ᠮᠤᠩᠭᠤᠯᠴᠤᠳ ᠤᠨ ᠭᠤᠷᠪᠠᠨᠳᠠ ᠰᠠᠴᠤᠯᠢ ᠡᠷᠭᠦᠭᠦ ᠶᠤᠰᠤ ᠵᠠᠩᠰᠢᠯ
ᠨᠡᠶᠢᠲᠡᠯᠡᠭᠰᠡᠨ ᠴᠠᠭ᠄
2020/9/24
       ᠡᠷᠳᠡ ᠤᠵᠠᠭᠤᠷ ᠠᠴᠠ ᠠᠪᠤᠭᠠᠳ ᠮᠤᠩᠭᠤᠯᠴᠤᠳ ᠠᠷᠢᠭᠢ ᠤᠤᠭᠤᠬᠤ ᠳᠤ ᠤᠯᠠᠨ ᠶᠤᠰᠤ ᠵᠢᠷᠤᠮ ᠲᠠᠢ᠂ ᠪᠤᠯᠪᠠᠰᠤᠨ ᠢ ᠡᠷᠭᠢᠮᠨᠡᠳᠡᠭ ᠵᠠᠩᠰᠢᠯ ᠲᠠᠢ ᠪᠠᠶᠢᠭᠰᠠᠨ᠃        ᠶᠠᠮᠠᠷ ᠪᠠᠶᠢᠳᠠᠯ᠂ ᠶᠠᠮᠠᠷ ᠠᠬᠤᠢ ᠤᠷᠴᠢᠨ ᠳᠤ ᠴᠤ ᠬᠤᠨᠳᠠᠭ᠎ᠠ ᠲᠠᠢ ᠠᠷᠢᠭᠢ ᠶᠢ ᠠᠪᠤᠩᠭᠤᠳᠠ ᠠᠮᠠ ᠤᠷᠤᠭᠤ ᠪᠠᠨ ᠴᠢᠳᠬᠤᠨ ᠤᠤᠭᠤᠳᠠᠭ ᠦᠭᠡᠢ᠂ ᠬᠠᠷᠢᠨ ᠨᠠᠰᠤᠳᠠᠨ ᠪᠤᠭᠤᠷᠤᠯ᠂ ᠠᠬᠠᠰ ᠵᠠᠬᠠᠰ ᠲᠠᠭᠠᠨ ᠤᠷᠢᠳᠠᠪᠠᠷ ᠳᠡᠭᠡᠵᠢᠯᠠᠨ ᠭᠡᠮᠨᠠᠵᠦ ᠶᠤᠰᠤ ᠤᠴᠢᠷ ᠢᠶᠠᠨ ᠭᠦᠢᠴᠡᠳᠭᠡᠨ᠂ ᠳᠠᠷᠠᠭ᠎ᠠ ᠨᠢ ᠭᠤᠷᠪᠠᠨᠳᠠ ᠰᠡᠷᠵᠢᠮᠯᠠᠨ ᠰᠠᠴᠤᠯᠢ ᠡᠷᠭᠦᠵᠦ ᠠᠮᠰᠠᠭᠠᠳ ᠤᠤᠭᠤᠳᠠᠭ᠃ ᠡᠨᠡᠭᠦ ᠵᠠᠩ ᠵᠢᠷᠤᠮ ᠤᠨ ᠪᠦᠷᠢᠯᠳᠦᠯ ᠨᠢ ᠳᠡᠦᠭᠡ ᠶᠢᠨ ᠡᠰᠢ ᠪᠠᠷᠢᠮᠳᠠ ᠲᠠᠢ ᠪᠦᠭᠡᠳ ᠤᠴᠢᠷ ᠤᠳᠬ᠎ᠠ ᠨᠢ ᠮᠠᠰᠢ ᠭᠦᠨ ᠪᠠᠶᠢᠳᠠᠭ᠃        ᠠᠷᠢᠭᠢ ᠶᠢ ᠭᠤᠷᠪᠠᠨᠳᠠ ᠭᠡᠮᠨᠡᠨ ᠰᠠᠴᠤᠯᠢ ᠡᠷᠭᠦᠳᠡᠭ ᠮᠤᠩᠭᠤᠯᠴᠤᠳ ᠤᠨ ᠶᠤᠰᠤ ᠵᠠᠩᠰᠢᠯ ᠢ ᠲᠤᠷᠠᠳᠬᠤ ᠳᠤ ᠴᠢᠩᠭᠢᠰ ᠬᠠᠭᠠᠨ ᠤ ᠪᠢᠯᠢᠭ ᠰᠤᠷᠭᠠᠯ ᠠᠴᠠ ᠡᠷᠢᠵᠦ ᠳᠤᠳᠤᠯᠠᠬᠤ ᠤᠴᠢᠷᠳᠠᠢ᠃ ᠳᠡᠦᠭᠡᠨ ᠳᠡᠮᠳᠡᠭᠯᠡᠯ ᠢ ᠦᠨᠳᠤᠰᠤᠯᠡᠪᠡᠯ᠂ ᠨᠠᠢᠮᠠᠨ ᠤ ᠳᠠᠶᠠᠨ ᠬᠠᠠ ᠨᠠᠷᠠᠳᠤ ᠡᠯᠴᠢ ᠪᠠᠨ ᠴᠠᠭᠠᠨ ᠭᠡᠷᠡᠮ ᠤᠨ ᠠᠷᠤ ᠳᠤ ᠨᠤᠳᠤᠭᠰᠢᠭᠰᠠᠨ ᠤᠩᠭᠤᠳ ᠠᠶᠢᠮᠠᠭ ᠤᠨ ᠳᠦᠷᠦᠭᠦᠤ ᠠᠯᠬᠤᠰᠢ ᠳᠠᠭᠢᠳᠬᠤᠷᠢ ᠳᠤ ᠢᠯᠡᠭᠡᠵᠦ᠂ ︽ᠳᠤᠷᠤᠨ᠎ᠠ ᠵᠦᠭ ᠲᠤ ᠴᠦᠭᠡᠨ ᠮᠤᠩᠭᠤᠯᠴᠤᠳ ᠪᠤᠢ ᠭᠡᠳᠡᠭ᠂ ᠴᠢ ᠪᠠᠷᠠᠭᠤᠨ ᠭᠠᠷ ᠪᠤᠯᠵᠦ ᠮᠤᠷᠳᠠ᠂ ᠪᠢ ᠠᠳᠡᠴᠠ ᠬᠠᠮᠰᠠᠵᠦ ᠳᠡᠳᠡᠭᠡᠷ ᠮᠤᠩᠭᠤᠯᠴᠤᠳ ᠤᠨ ᠬᠤᠷᠤᠮᠰᠠᠭ᠎ᠠ ᠰᠠᠭᠠᠳᠠᠭ ᠢ ᠪᠤᠯᠢᠶᠠᠨ ᠠᠪᠤᠰᠤᠭᠠᠢ︾ ᠭᠡᠵᠡᠢ᠃ ᠠᠯᠬᠤᠰᠢ ᠳᠠᠭᠢᠳᠬᠤᠷᠢ ︽ᠪᠢ ᠪᠠᠷᠠᠭᠤᠨ ᠭᠠᠷ ᠴᠢᠨᠢ ᠪᠤᠯᠵᠦ ᠴᠢᠳᠠᠬᠤ ᠦᠭᠡᠢ︾ ᠭᠡᠵᠦ ᠡᠯᠴᠢ ᠶᠢ ᠨᠢ ᠳᠠᠶᠠᠨ ᠬᠠᠭᠠᠨ ᠳᠤ ᠪᠤᠴᠠᠭᠠᠭᠠᠳ ᠦᠪᠠᠷ ᠤᠨ ᠵᠤᠬᠤᠨᠠᠭ ᠨᠠᠷᠠᠳᠤ ᠡᠯᠴᠢ ᠪᠠᠨ ᠳᠠᠶᠢᠽᠤ ᠪᠤᠭᠳᠠ ᠴᠢᠩᠭᠢᠰ ᠬᠠᠭᠠᠨ ᠳᠤ ᠢᠯᠡᠭᠡᠵᠦ᠂ ᠵᠢᠷᠭᠤᠭᠠᠨ ᠪᠡᠯᠪᠡᠩ ︵ᠪᠤᠳᠤᠩ︶ ᠠᠷᠢᠭᠢ ᠪᠡᠯᠡᠭᠯᠡᠨ ᠳᠠᠶᠠᠨ ᠬᠠᠨ ᠤ ᠳᠤᠪᠳᠤᠯᠤᠯᠳᠠ ᠶᠢ ᠰᠠᠷᠠᠮᠵᠢᠯᠡᠳᠤᠭᠡᠢ ᠭᠡᠰᠡᠠ ᠪᠠᠶᠢᠵᠠᠢ᠃         ︽ᠳᠠᠶᠢᠽᠤ ᠤᠷᠢᠳᠠᠪᠠᠷ ᠰᠠᠴᠤᠯᠢ ᠡᠷᠭᠦᠵᠦ ᠳᠠᠷᠠᠭ᠎ᠠ ᠪᠠᠷ ᠵᠤᠭᠤᠭᠯᠠᠪᠠᠢ᠂ ᠭᠡᠮ ᠢ ᠭᠤᠷᠪᠠᠨᠳᠠ ᠡᠷᠭᠦᠵᠦ᠂ ᠡᠨᠡ ᠶᠠᠭᠤᠮ᠎ᠠ ᠶᠢ ᠪᠠᠭ᠎ᠠ ᠡᠳ᠋ᠯᠡᠪᠡᠰᠤ ᠴᠢᠨᠠᠷ ᠢ ᠭᠦᠭᠵᠢᠭᠡᠮᠤᠢ᠂ ᠶᠡᠭᠡ ᠡᠳ᠋ᠯᠡᠪᠡᠰᠤ ᠴᠢᠨᠠᠷ ᠢ ᠦᠳᠡᠭᠡᠷᠡᠮᠦᠢ︾ ᠭᠡᠵᠡᠢ᠃ ᠠᠯᠬᠤᠰᠢ ᠳᠠᠭᠢᠳᠬᠤᠷᠢ ᠳᠤ ᠴᠢᠩᠭᠢᠰ ᠬᠠᠭᠠᠨ ᠠᠴᠠ ︽ᠨᠢᠭᠡᠨ ᠡᠳᠦᠷ ᠳᠡᠯᠡᠭᠡᠢ ᠳ᠋ᠠᠭᠢᠨ ᠮᠢᠨᠦ ᠪᠤᠯᠪᠠᠰᠤ ᠴᠢᠨᠤ ᠠᠴᠢ ᠳᠤᠰᠠ ᠶᠢ ᠭᠡᠷᠭᠢᠨ ᠬᠠᠷᠢᠭᠤᠯᠬᠤ ᠶᠢ ᠮᠦᠩᠭᠡ ᠳᠡᠭᠷᠢ ᠮᠡᠳᠡᠳᠦᠭᠡᠢ︾ ᠭᠡᠮᠡᠭᠰᠠᠨ ᠪᠦᠭᠡᠳ ᠳᠠᠶᠠᠨ ᠬᠠᠨ ᠢ ᠬᠠᠮᠳᠤᠪᠠᠷ ᠳᠠᠶᠢᠯᠠᠬᠤ ᠪᠠᠷ ᠪᠤᠯᠵᠤᠯᠳᠤᠭᠰᠠᠨ ᠠᠵᠢ᠃ ︽ᠰᠤᠳᠤᠷ ᠤᠨ ᠴᠢᠭᠤᠯᠭᠠᠨ︾᠂ ︽ᠮᠤᠩᠭᠤᠯ ᠤᠨ ᠨᠢᠭᠤᠴᠠ ᠳᠤᠪᠴᠢᠶᠡᠨ︾᠂ ︽ᠪᠤᠭᠳᠠ ᠪᠠᠭᠠᠳᠤᠷ ᠤᠨ ᠪᠠᠶ᠎ᠠ ᠪᠠᠷ ᠳᠠᠶᠢᠯᠠᠭᠰᠠᠨ ᠳᠡᠮᠳᠡᠭᠯᠡᠯ︾ ᠵᠢᠴᠢ ︽ᠭᠤᠤ ᠳᠠᠩ ᠵᠦᠩ ᠰᠢᠶᠠᠨ ᠸᠠᠩ ᠤᠨ ᠭᠦᠰᠢᠶᠠᠨ ᠪᠢᠴᠢᠭ︾ ᠵᠡᠷᠭᠡ ᠳᠡᠦᠭᠡ ᠱᠠᠰᠳᠢᠷ ᠲᠤ ᠡᠨᠡ ᠳᠤᠬᠠᠢ ᠳᠡᠮᠳᠡᠭᠯᠡᠯ ᠴᠦᠮ ᠪᠤᠢ᠃ ᠴᠢᠩᠭᠢᠰ ᠬᠠᠭᠠᠨ ᠠᠯᠬᠤᠰᠢ ᠳᠠᠭᠢᠳᠬᠤᠷᠢ ᠶᠢᠨ ᠭᠦᠷᠭᠡᠭᠰᠠᠨ ᠵᠢᠷᠭᠤᠭᠠᠨ ᠪᠠᠯᠪᠠᠩ ᠠᠷᠢᠭᠢ ᠶᠢ ᠰᠠᠴᠤᠯᠢ ᠡᠷᠭᠦᠨ ᠭᠤᠷᠪᠠᠨᠳᠠ ᠭᠡᠮ ᠡᠷᠭᠦᠵᠦ᠂ ᠨᠠᠢᠮᠠᠨ ᠠᠶᠢᠮᠠᠭ ᠢ ᠳᠠᠶᠢᠯᠠᠬᠤ ᠪᠠᠷ ᠶᠡᠭᠡ ᠴᠡᠷᠢᠭ ᠢᠶᠠᠨ ᠳᠠᠶᠢᠴᠢᠯᠠᠨ ᠮᠤᠷᠳᠠᠭᠠᠳ ᠬᠠᠷᠪᠤᠭᠰᠠᠨ ᠰᠤᠮᠤ ᠮᠠᠳᠤ ᠬᠠᠷᠢᠯᠳᠠ ᠦᠭᠡᠢ ᠪᠠᠷ ᠨᠠᠢᠮᠠᠨ ᠠᠶᠢᠮᠠᠭ ᠢ ᠬᠤᠷᠢᠶᠠᠮᠵᠢᠯᠠᠨ ᠳᠦᠪᠰᠢᠳᠭᠡᠵᠦ᠂ ᠮᠤᠩᠭᠤᠯ ᠤᠨ ᠶᠡᠭᠡ ᠬᠠᠭᠠᠨᠳᠤ ᠳᠤᠯᠭᠤᠷ ᠳᠦᠷᠦ ᠶᠢ ᠴᠤᠭᠴᠠᠯᠠᠭᠰᠠᠨ ᠪᠠᠶᠢᠨ᠎ᠠ᠃        ᠮᠤᠩᠭᠤᠯᠴᠤᠳ ᠡᠨᠡᠭᠦ ᠢᠯᠡᠯᠳᠠ ᠪᠠᠨ ᠳᠡᠦᠭᠡᠨ ᠳᠤ ᠦᠨᠢ ᠤᠳᠠᠭᠠᠨ ᠳᠤᠷᠠᠰᠴᠤ ᠳᠡᠮᠳᠡᠭᠯᠡᠭᠦ ᠶᠢᠨ ᠳᠦᠯᠦᠭᠡᠨ᠎ᠠ ᠴᠢᠩᠭᠢᠰ ᠬᠠᠭᠠᠨ ᠤ ᠠᠷᠢᠭᠢ ᠶᠢ ᠭᠤᠷᠪᠠᠨᠳᠠ ᠭᠡᠮ ᠡᠷᠭᠦᠵᠦ ᠰᠠᠴᠤᠯᠢ ᠰᠠᠴᠤᠭᠰᠠᠨ ᠢᠶᠠᠷ ᠪᠡᠯᠭᠡᠳᠡᠯ ᠪᠤᠯᠭᠠᠵᠦ᠂ ᠪᠠᠶᠠᠷ ᠳᠤᠷᠠᠰᠬᠠᠯ᠂ ᠨᠠᠶᠢᠷ ᠬᠤᠷᠢᠮ᠂ ᠳᠠᠶᠢᠯᠭ᠎ᠠ ᠳᠠᠭᠢᠯᠭ᠎ᠠ ᠵᠡᠷᠭᠡ ᠴᠤᠭᠯᠠᠭᠠᠨ ᠳᠤ ᠭᠦᠨᠳᠤᠳᠭᠡᠯ ᠤᠨ ᠶᠤᠰᠤ ᠪᠤᠯᠭᠠᠨ ᠠᠷᠢᠭᠢ ᠶᠢ ᠤᠷᠢᠳᠠᠪᠠᠷ ᠭᠤᠷᠪᠠᠨᠳᠠ ᠰᠡᠷᠵᠢᠮᠯᠠᠨ ᠰᠠᠴᠤᠯᠢ ᠡᠷᠭᠦᠭᠦ ᠪᠤᠯᠵᠠᠢ᠃        ᠮᠦᠨ ᠠᠶᠠᠨ ᠵᠠᠮ ᠳᠤ ᠭᠠᠷᠬᠤ ᠳᠠᠭᠠᠨ ᠮᠤᠷᠳᠠᠭᠤᠯ ᠤᠨ ᠠᠷᠢᠭᠢ — ︽ᠳᠦᠷᠦᠭᠡᠨ ᠠᠷᠢᠭᠢ︾ ᠭᠡᠵᠦ ᠠᠷᠢᠭᠢ ᠶᠢ ᠭᠤᠷᠪᠠᠨᠳᠠ ᠭᠡᠮᠨᠡᠨ ᠰᠠᠴᠤᠯᠢ ᠡᠷᠭᠦᠵᠦ ᠮᠤᠷᠳᠠᠭᠤᠯᠬᠤ ᠵᠠᠩᠰᠢᠯ ᠪᠤᠢ ᠪᠤᠯᠵᠦ᠂ ᠡᠨᠡ ᠨᠢ ᠤᠳᠤ ᠪᠤᠯᠳᠠᠯ᠎ᠠ ᠤᠯᠠᠮᠵᠢᠯᠠᠭᠳᠠᠵᠦ ᠪᠠᠶᠢᠨ᠎ᠠ᠃ ︽ᠮᠤᠩᠭᠤᠯ ᠤᠨ ᠰᠠᠴᠠᠨ ᠬᠠᠨ ᠠᠶᠢᠮᠠᠭ ᠤᠨ ᠵᠠᠷᠢᠮ ᠬᠤᠰᠢᠭᠤ ᠦᠨᠡᠭᠡ ᠳᠤ ᠬᠤᠶᠠᠷ ᠴᠢᠭᠢ ᠲᠠᠢ ᠶᠤᠮ᠂ ᠦᠳᠡ ᠶᠢᠨ ᠬᠤᠨᠳᠠᠭ᠎ᠠ ᠭᠤᠷᠪᠠ ᠪᠠᠶᠢᠳᠠᠭ᠃ ᠮᠤᠷᠢᠨ ᠳᠤ ᠬᠤᠶᠠᠷ ᠴᠢᠭᠢ ᠲᠠᠢ ᠰᠢᠤ᠂ ᠮᠤᠷᠳᠠᠭᠤᠯᠬᠤ ᠬᠤᠨᠳᠠᠭ᠎ᠠ ᠭᠤᠷᠪᠠ ᠶᠤᠮ︾ ᠭᠡᠵᠦ ᠭᠤᠷᠪᠠᠨ ᠬᠤᠨᠳᠠᠭ᠎ᠠ ᠠᠷᠢᠭᠢ ᠪᠠᠷᠢᠵᠦ ᠮᠤᠷᠳᠠᠭᠤᠯᠬᠤ ︽ᠮᠤᠯᠤᠷ ᠤᠨ ᠠᠷᠢᠭᠢ︾ ᠪᠠᠷᠢᠳᠠᠭ ᠵᠠᠩ ᠵᠢᠷᠤᠮ ᠢ ᠪᠠᠰᠠ ᠵᠠᠷᠢᠮ ᠮᠠᠲ᠋ᠧᠷᠢᠶᠠᠯ ᠳᠤ ᠳᠡᠮᠳᠡᠭᠯᠡᠵᠤ ᠪᠤᠢ᠃        ᠳᠡᠭᠡᠳᠤ ᠮᠤᠩᠭᠤᠯᠴᠤᠳ ︽ᠳᠤᠰᠠᠯᠠᠪᠠᠯ ᠳᠤᠯᠤᠭ᠎ᠠ᠂ ᠠᠰᠠᠭᠠᠪᠠᠯ ᠠᠷᠪᠠᠨ ᠬᠤᠨᠳᠠᠭ᠎ᠠ︾ ᠭᠡᠵᠦ ᠠᠷᠢᠭᠢ ᠱᠠᠯᠠᠬᠤ ᠳᠤ ᠪᠠᠰᠠ ︽ᠴᠢᠩᠭᠢᠰ ᠬᠠᠭᠠᠨ ᠤ ᠴᠢᠨᠳᠠᠮᠤᠨᠢ ᠶᠢᠨ ᠭᠤᠷᠪᠠ︾ ᠪᠠᠷ ᠭᠤᠷᠪᠠᠨ ᠬᠤᠨᠳᠠᠭ᠎ᠠ ᠭᠡᠮᠨᠡᠳᠡᠭ ᠪᠠᠶᠢᠨ᠎ᠠ᠃ ᠮᠤᠩᠭᠤᠯᠴᠤᠳ ᠤᠨ ᠠᠷᠢᠭᠢ ᠶᠢ ᠭᠤᠷᠪᠠᠨᠳᠠ ᠰᠡᠷᠵᠢᠮᠯᠠᠨ ᠰᠠᠴᠤᠯᠢ ᠡᠷᠭᠦᠭᠦ ᠪᠤᠯᠪᠠᠰᠤᠨ ᠵᠠᠩᠰᠢᠯ ᠢ ᠬᠠᠷᠢ ᠤᠯᠤᠰ ᠤᠨ ᠵᠢᠭᠤᠯᠴᠢᠯᠠᠭᠴᠢ ᠸᠢᠯᠢᠶᠠᠮ ᠷᠦᠪᠷᠦᠩ ᠬᠠᠮᠤᠭ ᠤᠨ ᠳᠦᠷᠦᠭᠦᠨ ᠳᠤ ᠳᠡᠯᠡᠭᠡᠢ ᠨᠠᠶᠢᠳᠠ ᠳᠤ ᠮᠡᠳᠡᠭᠡᠯᠡᠵᠦ ᠳᠠᠨᠢᠯᠴᠠᠭᠤᠯᠵᠠᠢ᠃ ︽ᠳᠠᠳᠠ ᠬᠤᠷᠢᠮ ᠨᠠᠶᠢᠷ ᠭᠢᠵᠦ ᠳᠠᠷᠠᠰᠤ ᠤᠤᠭᠤᠬᠤ ᠳᠠᠭᠠᠨ ᠤᠷᠢᠳᠠᠪᠠᠷ ᠭᠡᠷ ᠤᠨ ᠡᠵᠡᠨ ᠤ ᠳᠡᠭᠡᠷ᠎ᠠ ᠳᠠᠯ᠎ᠠ ᠶᠢᠨ ᠤᠩᠭᠤᠳ ᠲᠤ ᠠᠷᠢᠭᠢᠨ ᠤ ᠳᠡᠭᠡᠵᠢ ᠪᠠᠨ ᠡᠷᠭᠦᠵᠦ᠂ ᠪᠤᠰᠤᠳ ᠤᠩᠭᠤᠳ ᠲᠠᠭᠠᠨ ᠮᠦᠨ ᠳᠡᠰ ᠳᠠᠷᠠᠭᠠᠯᠠᠨ ᠰᠡᠷᠵᠢᠮ ᠡᠷᠭᠦᠨ᠎ᠠ᠃        ᠳᠠᠷᠠᠭ᠎ᠠ ᠨᠢ ᠨᠢᠭᠡᠨ ᠵᠠᠷᠤᠴᠠ ᠮᠤᠳᠤᠨ ᠠᠶᠠᠭᠠᠨ ᠳᠤ ᠮᠡᠯᠮᠡᠯᠵᠠᠳᠠᠯ᠎ᠠ ᠠᠷᠢᠭᠢ ᠰᠦᠩᠨᠡᠨ ᠭᠠᠳᠠᠨ᠎ᠠ ᠭᠠᠷᠴᠤ᠂ ᠡᠮᠦᠨ᠎ᠠ ᠵᠦᠭ ᠲᠤ ᠬᠠᠨᠳᠤᠵᠦ ᠭᠠᠵᠠᠷ ᠰᠦᠭᠦᠳᠴᠤ ᠭᠤᠷᠪᠠᠨᠳᠠ ᠮᠦᠷᠭᠦᠭᠦ ᠶᠢᠨ ᠳᠠᠭᠠᠤ ᠠᠷᠢᠭᠢ ᠪᠠᠨ ᠭᠤᠷᠪᠠᠨᠳᠠ ᠰᠠᠷᠵᠢᠮᠯᠠᠨ ᠡᠷᠭᠦᠨ᠎ᠠ︾ ᠭᠡᠵᠤ ︽ᠸᠢᠯᠢᠶᠡᠮ ᠷᠦᠪᠷᠦᠩ ᠤᠨ ᠠᠶᠠᠯᠠᠯ ᠤᠨ ᠳᠡᠮᠳᠡᠭᠯᠡᠯ︾ ᠳᠡᠭᠡᠨ ᠨᠠᠷᠢᠯᠢᠬ ᠳᠡᠮᠳᠡᠭᠯᠡᠵᠡᠢ᠃ 1999 ᠤᠨ ᠳᠤ ᠪᠢᠳᠠ ᠮᠤᠩᠭᠤᠯ ᠤᠯᠤᠰ ᠤᠨ ᠵᠤᠴᠢᠳ ᠢ ᠭᠦᠯᠢᠶᠡᠨ ᠠᠪᠴᠤ᠂ ᠠᠷᠢᠭᠢ ᠪᠠᠷᠢᠨ ᠰᠠᠷᠵᠢᠮᠯᠡᠭᠦ ᠦᠶᠡᠰ ᠳᠠᠳᠠ ︽ᠮᠠᠨ ᠤ ᠮᠤᠩᠭᠤᠯ ᠤᠯᠤᠰ ᠤᠨ ᠬᠢᠨ ᠵᠠᠭᠦᠨ ᠭᠠᠷ ᠭᠭᠢᠷ ᠦᠭᠡᠢ᠂ ᠠᠷᠢᠭᠤᠨ ᠭᠡᠮᠡᠨ ᠵᠡᠭᠦᠨ ᠭᠠᠷ ᠢᠶᠠᠷ ᠢᠶᠠᠨ ᠠᠷᠢᠭᠢ ᠰᠠᠷᠵᠢᠮᠯᠡᠨ᠎ᠠ᠃ ᠰᠠᠷᠵᠢᠮᠯᠠᠨ ᠰᠠᠴᠤᠯᠢ ᠡᠷᠭᠦᠭᠦ ᠳᠤ ᠳᠡᠭᠡᠭᠰᠢ ᠭᠦᠭᠡ ᠮᠦᠩᠭᠡ ᠳᠡᠭᠷᠢ ᠳᠤ᠂ ᠳᠤᠷᠤᠭᠰᠢ ᠭᠦᠷᠦᠰᠤᠳᠤ ᠠᠯᠳᠠᠨ ᠳᠡᠯᠡᠭᠡᠢ ᠳᠤ᠂ ᠳᠡᠷᠭᠡᠳᠡᠭᠢ ᠭᠠᠯ ᠭᠤᠯᠤᠮᠳᠠ ᠳᠠᠭᠠᠨ ᠭᠡᠵᠦ ᠭᠤᠷᠪᠠᠨᠳᠠ ᠰᠡᠷᠵᠢᠮᠯᠡᠨ᠎ᠠ︾ ᠭᠡᠵᠦ ᠶᠠᠷᠢᠭᠰᠠᠨ ᠪᠢᠯᠡ᠃ ᠬᠠᠯᠢᠮᠠᠭᠴᠤᠳ ᠴᠤ ᠠᠷᠢᠭᠢ ᠳᠠᠷᠠᠰᠤ ᠶᠢ ᠠᠪᠤᠮᠠᠭᠴᠠ ᠤᠤᠭᠤᠬᠤ ᠶᠢ ᠠᠷᠢᠭᠢᠨ ᠴᠢᠳᠭᠦᠷ ᠭᠡᠮᠡᠨ ᠡᠯᠡᠭ ᠳᠤᠭᠤᠭᠢ ᠪᠤᠯᠭᠠᠨ ᠬᠤᠱᠤᠩᠨᠠᠨ ᠱᠤᠭᠯᠠᠳᠠᠭ ᠭᠡᠬᠦ ᠶᠤᠮ᠃        ᠳᠡᠳᠡ ᠴᠤ ᠤᠷᠢᠳᠠᠪᠠᠷ ᠠᠵᠠᠢ ᠪᠤᠭᠤᠷᠤᠯᠴᠤᠳ ᠲᠠᠭᠠᠨ ᠠᠷᠢᠭᠢ ᠪᠠᠨ ᠭᠡᠮᠨᠠᠨ ᠪᠠᠷᠢᠵᠦ᠂ ᠳᠠᠷᠠᠭ᠎ᠠ ᠳᠤᠨᠢ ᠭᠤᠷᠪᠠᠨᠳᠠ ᠰᠠᠴᠤᠯᠢ ᠡᠷᠭᠦᠨ ᠶᠤᠰᠤ ᠵᠢᠷᠤᠮ ᠢᠶᠠᠨ ᠭᠦᠢᠴᠡᠳᠭᠡᠭᠡᠳ ᠠᠮᠰᠠᠨ ᠵᠤᠭᠤᠭᠯᠠᠳᠠᠭ ᠭᠡᠵᠦ ᠵᠠᠭᠤᠴᠢᠯᠠᠭᠤᠷ ᠤᠨ ᠬᠢᠨ ᠳᠤ ᠮᠡᠳᠡᠭᠡᠯᠡᠭᠰᠡᠨ ᠶᠤᠮ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号