ᠬᠡᠷᠡᠭ ᠤᠨ ᠵᠢᠱᠢᠶ᠎ᠡ | ᠬᠠᠨ ᠠᠪᠤᠭᠠᠢ ᠪᠣᠯ ᠭᠡᠷ ᠲᠡᠭᠡᠨ ᠤᠳᠬᠤᠨ ᠬᠦᠦ᠂ ᠠᠪᠤ ᠨᠢ ᠡᠪᠡᠳᠴᠢᠯᠡᠭᠰᠡᠨ ᠦᠶ᠎ᠡ ᠳᠤ ᠦᠷᠭᠦᠯᠵᠢ | ᠬᠠᠵᠠᠭᠤ ᠳᠤ ᠨᠢ ᠬᠠᠷᠠᠭᠠᠯᠵᠠᠳᠠᠭ᠃ ᠬᠠᠨ ᠠᠪᠤᠭᠠᠢ ᠶᠢᠨ ᠡᠴᠢᠭᠡ ᠨᠢ ᠠᠮᠢᠳᠤ ᠪᠠᠶᠢᠬᠤ ᠳᠠᠭᠠᠨ ᠭᠡᠷᠢᠶᠡᠰ | ᠦᠯᠡᠳᠡᠭᠡᠵᠦ᠂ ᠲᠡᠭᠦᠨ ᠤ ᠨᠡᠷ᠎ᠡ ᠳᠡᠭᠡᠷᠡᠬᠢ ᠭᠡᠷ ᠪᠠᠶᠢᠰᠢᠩ ᠢ ᠬᠠᠨ ᠠᠪᠤᠭᠠᠢ ᠳᠤ ᠭᠠᠭᠴᠠᠭᠠᠷ ᠲᠤᠨᠢ | ᠵᠠᠯᠭᠠᠮᠵᠢᠯᠠᠭᠤᠯᠬᠤ ᠪᠠᠷ ᠵᠢᠭᠠᠨ ᠲᠣᠭᠲᠠᠭᠠᠵᠠᠢ᠃ ᠡᠨᠡ ᠬᠦ ᠭᠡᠷᠢᠶᠡᠰ ᠤᠨ ᠠᠭᠤᠯᠭ᠎ᠠ ᠶᠢ ᠺᠣᠮᠫᠢᠦ᠋ᠲ᠋ᠧᠷ ᠢᠶᠠᠷ | ᠮᠠᠰᠢᠨᠳᠠᠵᠦ ᠳᠠᠷᠤᠮᠠᠯᠯᠠᠵᠤ ᠦᠯᠡᠳᠡᠬᠡᠵᠠᠢ᠂ ᠥᠪ ᠵᠠᠯᠭᠠᠮᠵᠢᠯᠠᠭᠤᠯᠤᠭᠴᠢ ᠭᠡᠷᠢᠶᠡᠰ ᠦᠯᠡᠳᠡᠭᠡᠬᠦ ᠦᠶ᠎ᠡ ᠳᠤ ᠠᠰᠢᠭ | ᠬᠤᠣᠷ ᠤᠨ ᠬᠠᠷᠢᠴᠠᠭ᠎ᠠ ᠦᠭᠡᠢ ᠬᠤᠶᠠᠷ ᠭᠡᠷᠡᠴᠢᠯᠡᠭᠴᠢ ᠠᠬᠤᠢ ᠲᠠᠯᠠᠪᠤᠷ ᠲᠤ ᠭᠡᠷᠡᠴᠢᠯᠡᠵᠡᠢ᠃ ᠭᠡᠷᠢᠶᠡᠰ ᠤᠨ ᠪᠥᠬᠦ | ᠠᠭᠤᠯᠭ᠎ᠠ ᠨᠢ ᠵᠥᠪᠬᠡᠨ ᠨᠢᠭᠡ ᠯᠡ ᠬᠠᠭᠤᠳᠠᠰᠤ ᠪᠠᠶᠢᠵᠤ᠂ ᠥᠪ ᠵᠠᠯᠭᠠᠮᠵᠢᠯᠠᠭᠤᠯᠤᠭᠴᠢ ᠵᠢᠴᠢ ᠬᠤᠶᠠᠷ ᠭᠡᠷᠡᠴᠢᠯᠡᠭᠴᠢ | ᠬᠥᠮᠦᠨ ᠪᠦᠷ ᠭᠠᠷ ᠤᠨ ᠥᠰᠥᠭ ᠵᠢᠷᠤᠵᠤ ᠲᠠᠮᠠᠭ᠎ᠠ ᠪᠠᠨ ᠳᠠᠷᠤᠵᠤ᠂ ᠡᠳᠦᠷ ᠬᠤᠭᠤᠴᠠᠭ᠎ᠠ ᠶᠢ | ᠲᠤᠲᠤᠷᠬᠠᠶᠢᠯᠠᠭᠰᠠᠨ ᠤ ᠬᠠᠮᠲᠤ ᠳᠦᠷᠰᠦ ᠰᠢᠩᠭᠡᠭᠡᠯᠲᠡ ᠬᠢᠵᠦ ᠭᠡᠷᠡᠴᠢᠯᠡᠵᠡᠢ᠃ ᠡᠨᠡ ᠬᠤᠪᠢ ᠲᠠᠷᠣᠮᠠᠯᠯᠠᠭᠰᠠᠨ | ᠭᠡᠷᠢᠶᠡᠰ ᠨᠢ ᠬᠠᠤᠯᠢ ᠶᠢᠨ ᠬᠦᠴᠦᠨ ᠲᠠᠢ ᠦᠦ︖ | ᠬᠠᠤᠯᠢ ᠢᠶᠠᠷ ᠲᠠᠶᠢᠯᠪᠤᠷᠢᠯᠠᠬᠤ ᠨᠢ | ᠬᠦᠴᠦᠨ ᠲᠠᠢ᠃ ᠢᠷᠭᠡᠨ ᠤ ᠬᠠᠤᠯᠢ ᠶᠢᠨ ᠪᠢᠴᠢᠭ ᠤᠨ ᠵᠠᠭᠤ ᠭᠤᠴᠢᠨ ᠵᠢᠷᠭᠤᠳᠤᠭᠠᠷ ᠵᠦᠢᠯ ᠳᠤ᠂ | ᠭᠡᠷᠢᠶᠡᠰ ᠢ ᠳᠠᠷᠤᠮᠠᠯᠯᠠᠬᠤ ᠳᠤ ᠬᠤᠶᠠᠷ ᠠᠴᠠ ᠳᠡᠭᠡᠭᠰᠢ ᠭᠡᠷᠡᠴᠢᠯᠡᠭᠴᠢ ᠠᠬᠤᠢ ᠲᠠᠯᠠᠪᠤᠷ ᠲᠤ ᠭᠡᠷᠡᠴᠢᠯᠡᠬᠦ ᠬᠡᠷᠡᠭᠲᠡᠢ᠃ | ᠭᠡᠷᠢᠶᠡᠰ ᠦᠯᠡᠳᠡᠭᠡᠭᠴᠢ ᠪᠠ ᠭᠡᠷᠡᠴᠢᠯᠡᠭᠴᠢ ᠭᠡᠷᠢᠶᠡᠰ ᠤᠨ ᠬᠠᠭᠤᠳᠠᠰᠤ ᠪᠦᠷᠢ ᠳᠤ ᠭᠠᠷ ᠤᠨ ᠦᠰᠦᠭ ᠢᠶᠠᠨ ᠵᠢᠷᠤᠵᠤ᠂ | ᠣᠨ᠂ ᠰᠠᠷ᠎ᠠ᠂ ᠡᠳᠦᠷ ᠢ ᠲᠣᠳᠣᠷᠬᠠᠢ ᠪᠢᠴᠢᠬᠦ ᠬᠡᠷᠡᠭᠲᠡᠢ ᠭᠡᠵᠦ ᠲᠣᠭᠲᠠᠭᠠᠵᠠᠢ᠃ |