《 ᠰᠢᠨ᠎ᠡ ᠵᠢᠯ ᠢ ᠪᠡᠯᠭᠡᠯᠡᠵᠦ᠂ ᠴᠠᠭᠠᠨ ᠰᠠᠷ᠎ᠠ ᠶᠢ ᠤᠭᠲᠤᠬᠤ 》 ᠪᠠᠶᠠᠷ ᠬᠦᠷ ᠲᠠᠢ ᠪᠠᠷ ᠰᠢᠨ᠎ᠡ ᠵᠢᠯ  ᠢ ᠤᠭᠲᠤᠶ᠎ᠠ    —《 ᠰᠢᠨ᠎ᠡ ᠵᠢᠯ ᠢ ᠪᠡᠯᠭᠡᠯᠡᠵᠦ᠂ ᠴᠠᠭᠠᠨ ᠰᠠᠷ᠎ᠠ ᠶᠢ ᠤᠭᠲᠤᠬᠤ 》 ᠬᠥᠷ ᠬᠥᠭᠵᠢᠶᠡᠨ ᠲᠠᠢ ᠪᠠᠷ ᠰᠢᠨ᠎ᠡ ᠵᠢᠯ ᠢ ᠤᠭ᠊
ᠨᠡᠶᠢᠲᠡᠯᠡᠭᠰᠡᠨ ᠴᠠᠭ᠄
2022/1/18
        ᠬᠠᠭᠤᠴᠢᠨ ᠵᠢᠯ ᠢᠶᠠᠨ ᠦᠳᠡᠵᠦ ᠰᠢᠨ᠎ᠡ ᠵᠢᠯ ᠢᠶᠠᠨ ᠤᠭᠲᠤᠬᠤ ᠲᠠᠰᠢᠷᠠᠮ ᠢᠶᠠᠷ᠂ ᠳᠤᠮᠳᠠᠳᠤ ᠶᠢᠨ ᠦᠨᠳᠦᠰᠦᠲᠡᠨ ᠤ ᠤᠯᠠᠮᠵᠢᠯᠠᠯᠲᠤ ᠰᠣᠶᠣᠯ ᠢ ᠤᠯᠠᠮᠵᠢᠯᠠᠨ ᠵᠠᠯᠭᠠᠮᠵᠢᠯᠠᠵᠤ᠂ ᠠᠵᠢᠯᠲᠠᠨ ᠠᠵᠢᠯᠴᠢᠨ ᠤ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠤᠨ᠂ ᠪᠠᠶᠠᠷ ᠪᠠᠶᠠᠰᠬᠤᠯᠠᠩᠲᠤ ᠪᠠᠶᠠᠷ ᠤᠨ ᠡᠳᠦᠷ ᠤᠨ ᠠᠭᠤᠷ ᠠᠮᠢᠰᠬᠤᠯ ᠢ ᠪᠣᠶ ᠪᠣᠯᠭᠠᠬᠤ ᠶᠢᠨ ᠲᠥᠯᠥᠭᠡ᠂ 1 ᠰᠠᠷ᠎ᠠ ᠶᠢᠨ 17 ᠤ ᠡᠳᠦᠷ ᠤᠨ ᠦᠳᠡ ᠶᠢᠨ ᠬᠤᠶᠢᠨ᠎ᠠ᠂ ᠰᠢᠭᠤᠶᠢᠲᠤ ᠣᠷᠣᠨ ᠤ ᠵᠠᠰᠠᠭ ᠤᠨ ᠶᠠᠪᠤᠳᠠᠯ ᠤᠨ ᠦᠶᠯᠡᠴᠢᠯᠡᠭᠡᠨ ᠤ ᠲᠣᠪᠴᠢᠶ᠎ᠠ ᠶᠢᠨ ᠡᠪᠯᠡᠯ ᠤᠨ ᠡᠭᠦᠷ 《 ᠰᠢᠨ᠎ᠡ ᠵᠢᠯ ᠢ ᠪᠡᠯᠭᠡᠯᠡᠵᠦ ᠴᠠᠭᠠᠨ ᠰᠠᠷ᠎ᠠ ᠶᠢ ᠤᠭᠲᠤᠬᠤ 》 ᠥᠰᠥᠭ ᠤᠨ ᠣᠨᠢᠰᠤᠭ᠎ᠠ ᠳᠠᠭᠠᠬᠤ ᠠᠵᠢᠯᠯᠠᠭ᠎ᠠ ᠡᠷᠭᠢᠯᠡᠵᠦ᠂ ᠴᠠᠭᠠᠨ ᠰᠠᠷ᠎ᠠ ᠶᠢ ᠤᠭᠲᠤᠵᠤ᠂ ᠰᠣᠯᠢᠯᠴᠠᠭ᠎ᠠ ᠪᠠᠨ ᠨᠡᠮᠡᠭᠳᠡᠭᠦᠯᠬᠦ ᠪᠠᠷ ᠵᠣᠷᠢᠯᠭ᠎ᠠ ᠪᠣᠯᠭᠠᠨ᠂ ᠪᠥᠬᠦ ᠠᠵᠢᠯᠲᠠᠨ ᠠᠵᠢᠯᠴᠢᠨ ᠳᠤ ᠡᠯᠪᠡᠭ ᠪᠠᠶᠠᠯᠢᠭ ᠣᠶᠤᠨ ᠤ ᠰᠣᠶᠣᠯ ᠤᠨ ᠦᠪᠡᠳᠡᠭᠰᠢ ᠨᠠᠶᠢᠷ ᠢ ᠠᠪᠴᠢᠷᠠᠪᠠ  ᠃

      ᠦᠰᠦᠭ ᠤᠨ ᠣᠨᠢᠰᠤᠭ᠎ᠠ ᠳᠠᠭᠠᠬᠤ ᠪᠣᠯ ᠨᠢᠭᠡ ᠵᠦᠶᠯ ᠤᠨ ᠳᠤᠮᠳᠠᠳᠤ ᠶᠢᠨ ᠤᠯᠠᠮᠵᠢᠯᠠᠯᠲᠤ ᠦᠰᠦᠭ

ᠪᠢᠴᠢᠭ ᠤᠨ ᠲᠣᠭᠯᠠᠭᠠᠮ᠂ ᠤᠯᠠᠮᠵᠢᠯᠠᠯᠲᠤ ᠣᠨᠢᠰᠤᠭ᠎ᠠ ᠳᠠᠭᠠᠬᠤ ᠨᠢᠭᠡ ᠵᠦᠶᠯ ᠤᠨ ᠬᠡᠯᠪᠡᠷᠢ ᠳᠤ ᠪᠠᠭᠲᠠᠨ᠎ᠠ  ᠃

ᠲᠡᠷᠡ ᠨᠢ ᠪᠠᠰᠠ ᠴᠤ ᠬᠢᠲᠠᠳ ᠦᠨᠳᠦᠰᠦᠲᠡᠨ ᠳᠤ ᠣᠨᠴᠠ ᠪᠠᠶᠢᠳᠠᠭ ᠨᠢᠭᠡ ᠵᠦᠢᠯ ᠤᠨ ᠦᠭᠡ ᠬᠡᠯᠡ ᠰᠣᠶᠣᠯ ᠤᠨ

ᠦᠵᠡᠭᠳᠡᠯ ᠪᠣᠯᠤᠨ᠎ᠠ᠂ ᠲᠠᠭᠠᠪᠤᠷᠢᠯᠠᠯ ᠤᠨ ᠣᠨᠢᠰᠤᠭ᠎ᠠ ᠨᠢ ᠭᠤᠣᠯᠳᠠᠭᠤ ᠳᠥᠷᠪᠡᠯᠵᠢᠨ ᠬᠢᠲᠠᠳ ᠦᠰᠦᠭ ᠤᠨ

ᠵᠢᠷᠤᠯᠭ᠎ᠠ ᠶᠢᠨ ᠳᠠᠪᠲᠠᠯᠲᠠ᠂ ᠬᠠᠵᠠᠭᠤ ᠲᠠᠯ᠎ᠠ ᠨᠢ ᠬᠠᠷᠢᠴᠠᠩᠭᠤᠢ ᠪᠠᠷ ᠲᠤᠰᠠᠭᠠᠷᠯᠠᠭᠰᠠᠨ᠂ ᠪᠦᠲᠦᠴᠡ ᠶᠢᠨ ᠨᠡᠶᠢᠯᠡᠯ

 ᠨᠢ ᠬᠤᠪᠢᠷᠠᠯᠲᠠ ᠶᠡᠬᠡᠲᠡᠢ ᠵᠡᠷᠭᠡ ᠣᠨᠴᠠᠯᠢᠭ ᠢ ᠦᠨᠳᠦᠰᠦᠯᠡᠨ᠂ ᠰᠠᠯᠭᠠᠬᠤ ᠨᠡᠶᠢᠯᠡᠯᠲᠡ᠂ ᠨᠡᠮᠡᠭᠳᠡᠯ ᠰᠦᠢᠳᠦᠯ᠂

ᠳᠦᠷᠰᠦ ᠳᠦᠷᠰᠦ᠂ ᠣᠶᠢᠯᠠᠭᠠᠯᠲᠠ ᠵᠡᠷᠭᠡ ᠤᠯᠠᠨ ᠵᠦᠢᠯ ᠤᠨ ᠠᠷᠭ᠎ᠠ ᠬᠡᠯᠪᠡᠷᠢ ᠪᠠᠷ ᠶᠠᠪᠤᠭᠳᠠᠳᠠᠭ  ᠃

      ᠲᠣᠰ ᠤᠳᠠᠭᠠᠨ ᠤ ᠥᠰᠥᠭ ᠤᠨ ᠣᠨᠢᠰᠤᠭ᠎ᠠ ᠶᠢᠨ ᠠᠵᠢᠯᠯᠠᠭ᠎ᠠ ᠶᠢᠨ ᠣᠨᠢᠰᠤᠭ᠎ᠠ ᠶᠢᠨ ᠠᠭᠤᠯᠭ᠎ᠠ ᠨᠢ

ᠣᠯᠠᠨ ᠶᠠᠩᠵᠤ ᠶᠢᠨ ᠬᠤᠯᠪᠣᠭᠳᠠᠬᠤ ᠬᠡᠪᠴᠢᠶ᠎ᠡ ᠨᠢ ᠥᠷᠭᠡᠨ ᠪᠠᠶᠢᠵᠤ᠂ ᠬᠥᠮᠦᠨ ᠤ ᠣᠨᠢᠰᠤᠭ᠎ᠠ᠂ ᠠᠮᠢᠲᠠᠨ

ᠤᠷᠭᠤᠮᠠᠯ ᠤᠨ ᠲᠥᠷᠥᠯ ᠪᠠ ᠨᠡᠷ᠎ᠡ ᠦᠭᠡ ᠶᠢᠨ ᠲᠥᠷᠥᠯ ᠵᠡᠷᠭᠡ ᠶᠢ ᠪᠠᠭᠲᠠᠭᠠᠵᠤ᠂ ᠠᠭᠤᠯᠭ᠎ᠠ ᠨᠢ ᠡᠯᠪᠡᠭ ᠪᠠᠶᠠᠯᠢᠭ᠂

ᠮᠡᠳᠡᠯᠭᠡᠲᠦ ᠴᠢᠨᠠᠷ ᠪᠠ ᠰᠣᠨᠢᠷᠬᠠᠯᠲᠤ ᠴᠢᠨᠠᠷ ᠢ ᠨᠢᠭᠡ ᠴᠣᠭᠴᠠᠵᠢᠭᠤᠯᠤᠭᠰᠠᠨ ᠪᠠᠶᠢᠨ᠎ᠠ  ᠃ ᠬᠥᠳᠡᠯᠭᠡᠭᠡᠨ ᠡᠬᠢᠯᠡᠪᠡ᠂

ᠣᠯᠠᠨ ᠢᠶᠠᠷ ᠢᠶᠠᠨ ᠪᠦᠷ ᠣᠨᠢᠰᠤᠭ᠎ᠠ ᠠᠪᠴᠤ᠂ ᠬᠠᠯᠠᠭᠤᠨ ᠰᠡᠳᠬᠢᠯᠭᠡ ᠣᠷᠭᠢᠯᠪᠠ  ᠃ ᠡᠰᠡᠬᠦᠯ᠎ᠡ ᠲᠠᠷᠢᠬᠢ ᠪᠠᠨ

ᠰᠢᠪᠬᠠᠨ ᠪᠣᠳᠣᠯᠬᠢᠯᠠᠬᠤ᠂ ᠡᠰᠡᠬᠦᠯ᠎ᠡ ᠰᠢᠪᠡᠨᠡᠯᠳᠦᠨ ᠶᠠᠷᠢᠯᠴᠠᠬᠤ᠂ ᠡᠰᠡᠬᠦᠯ᠎ᠡ ᠦᠰᠦᠭ ᠪᠢᠴᠢᠭ ᠤᠨ ᠣᠨᠢᠰᠤᠭ᠎ᠠ ᠶᠢᠨ

ᠳᠣᠤᠷ᠎ᠠ ᠣᠨᠢᠰᠤᠭ᠎ᠠ ᠪᠢᠴᠢᠬᠦ ᠳᠤᠷᠠᠲᠠᠶ  ᠃ ᠡᠭᠦᠨ ᠤ ᠬᠠᠮᠲᠤ᠂ ᠡᠪᠯᠡᠯ ᠤᠨ ᠡᠭᠦᠷ ᠠᠴᠠ ᠲᠠᠭᠠᠪᠤᠷᠢᠯᠠᠵᠤ ᠪᠠᠶᠢᠭᠰᠠᠨ

ᠨᠥᠬᠦᠳ ᠲᠤ ᠡᠯᠪᠡᠭ ᠳᠡᠯᠪᠡᠭ ᠵᠢᠵᠢᠭ ᠪᠡᠯᠡᠭ ᠪᠡᠯᠡᠳᠬᠡᠵᠦ᠂ ᠦᠰᠦᠭ ᠤᠨ ᠣᠨᠢᠰᠤᠭ᠎ᠠ ᠶᠢᠨ ᠲᠤᠭ᠎ᠠ ᠶᠢ

ᠦᠨᠳᠦᠰᠦᠯᠡᠨ ᠱᠠᠩᠨᠠᠯ ᠰᠣᠯᠢᠵᠤ ᠥᠭᠪᠡ  ᠃ ᠡᠨᠡ ᠤᠳᠠᠭᠠᠨ ᠤ ᠣᠨᠢᠰᠤᠭ᠎ᠠ ᠳᠠᠭᠠᠬᠤ ᠬᠥᠳᠡᠯᠭᠡᠭᠡᠨ ᠨᠢ ᠠᠮᠢᠳᠤᠷᠠᠯ

 ᠲᠠᠢ ᠣᠢᠷᠠᠲᠤᠭᠰᠠᠨ ᠮᠥᠷᠲᠡᠭᠡᠨ ᠪᠠᠰᠠ ᠰᠣᠶᠣᠯ ᠤᠨ ᠥᠩᠭᠡ ᠪᠤᠳᠤᠭ ᠢᠶᠠᠷ ᠪᠢᠯᠬᠠᠮ᠎ᠠ  ᠃ ᠠᠵᠢᠯᠯᠠᠭ᠎ᠠ ᠶᠢ

ᠠᠮᠵᠢᠯᠲᠠ ᠲᠠᠢ ᠡᠷᠭᠢᠯᠡᠭᠰᠡᠨ ᠨᠢ ᠤᠯᠠᠮᠵᠢᠯᠠᠯᠲᠤ ᠰᠣᠶᠣᠯ ᠢ ᠨᠠᠩ ᠠᠮᠢᠳᠤᠯᠢᠭ ᠬᠡᠯᠪᠡᠷᠢ ᠪᠠᠷ ᠠᠵᠢᠯᠲᠠᠨ ᠠᠵᠢᠯᠴᠢᠨ ᠤ

ᠡᠳᠦᠷ ᠲᠤᠲᠤᠮ ᠤᠨ ᠠᠮᠢᠳᠤᠷᠠᠯ ᠳᠤ ᠣᠷᠣᠭᠤᠯᠵᠤ᠂ ᠥᠰᠥᠭ ᠤᠨ ᠣᠨᠢᠰᠤᠭ᠎ᠠ ᠶᠢᠨ ᠰᠣᠶᠣᠯ ᠤᠨ ᠰᠣᠯᠢᠯᠴᠠᠭ᠎ᠠ ᠶᠢ

ᠠᠬᠢᠭᠤᠯᠤᠭᠰᠠᠨ ᠢᠶᠠᠷ ᠪᠠᠷᠠᠬᠤ ᠥᠬᠡᠶ ᠪᠠᠰᠠ ᠳᠤᠮᠳᠠᠳᠤ ᠶᠢᠨ ᠦᠨᠳᠦᠰᠦᠲᠡᠨ ᠤ ᠤᠯᠠᠮᠵᠢᠯᠠᠯᠲᠤ ᠰᠣᠶᠣᠯ ᠢ ᠤᠯᠠᠮ

ᠨᠢᠭᠡ ᠠᠯᠬᠤᠮ ᠪᠠᠳᠠᠷᠠᠭᠤᠯᠤᠭᠰᠠᠨ ᠪᠠᠶᠢᠨ᠎ᠠ  ᠃ ᠪᠠᠶᠠᠷ ᠤᠨ ᠡᠳᠦᠷ ᠬᠦᠷᠴᠦ ᠢᠷᠡᠬᠦ ᠲᠠᠰᠢᠷᠠᠮ ᠢᠶᠠᠷ᠂ ᠪᠢᠳᠡ ᠠᠳᠡ

ᠴᠤᠭᠯᠠᠷᠠᠵᠤ᠂ ᠬᠠᠭᠤᠴᠢᠨ ᠵᠢᠯ ᠢᠶᠠᠨ ᠦᠳᠡᠵᠦ ᠰᠢᠨ᠎ᠡ ᠵᠢᠯ ᠢᠶᠠᠨ ᠤᠭᠲᠤᠬᠤ ᠪᠣᠯᠤᠨ᠎ᠠ  ᠃

 
ᠢᠷᠡᠯᠲᠡ᠄ ᠰᠢᠭᠤᠶᠢᠲᠤ ᠲᠣᠭᠤᠷᠢᠭ ᠤᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号