠢ ᠪᠢᠳᠡᠨ ᠤ ᠡᠬᠦᠷᠭᠡ᠃ ᠬᠦᠮᠦᠨ ᠪᠤᠯᠭᠠᠨ ᠦᠪᠡᠷ ᠤᠨ ᠭᠡᠰᠡᠨ ᠬᠦᠮᠦᠵᠢᠯ ᠤᠨ ᠠᠷᠭ᠎ᠠ ᠪᠠᠷᠢᠯ᠂ ᠲᠦᠷᠢᠮ ᠲᠠᠢ ᠪᠠᠶᠢᠳᠠᠭ ᠂ ᠡᠨᠡ ᠨᠢ ᠴᠤ ᠬᠡᠪ ᠤᠨ ᠵᠦᠢᠯ᠃ ᠬᠡᠤᠬᠡᠳ᠂ ᠲᠤᠮᠤᠴᠤᠳ ᠤᠨ ᠳᠤᠮᠳᠠ ᠢᠯᠭᠠᠭ᠎ᠠ ᠶᠡᠭᠡ ᠪᠤᠢ᠃ ᠭᠡᠬᠦ  ᠳᠡᠭᠡᠨ ᠲᠤᠮᠤᠴᠤᠳ ᠤᠨ ᠵᠠᠪᠠᠯ ᠮᠦᠷᠳᠡᠵᠦ ᠪᠠᠶᠢᠬᠤ ᠶᠤᠰᠤᠳᠠᠢ ᠦᠨᠳᠦᠰᠦᠨ ᠵᠠᠷᠴᠢᠮ ᠤᠳ ᠭᠡᠵᠦ ᠪᠠᠶᠢᠬᠤ ᠠᠵᠠᠢ᠃ ᠲᠡᠷᠡᠬᠦ 10 ᠲᠦᠷᠢᠮ ᠪᠤᠯ᠄ 1᠂ ᠦᠪᠡᠷ ᠤᠨ ᠲᠠᠨᠢ ᠪᠤᠷᠤᠭᠤ ᠪᠠᠶᠢᠪᠠᠯ ᠬᠡᠤᠬᠡᠳ ᠠᠴᠠ ᠪᠠᠨ ᠠᠭᠤᠴᠢᠯᠠᠯᠳᠠ ᠭᠤᠶᠤᠵᠤ ᠪᠠᠶᠢᠭᠠᠷᠠᠢ᠃ 2᠂ ᠦᠪᠡᠷ ᠢ ᠪᠠᠨ ᠬᠡᠤᠬᠡᠳ ᠠᠴᠠ ᠨᠠᠰᠤ ᠪᠠᠷ ᠠᠬᠢᠮᠠᠭ ᠤᠴᠢᠷ ᠠᠴᠠ ᠢᠯᠡᠬᠦᠦ ᠤᠬᠠᠭᠠᠨᠳᠠᠢ ᠭᠡᠵᠦ ᠪᠤᠤ ᠪᠤᠳᠤ᠃ 3᠂ ᠬᠡᠤᠬᠡᠳ ᠤᠳ ᠲᠠᠨᠢ ᠲᠠᠨ ᠳᠤ ᠪᠤᠯᠤᠨ ᠪᠤᠰᠤᠳ ᠲᠤ ᠰᠠᠶᠢᠨ ᠦᠢᠯᠡ ᠬᠢᠪᠡᠯ ᠡᠬᠦᠨ ᠳᠤ ᠨᠢ ᠵᠠᠪᠠᠯ ᠲᠠᠯᠠᠷᠬᠠᠵᠤ ᠪᠠᠶᠢᠭᠠᠷᠠᠢ᠃ 4᠂ ᠬᠢᠭᠰᠡᠨ ᠠᠯᠳᠠᠭ᠎ᠠ ᠪᠠᠨ ᠬᠦᠯᠢᠶᠡᠨ ᠵᠦᠪᠰᠢᠶᠡᠷᠡᠵᠦ ᠪᠠᠢ᠂ ᠬᠡᠤᠬᠡᠳ ᠠᠴᠠ ᠪᠠᠨ ᠪᠤᠤ ᠨᠢᠭᠤ᠃ 5᠂ ᠬᠡᠤᠬᠡᠳ ᠤᠳ ᠢᠶᠠᠨ ᠰᠤᠨᠤᠰᠴᠤ ᠪᠠᠢ᠃ ᠲᠡᠳᠡᠨ ᠢ ᠬᠡᠵᠢᠶ᠎ᠡ ᠴᠤ ᠪᠢᠳᠡᠭᠡᠢ ᠦᠯᠦ ᠲᠤᠭᠤᠭᠰᠠᠨ ᠪᠠᠶᠢᠳᠠᠯ ᠭᠠᠷᠭᠠᠵᠤ ᠪᠠᠶᠢᠭᠠᠷᠠᠢ᠃ 6 ᠪᠡᠶ᠎ᠡ ᠪᠠᠨ ᠠᠪᠴᠤ ᠶᠠᠪᠤᠬᠤ ᠬᠢᠯᠢ ᠬᠢᠵᠠᠭᠠᠷ ᠢ ᠲᠤᠭᠳᠠᠭᠠᠵᠤ ᠪᠠᠢ᠃ 7᠂ ᠦᠪᠡᠷ ᠢᠶᠠᠨ ᠦᠯᠢᠭᠡᠷ ᠲᠠᠭᠤᠷᠢᠶᠠᠯ ᠪᠤᠯ᠃ 8᠂ ᠦᠷᠦᠪᠳᠦᠬᠦ᠂ ᠬᠠᠶᠢᠷᠠᠯᠠᠬᠤ᠂ ᠬᠠᠶᠢᠷ᠎ᠠ ᠪᠠᠨ ᠢᠯᠡᠷᠬᠡᠶᠢᠯᠡᠬᠦ ᠳᠤ ᠨᠢ ᠰᠤᠷᠭ᠎ᠠ᠃ 9᠂ ᠠᠯᠢᠪᠠ ᠦᠢᠯᠡᠳᠦᠯ ︵ᠰᠠᠶᠢᠨ ᠪᠤᠯᠤᠨ ᠮᠠᠭᠤ︶ ᠠᠷᠤ ᠠᠴᠠ ᠲᠠᠭᠠᠭᠤᠯᠬᠤ ᠦᠷ᠎ᠡ ᠲᠠᠭᠠᠪᠤᠷᠢ ᠲᠠᠢ ᠭᠡᠳᠡᠭ ᠢ ᠤᠶᠢᠯᠠᠭᠠᠭᠤᠯ᠃ 10᠂ ᠬᠡᠤᠬᠡᠳ ᠤᠳ ᠲᠠᠢ ᠪᠠᠨ ᠬᠠᠷᠢᠯᠴᠠᠵᠤ ᠪᠠᠶᠢᠭ᠎ᠠ ᠬᠠᠷᠢᠯᠴᠠᠭᠠᠨ ᠠᠴᠠ ᠲᠠᠭᠠᠰᠢᠶᠠᠯ ᠠᠪᠴᠤ ᠪᠠᠢ᠃ ᠬᠦᠮᠦᠵᠢᠯ — ᠲᠤᠮᠤ ᠬᠠᠷᠢᠭᠤᠴᠠᠯᠭ᠎ᠠ ᠪᠦᠭᠡᠳ ᠦᠨ᠎ᠡ ᠴᠡᠨ᠎ᠡ ᠲᠠᠢ ᠶᠤᠮ ᠰᠢᠦ᠃ ᠡᠳᠡᠭᠡᠷ ᠲᠦᠷᠢᠮ ᠲᠡᠭᠡᠷ᠎ᠡ ᠲᠠ ᠦᠭᠡᠷ᠎ᠡ ᠶᠠᠭᠤ ᠨᠡᠮᠡᠬᠦ ᠪᠤᠢ︖
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号