ᠣᠶᠢᠷ᠎ᠠ ᠳᠤ ᠰᠢᠭᠤᠶᠢᠲᠤ ᠲᠣᠭᠤᠷᠢᠭ ᠦᠵᠡᠯ ᠤᠬᠠᠮᠰᠠᠷ ᠤᠨ ᠬᠡᠯᠪᠡᠷᠢ ᠶᠢᠨ ᠠᠵᠢᠯ ᠤᠨ | ᠲᠣᠤᠷᠵᠢᠭᠤᠯᠤᠭᠰᠠᠨ ᠬᠠᠮᠢᠶᠠᠷᠤᠯᠲᠠ ᠶᠢᠨ ᠰᠢᠰᠲ᠋ᠧᠮ ᠤᠨ ᠲᠠᠪᠴᠠᠩ ᠤᠨ ᠪᠣᠯᠪᠠᠰᠤᠷᠠᠯ ᠤᠨ ᠬᠤᠷᠠᠯ ᠡᠷᠬᠢᠯᠡᠵᠦ᠂ | ᠲᠣᠤᠷᠴᠢᠯᠠᠭᠴᠢ ᠶᠢᠨ ᠠᠵᠢᠯ ᠮᠡᠷᠭᠡᠵᠢᠯ ᠤᠨ ᠬᠡᠪ ᠴᠢᠨᠠᠷ ᠪᠠ ᠲᠤᠰᠬᠠᠶ ᠮᠡᠷᠭᠡᠵᠢᠯ ᠤᠨ ᠬᠢᠷᠢ ᠬᠡᠮᠵᠢᠶ᠎ᠡ ᠶᠢ ᠤᠯᠠᠮ ᠨᠢᠭᠡ | ᠠᠯᠬᠤᠮ ᠳᠡᠭᠡᠭᠰᠢᠯᠡᠭᠦᠯᠵᠦ᠂ ᠲᠣᠤᠷᠵᠢᠭᠤᠯᠤᠭᠰᠠᠨ ᠬᠠᠮᠢᠶᠠᠷᠤᠯᠲᠠ ᠶᠢᠨ ᠳᠠᠪᠠᠭᠤᠯᠢᠭ ᠪᠠ ᠲᠣᠤᠷᠴᠢᠯᠠᠭᠰᠠᠨ | ᠬᠠᠮᠢᠶᠠᠷᠤᠯᠲᠠ ᠶᠢᠨ ᠲᠠᠪᠴᠠᠩ ᠤᠨ ᠦᠢᠯᠡᠳᠦᠯ ᠢ ᠨᠠᠩ ᠰᠠᠶᠢᠲᠤᠷ ᠪᠠᠳᠠᠷᠠᠭᠤᠯᠤᠨ᠎ᠠ᠃ | | | | | ᠬᠤᠷᠠᠯ ᠠᠴᠠ ᠪᠤᠭᠤᠲᠤ ᠬᠤᠲᠠ ᠶᠢᠨ ᠪᠦᠯᠦᠭ ᠰᠦᠯᠵᠢᠶᠡᠨ ᠤ ᠰᠢᠨᠵᠢᠯᠡᠬᠦ ᠤᠬᠠᠭᠠᠨ ᠮᠡᠷᠭᠡᠵᠢᠯ ᠤᠨ | ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠮᠡᠷᠭᠡᠵᠢᠯᠲᠡᠨ ᠢ ᠤᠷᠢᠵᠤ᠂ ᠳ᠋ᠢᠩ ᠳ᠋ᠢᠩ APP ᠶᠢᠨ ᠦᠵᠡᠯ | ᠤᠬᠠᠮᠰᠠᠷ ᠤᠨ ᠬᠡᠯᠪᠡᠷᠢ ᠶᠢᠨ ᠠᠵᠢᠯ ᠤᠨ ᠲᠣᠤᠷᠵᠢᠭᠤᠯᠤᠭᠰᠠᠨ ᠬᠠᠮᠢᠶᠠᠷᠤᠯᠲᠠ ᠶᠢᠨ ᠰᠢᠰᠲ᠋ᠧᠮ ᠤᠨ ᠠᠵᠢᠯᠯᠠᠭ᠎ᠠ ᠶᠢ | ᠨᠠᠷᠢᠨ ᠨᠢᠮᠪᠠᠶ ᠵᠢᠯᠣᠭᠤᠳᠴᠤ᠂ ᠪᠠᠰᠠ ᠭᠤᠤᠯᠳᠠᠭᠤ ᠵᠢᠭᠰᠠᠭᠠᠯ ᠤᠨ ᠭᠠᠵᠠᠷ ᠲᠤ ᠣᠷᠣᠭᠤᠯᠬᠤ᠂ ᠲᠣᠭᠤᠷᠢᠨ | ᠪᠠᠶᠢᠴᠠᠭᠠᠬᠤ᠂ ᠡᠳᠦᠷ ᠤᠨ ᠲᠡᠮᠳᠡᠭᠯᠡᠯ ᠢ ᠪᠢᠴᠢᠬᠦ ᠵᠡᠷᠭᠡ ᠲᠠᠯ᠎ᠠ ᠶᠢᠨ ᠠᠭᠤᠯᠭ᠎ᠠ ᠶᠢᠨ ᠲᠤᠬᠠᠶ ᠭᠦᠨᠵᠡᠭᠡᠶ ᠪᠥᠭᠡᠳ | ᠣᠶᠢᠯᠠᠭᠠᠮᠵᠢᠲᠠᠶ ᠲᠠᠶᠢᠯᠤᠮᠵᠢ ᠬᠢᠵᠦ᠂ ᠠᠳᠠᠯᠢ ᠪᠤᠰᠤ ᠲᠥᠷᠥᠯ ᠤᠨ ᠪᠣᠳᠠᠲᠤ ᠵᠢᠱᠢᠶ᠎ᠡ ᠪᠠᠷ ᠳᠠᠮᠵᠢᠨ ᠵᠠᠳᠠᠯᠤᠯᠲᠠ | ᠬᠢᠵᠡᠶ᠃ ᠣᠯᠠᠨ ᠬᠠᠷᠠᠭᠠᠰᠤ᠂ ᠪᠦᠬᠦ ᠲᠠᠯ᠎ᠠ ᠶᠢᠨ ᠪᠣᠯᠪᠠᠰᠤᠷᠠᠯ ᠬᠢᠪᠡ᠃ | | | | | ᠬᠤᠷᠠᠯ ᠠᠴᠠ ᠴᠢᠬᠤᠯᠠᠴᠢᠯᠠᠭᠰᠠᠨ ᠨᠢ᠂ ᠰᠢᠨᠵᠢᠯᠡᠬᠦ ᠤᠬᠠᠭᠠᠨᠴᠢ ᠪᠠᠷ ᠲᠣᠤᠷ ᠢ ᠬᠤᠪᠢᠶᠠᠷᠢᠯᠠᠵᠤ᠂ ᠣᠯᠠᠨ | ᠰᠦᠯᠵᠢᠶ᠎ᠡ ᠶᠢ ᠠᠭᠤᠰᠤᠯᠴᠠᠭᠤᠯᠬᠤ ᠬᠡᠷᠡᠭᠲᠡᠶ᠂ ᠦᠵᠡᠯ ᠤᠬᠠᠮᠰᠠᠷ ᠤᠨ ᠬᠡᠯᠪᠡᠷᠢ ᠶᠢᠨ ᠵᠢᠭᠰᠠᠭᠠᠯ ᠤᠨ ᠭᠠᠵᠠᠷ ᠤᠨ | ᠡᠭᠦᠷᠭᠡ ᠴᠢᠳᠠᠪᠤᠷᠢ ᠶᠢ ᠳᠣᠷᠣᠭᠰᠢ ᠪᠠᠭᠤᠯᠭᠠᠬᠤ ᠶᠢ ᠢᠳᠡᠪᠬᠢᠲᠡᠶ ᠪᠠᠷ ᠲᠦᠯᠬᠢᠨ ᠠᠬᠢᠭᠤᠯᠵᠤ᠂ ᠰᠢᠨᠵᠢᠯᠡᠬᠦ | ᠤᠬᠠᠭᠠᠨᠴᠢᠯᠠᠭᠰᠠᠨ ᠲᠣᠤᠷ ᠰᠦᠯᠵᠢᠶ᠎ᠡ ᠶᠢ ᠲᠤᠬᠢᠷᠠᠬᠤᠯᠤᠨᠠ᠃ ᠬᠥᠮᠦᠨ ᠬᠥᠮᠦᠨ ᠠᠳᠠᠯᠢ ᠦᠭᠡᠢ᠂ ᠭᠠᠵᠠᠷ ᠭᠠᠵᠠᠷ | ᠠᠳᠠᠯᠢ ᠦᠭᠡᠢ᠂ ᠲᠣᠣᠷᠵᠢᠯ ᠢ ᠨᠠᠷᠢᠯᠢᠭᠵᠢᠭᠤᠯᠤᠨ ᠲᠣᠬᠢᠷᠠᠭᠤᠯᠵᠤ᠂ ᠬᠠᠷᠢᠭᠤᠴᠠᠯᠭ᠎ᠠ ᠶᠢ ᠱᠠᠲᠤ ᠳᠠᠷᠠᠭᠠᠯᠠᠨ | ᠪᠣᠳᠠᠲᠠᠶᠢᠵᠢᠭᠤᠯᠵᠤ᠂ ᠬᠠᠷᠢᠭᠤᠴᠠᠯᠭ᠎ᠠ ᠶᠢᠨ ᠨᠠᠷᠢᠨ ᠬᠠᠭᠤᠳᠠᠰᠤ ᠶᠢ ᠲᠣᠭᠲᠠᠭᠠᠵᠤ᠂ ᠬᠠᠷᠢᠭᠤᠴᠠᠯᠭ᠎ᠠ ᠶᠢ ᠬᠥᠮᠦᠨ ᠳᠤ | ᠬᠦᠷᠲᠡᠯ᠎ᠡ ᠨᠢᠷᠯᠠᠭᠵᠢᠭᠤᠯᠵᠦ᠂ ᠦᠵᠡᠯ ᠤᠬᠠᠮᠰᠠᠷ ᠤᠨ ᠬᠡᠯᠪᠡᠷᠢ ᠶᠢᠨ ᠠᠵᠢᠯ ᠢ ᠪᠦᠷᠢᠨ ᠪᠦᠷᠬᠦᠭᠦᠯᠬᠦ ᠶᠢ ᠦᠨᠡᠨᠬᠦ | ᠪᠠᠲᠤᠯᠠᠨ᠎ᠠ᠃ ᠠᠵᠢᠯ ᠤᠨ ᠲᠤᠰᠢᠶᠠᠯ ᠬᠠᠷᠢᠭᠤᠴᠠᠯᠭ᠎ᠠ ᠲᠠᠢ ᠪᠠᠨ ᠤᠶᠠᠯᠳᠤᠭᠤᠯᠤᠨ᠂ ᠪᠣᠳᠠᠲᠤ ᠦᠷ᠎ᠡ | ᠪᠦᠲᠦᠮᠵᠢ ᠲᠠᠢ ᠪᠠᠷ ᠬᠢᠨᠠᠨ ᠰᠢᠯᠭᠠᠬᠤ ᠲᠣᠣᠷᠯᠢᠭ ᠢ ᠬᠢᠨᠠᠨ ᠰᠢᠯᠭᠠᠵᠤ᠂ ᠠᠵᠢᠯ ᠤᠨ ᠡᠷᠴᠢᠮ ᠢᠶᠠᠨ ᠤᠯᠠᠮ ᠨᠢᠭᠡ | ᠠᠯᠬᠤᠮ ᠴᠢᠩᠭᠠᠷᠠᠭᠤᠯᠵᠤ᠂ ᠠᠵᠢᠯ ᠤᠨ ᠲᠣᠭᠲᠠᠴᠠ ᠪᠠᠨ ᠲᠡᠭᠦᠯᠳᠡᠷᠵᠢᠭᠦᠯᠦᠨ᠂ ᠠᠵᠢᠯ ᠤᠨ ᠳᠤᠲᠠᠭᠤᠳᠠᠯ ᠢᠶᠠᠨ | ᠨᠥᠬᠦᠪᠥᠷᠢᠯᠡᠵᠦ᠂ ᠭᠠᠵᠠᠷ ᠣᠷᠣᠨ ᠤ ᠦᠵᠡᠯ ᠤᠬᠠᠮᠰᠠᠷ ᠤᠨ ᠬᠡᠯᠪᠡᠷᠢ ᠶᠢᠨ ᠬᠦᠷᠢᠶᠡᠨ ᠳᠠᠬᠢ ᠠᠮᠤᠷ ᠲᠦᠪᠰᠢᠨ᠂ | ᠡᠶ᠎ᠡ ᠵᠣᠬᠢᠴᠠᠯ᠂ ᠲᠣᠭᠲᠠᠭᠤᠨ ᠪᠠᠶᠢᠳᠠᠯ ᠢ ᠬᠠᠮᠲᠤᠪᠠᠷ ᠬᠠᠮᠠᠭᠠᠯᠠᠨ᠎ᠠ᠃ | ᠵᠢᠪᠬᠤᠯᠠᠩᠲᠤ ᠰᠤᠮᠤ᠂ ᠪᠠᠳᠺᠡᠷ ᠵᠤᠤ ᠪᠠᠯᠭᠠᠰᠤᠨ ᠤ ᠨᠠᠮ ᠤᠨ ᠬᠤᠷᠢᠶ᠎ᠠ᠂ ᠡᠯ᠎ᠡ ᠵᠡᠭᠡᠯᠢ ᠭᠤᠳᠤᠮᠵᠢ ᠶᠢᠨ | ᠨᠠᠮ ᠤᠨ ᠠᠵᠢᠯᠯᠠᠬᠤ ᠬᠤᠷᠢᠶ᠎ᠠ᠂ ᠡᠯ᠎ᠡ ᠬᠦᠷᠢᠶᠡᠯᠡᠩ ᠲᠣᠭᠤᠷᠢᠭ᠂ ᠦᠵᠡᠮᠵᠢ ᠶᠢᠨ ᠣᠷᠣᠨ ᠤ ᠨᠠᠮ ᠤᠨ ᠵᠣᠬᠢᠶᠠᠨ | ᠪᠠᠶᠢᠭᠤᠯᠤᠯᠲᠠ᠂ ᠲᠣᠭᠤᠷᠢᠭ ᠤᠨ ᠨᠠᠮ ᠤᠨ ᠬᠤᠷᠢᠶᠠᠨ ᠤ ᠡᠯ᠎ᠡ ᠰᠠᠯᠠᠭ᠎ᠠ ᠮᠥᠴᠢᠷ᠂ ᠲᠣᠭᠤᠷᠢᠭ ᠤᠨ ᠰᠢᠭᠤᠳ | ᠬᠠᠷᠢᠶ᠎ᠠ ᠡᠯ᠎ᠡ ᠪᠠᠶᠢᠭᠤᠯᠭ᠎ᠠ᠂ ᠠᠵᠢᠯ ᠦᠢᠯᠡᠰ ᠤᠨ ᠨᠢᠭᠡᠴᠢ ᠶᠢᠨ ᠨᠠᠮ ᠤᠨ ᠵᠣᠬᠢᠶᠠᠨ ᠪᠠᠶᠢᠭᠤᠯᠤᠯᠲᠠ᠂ ᠡᠯ᠎ᠡ | ᠠᠷᠠᠳ ᠤᠨ ᠪᠦᠯᠬᠦᠮ ᠤᠨ ᠨᠠᠮ ᠤᠨ ᠵᠣᠬᠢᠶᠠᠨ ᠪᠠᠶᠢᠭᠤᠯᠤᠯᠲᠠ ᠶᠢᠨ ᠪᠦᠬᠦ ᠲᠣᠣᠷᠴᠢᠯᠠᠭᠴᠢᠳ ᠪᠠ ᠬᠤᠯᠪᠣᠭᠠᠴᠢᠨ | ᠪᠣᠯᠪᠠᠰᠤᠷᠠᠯ ᠳᠤ ᠣᠷᠣᠯᠴᠠᠨ᠎ᠠ᠃ | |