ᠮᠤᠩᠭᠤᠯ ᠬᠦᠮᠦᠨ ᠡᠷᠳᠡ ᠤᠷᠢᠳᠦ ᠠᠴᠠ ᠪᠠᠨ ᠠᠶᠢᠯ ᠳᠤ ᠪᠠᠭᠤᠵᠦ ᠴᠠᠢ ᠤᠰᠤ ᠤᠤᠭᠤᠬᠤ ᠪᠤᠶᠤ | ᠬᠤᠭᠤᠯᠠ ᠪᠤᠳᠠᠭ᠎ᠠ ᠢᠳᠡᠭᠦ ᠳᠡᠭᠡᠨ᠂ ᠠᠶᠢᠯ ᠤᠨ ᠳᠠᠯᠪᠢᠵᠦ ᠦᠭᠭᠦᠭᠰᠡᠨ ᠪᠤᠤᠪᠤ ᠪᠤᠭᠤᠷᠰᠤᠭ᠂ ᠰᠢᠬᠢᠷ ᠵᠢᠮᠢᠰ᠂ | ᠬᠤᠷᠤᠳ ᠴᠠᠭ᠎ᠠ ᠪᠤᠶᠤ ᠮᠢᠬ᠎ᠠ ᠰᠢᠬᠦᠰᠦ ᠶᠢ ᠳᠠᠪᠠᠭ᠂ ᠰᠠᠪᠠ ᠶᠢ ᠨᠢ ᠬᠤᠭᠤᠰᠤᠷᠠᠳᠠᠯ᠎ᠠ ᠢᠳᠡᠬᠦ᠂ ᠤᠤᠭᠤᠬᠤ ᠶᠢ | ᠮᠠᠰᠢᠳᠠ ᠴᠠᠭᠡᠷᠯᠡᠳᠡᠭ᠃ ᠡᠭᠦᠨ ᠢ ᠰᠠᠪᠠ ᠬᠤᠭᠤᠰᠤᠯᠠᠬᠤ ᠦᠭᠡᠢ ᠶᠤᠰᠤᠨ ᠭᠡᠳᠡᠭ᠃ ᠵᠠᠷᠢᠮ ᠭᠠᠵᠠᠷ ᠳᠠᠪᠠᠭ ︵ᠫᠢᠯᠠ | ︶ ᠬᠤᠭᠤᠰᠤᠯᠠᠬᠤ ᠦᠭᠡᠢ ᠶᠤᠰᠤᠨ ᠴᠤ ᠭᠡᠳᠡᠭ᠃ | ᠮᠤᠩᠭᠤᠯ ᠬᠦᠮᠦᠨ ᠵᠤᠴᠢᠨᠰᠠᠭ᠃ ᠮᠤᠩᠭᠤᠯ ᠨᠤᠳᠤᠭ ᠦᠷᠭᠡᠨ ᠠᠭᠤᠳᠠᠮ᠂ ᠵᠠᠮ ᠮᠦᠷ ᠬᠤᠯᠠ᠂ ᠶᠠᠪᠤᠵᠦ | ᠰᠠᠭᠤᠬᠤ ᠴᠠᠭ ᠤᠷᠳᠦ᠃ ᠭᠡᠨ ᠳᠤ ᠪᠤᠯᠤᠭᠰᠨ ᠴᠤ᠂ ᠭᠡᠵᠢᠶ᠎ᠡ᠂ ᠶᠠᠮᠠᠷ ᠴᠠᠭ ᠦᠶ᠎ᠠ ᠳᠤ ᠴᠤ ᠭᠡᠰᠡᠨ᠂ ᠠᠶᠢᠯ ᠳᠤ | ᠤᠴᠢᠵᠦ ᠵᠤᠴᠢᠯᠠᠭᠳᠠᠬᠤ ᠪᠤᠶᠤ ᠵᠠᠮ ᠮᠦᠷ ᠬᠦᠭᠡᠭᠡᠵᠦ ᠶᠠᠪᠤᠵᠦ ᠪᠠᠶᠢᠭᠠᠳ ᠠᠶᠢᠯ ᠳᠤ ᠪᠠᠭᠤᠵᠦ ᠰᠠᠭᠤᠵᠦ ᠴᠠᠢ | ᠤᠰᠤ ᠤᠤᠭᠤᠬᠤ᠂ ᠬᠤᠭᠤᠯᠠ ᠪᠤᠳᠠᠭ᠎ᠠ ᠢᠳᠡᠬᠦ ᠶᠠᠪᠤᠳᠠᠯ ᠤᠯᠠᠨ ᠳᠤᠬᠢᠶᠠᠯᠳᠤᠳᠠᠭ᠃ ᠠᠯᠢ ᠨᠢᠭᠡᠨ ᠠᠶᠢᠯ | ᠡᠷᠦᠭᠡ ᠳᠤ ᠨᠢ ᠴᠤ ᠭᠡᠰᠡᠨ᠂ ᠵᠠᠯᠠᠭᠰᠠᠨ ᠵᠤᠴᠢᠨ ᠢᠷᠡᠬᠦ ᠪᠤᠶᠤ ᠵᠠᠮ ᠮᠦᠷ ᠶᠠᠪᠤᠵᠦ ᠬᠦᠬᠡᠬᠡᠵᠦ ᠪᠠᠶᠢᠭᠰᠠᠨ ᠬᠦᠮᠦᠨ | ᠪᠠᠭᠤᠵᠦ ᠰᠠᠭᠤᠭᠠᠳ ᠭᠠᠷᠬᠤ ᠶᠠᠪᠤᠳᠠᠯ ᠴᠤ ᠵᠦᠩᠳᠡᠭᠡᠨ ᠳᠤᠬᠢᠶᠠᠯᠳᠤᠳᠠᠭ᠃ ᠪᠠᠭᠤᠭᠠᠳ ᠯᠠ ᠭᠠᠷᠳᠠᠭ᠂ ᠪᠤᠴᠠᠭᠠᠳ | ᠯᠠ ᠮᠤᠷᠳᠠᠳᠠᠭ᠃ ᠠᠯᠢ ᠨᠢᠭᠡᠨ ᠠᠶᠢᠯ ᠡᠷᠦᠭᠡ ᠨᠢ ᠪᠤᠯᠤᠭᠰᠠᠨ ᠴᠤ᠂ ᠳᠠᠨᠢᠬᠤ᠂ ᠳᠠᠨᠢᠬᠤ ᠦᠭᠡᠢ ᠬᠦᠮᠦᠨ ᠢᠷᠠᠯ᠎ᠠ | ᠭᠡᠳ ︽ᠴᠠᠢ ᠴᠤ ᠦᠭᠡᠢ᠂ ᠴᠢᠷᠡᠢ ᠴᠤ ᠦᠭᠡᠢ︾ ᠴᠠᠮᠪᠠᠶᠢᠵᠦ ᠳᠠᠮᠪᠠᠶᠢᠵᠦ ᠰᠠᠭᠤᠭᠠᠳ ᠦᠩᠭᠡᠷᠡᠭᠡᠴᠢᠭᠡᠳᠡᠭ ᠦᠭᠡᠢ | ᠃ ᠭᠡᠨ ᠨᠢ ᠢᠷᠡᠭᠰᠡᠨ ᠴᠤ ᠬᠠᠮᠢᠶ᠎ᠠ ᠦᠭᠡᠢ᠂ ᠪᠤᠤᠪᠤ ᠪᠤᠭᠤᠷᠰᠤᠭ ᠢᠶᠠᠨ ᠭᠠᠷᠭᠠᠵᠦ᠂ ᠰᠢᠬᠢᠷ ᠵᠢᠮᠢᠰ ᠢᠶᠠᠨ ᠳᠠᠯᠪᠢᠵᠦ᠂ | ᠴᠠᠢ ᠤᠰᠤ ᠪᠠᠨ ᠠᠶᠠᠭᠠᠯᠠᠵᠦ ᠦᠭᠳᠡᠭ᠃ | ᠠᠶᠢᠯ ᠳᠤ ᠵᠠᠯᠠᠭᠳᠠᠵᠦ ᠤᠴᠢᠭᠰᠠᠨ ᠵᠤᠴᠢᠨ ᠪᠤᠶᠤ ᠵᠠᠮ ᠢᠶᠠᠷ ᠢᠶᠠᠨ ᠬᠦᠷᠦᠭᠰᠡᠨ ᠭᠡᠶᠢᠴᠢᠨ ᠭᠡᠰᠡᠨ ᠴᠤ᠂ | ᠭᠡᠨ ᠨᠢ ᠴᠤ ᠪᠤᠯᠤᠭᠰᠠᠨ᠂ ᠶᠠᠮᠠᠷ ᠪᠠᠶᠢᠳᠠᠯ ᠳᠤᠤᠷ᠎ᠠ ᠴᠤ ᠭᠡᠰᠡᠨ᠂ ︽ᠢᠳᠠ᠂ ᠤᠤᠭᠤ ᠭᠡᠰᠡᠨ ᠶᠤᠮ᠂ ᠡᠷᠢᠶ᠎ᠡ | ᠦᠭᠡᠢ ᠶᠤᠮ᠂ ᠵᠢᠷᠤᠭ᠎ᠠ ᠦᠭᠡᠢ ᠶᠤᠮ᠃ ᠳᠠᠯᠪᠢᠭᠠᠳ ᠦᠭᠴᠢᠭᠡᠭᠰᠡᠨ ᠶᠤᠮ ᠴᠢᠨᠢ᠂ ᠳᠠᠪᠠᠭ ᠢ ᠨᠢ ᠬᠤᠭᠤᠰᠤᠷᠠᠳᠠᠯ᠎ᠠ | ᠢᠳᠠᠴᠢᠭᠡᠶᠡ᠂ ᠤᠤᠭᠤᠴᠢᠬᠠᠶ᠎ᠠ᠂ ᠪᠠᠷᠠᠭᠠᠴᠢᠬᠠᠶ᠎ᠠ︾ ᠭᠡᠳ ᠳᠠᠯᠪᠢᠵᠦ ᠦᠭᠭᠦᠭᠰᠡᠨ ᠶᠠᠭᠤᠮ᠎ᠠ ᠶᠢ ᠨᠢ ︵ᠪᠤᠳᠠᠭ᠎ᠠ᠂ | ᠬᠤᠭᠤᠯᠠ ᠴᠤ ᠪᠠᠭᠳᠠᠨ᠎ᠠ︶ ᠳᠠᠪᠠᠭ ᠰᠠᠪᠠ ᠶᠢ ᠨᠢ ᠬᠤᠭᠤᠰᠤᠷᠠᠳᠠᠯ᠎ᠠ ᠢᠳᠠᠴᠢᠭᠡᠳᠡᠭ ᠦᠭᠡᠢ᠂ ᠤᠤᠭᠤᠴᠢᠬᠠᠳᠠᠭ | ᠦᠭᠡᠢ᠃ ᠳᠠᠯᠪᠢᠵᠦ ᠦᠭᠭᠦᠭᠰᠡᠨ ᠶᠠᠭᠤᠮ᠎ᠠ ᠨᠢ ᠠᠷᠪᠢᠨ — ᠬᠦᠷᠦᠯᠴᠠᠭᠡᠳᠡᠢ ᠪᠤᠯ ᠴᠠᠳᠳᠠᠯ᠎ᠠ ᠪᠤᠶᠤ ᠦᠯ ᠢᠶᠠᠨ | ᠳᠠᠷᠤᠵᠦ ᠠᠩᠭᠠᠭ᠎ᠠ ᠴᠠᠩᠭᠠᠭ᠎ᠠ ᠪᠠᠨ ᠳᠠᠶᠢᠯᠳᠠᠯᠠ ᠢᠳᠠᠵᠦ ᠤᠤᠭᠤᠵᠦ᠂ ᠳᠠᠯᠪᠢᠵᠦ ᠦᠭᠭᠦᠭᠰᠡᠨ ᠶᠠᠭᠤᠮ᠎ᠠ ᠨᠢ ᠪᠠᠭ᠎ᠠ᠂ | ᠴᠦᠭᠡᠨ᠂ ᠬᠦᠷᠦᠯᠴᠡᠭᠡ ᠪᠠᠷ ᠠᠨᠠᠢ ᠰᠢᠭ᠋ ᠪᠤᠯ ᠠᠮᠬᠠᠷᠠᠭᠠᠳ ᠪᠤᠶᠤ ᠠᠮᠰᠠᠭᠠᠳ ᠳᠠᠯᠪᠢᠴᠢᠬᠠᠳᠠᠭ᠃ ᠠᠩᠭᠠᠭ᠎ᠠ | ᠴᠠᠩᠭᠠᠭ᠎ᠠ ᠪᠠᠨ ᠪᠠᠭ᠎ᠠ ᠳᠠᠷᠤᠭᠠᠳ ᠪᠤᠯᠭᠠᠴᠢᠬᠠᠳᠠᠭ᠃ ᠶᠠᠭᠠᠬᠢᠵᠦ ᠶᠡᠭᠡ ᠦᠯᠦᠰᠴᠤ ᠬᠠᠷᠠᠩᠭᠠᠰᠴᠤ ᠠᠩᠭᠠᠵᠦ | ᠴᠠᠩᠭᠠᠵᠦ ᠪᠠᠶᠢᠭᠰᠠᠨ ᠴᠤ᠂ ︽ᠭᠡᠰᠢᠭ︾᠂ ︽ᠳᠡᠭᠡᠵᠢ︾᠂ ︽ᠪᠤᠶᠠᠨ︾ ᠢ ᠨᠢ ᠦᠯᠡᠳᠡᠭᠡᠶ᠎ᠡ ᠭᠡᠳ᠂ ᠳᠠᠯᠪᠢᠵᠦ | ᠦᠭᠭᠦᠭᠰᠡᠨ ᠪᠤᠳᠠᠭ᠎ᠠ᠂ ᠬᠤᠭᠤᠯᠠ ᠪᠤᠶᠤ ᠢᠳᠡᠭᠡᠨ ᠤᠮᠳᠠᠭᠠᠨ ᠠᠴᠠ ᠨᠢ ᠳᠠᠪᠠᠭ᠂ ᠰᠠᠪᠠ᠂ ᠭᠡᠷᠡᠭᠰᠡᠯ ᠤᠨ ᠬᠢᠨᠢ | ᠢᠷᠤᠭᠠᠷ ᠲᠤ ᠨᠢᠭᠡ ᠬᠤᠶᠡᠷ ᠭᠡᠰᠡᠭ ︵ᠰᠢᠷᠭᠡᠭ︶ ᠪᠤᠶᠤ ᠨᠢᠭᠡ ᠬᠤᠶᠠᠷ ᠤᠤᠭᠤᠴᠢ ︵ᠠᠮᠠ︶ ᠴᠤ ᠭᠡᠰᠡᠨ | ᠦᠯᠡᠳᠡᠭᠡᠵᠦ ᠦᠭᠭᠦᠭᠡᠳ ᠮᠤᠷᠳᠠᠳᠠᠭ᠃ | ᠮᠤᠩᠭᠤᠯᠴᠤᠳ᠂ ᠠᠶᠢᠯ ᠳᠤ ᠤᠴᠢᠭᠰᠠᠨ ᠭᠡᠶᠢᠴᠢᠨ ᠵᠤᠴᠢᠨ ᠠᠶᠢᠯ ᠤᠨ ᠳᠠᠯᠪᠢᠵᠦ ᠦᠭᠭᠦᠭᠰᠡᠨ | ᠶᠠᠭᠤᠮ᠎ᠠ ᠶᠢ ᠳᠠᠪᠠᠭ᠂ ᠰᠠᠪᠠ ᠶᠢ ᠨᠢ ᠬᠤᠭᠤᠰᠤᠷᠠᠳᠠᠯ᠎ᠠ ᠢᠳᠡᠭᠦ ᠤᠤᠭᠤᠬᠤ ᠨᠢ ᠶᠤᠰᠤ ᠦᠭᠡᠢ ᠮᠤᠷᠠᠯ ᠦᠭᠡᠢ᠂ | ᠶᠠᠭᠤᠮ᠎ᠠ ᠮᠠᠳᠡᠭᠦ ᠦᠭᠡᠢ ᠶᠢᠨ ᠬᠢ︔ ᠪᠤᠰᠤᠳ ᠲᠤ ᠪᠤᠷᠤ ᠪᠦᠳᠦᠬᠦᠯᠢᠭ᠂ ᠦᠯᠦᠩᠭᠡᠷ ᠬᠤᠪᠳᠤᠭ ᠭᠡᠵᠦ ᠭᠡᠯᠡᠭᠳᠡᠨᠡ᠂ | ᠬᠠᠷᠠᠭᠳᠠᠨ᠎ᠠ ᠭᠡᠵᠦ ᠦᠵᠠᠳᠡᠭ᠃ ᠠᠶᠢᠯ ᠳᠤ ᠵᠠᠯᠠᠭᠳᠠᠵᠦ ᠵᠤᠴᠢᠯᠠᠭᠳᠠᠬᠤ ᠪᠤᠶᠤ ᠠᠮᠢ ᠪᠠᠷ ᠢᠶᠠᠨ — | ᠵᠠᠮ ᠢᠶᠠᠷ ᠢᠶᠠᠨ ᠤᠴᠢᠵᠦ ᠬᠤᠭᠤᠯᠠ ᠪᠤᠳᠠᠭ᠎ᠠ ᠢᠳᠡᠭᠦ᠂ ᠴᠠᠢ ᠤᠰᠤ ᠤᠤᠭᠤᠬᠤ ᠳᠤ᠂ ᠠᠩᠬᠠᠷᠬᠤ ᠴᠢᠬᠤᠯᠠ ᠲᠠᠢ | ᠵᠦᠢᠯᠠᠰ ᠪᠤᠶᠤ ᠮᠠᠳᠡᠬᠦ ᠴᠢᠬᠤᠯᠠ ᠲᠠᠢ ᠵᠦᠢᠯᠠᠰ ᠠᠩᠬ᠎ᠠ ᠤᠷᠢᠳᠦ ᠠᠴᠠ ᠪᠠᠨ ᠠᠪᠤᠭᠠᠳ ᠡᠶᠢᠮᠦ ᠤᠯᠠᠨ︕ ᠡᠶᠢᠮᠦ | ᠤᠯᠠᠨ ᠶᠤᠰᠤ ᠭᠤᠷᠢᠮ ᠲᠠᠢ︕ | ᠤᠳᠤ ᠴᠤ ᠭᠡᠰᠡᠨ᠂ ᠭᠡᠨ ᠬᠦᠮᠦᠨ ᠭᠡᠷᠪᠡ ᠠᠶᠢᠯ ᠳᠤ ᠵᠠᠯᠠᠭᠳᠠᠵᠦ ᠵᠤᠴᠢᠨ ᠪᠤᠯᠬᠤ ᠪᠤᠶᠤ ᠠᠶᠢᠯᠴᠢᠯᠠᠵᠦ | ᠳᠤᠭᠤᠷᠢᠵᠦ ᠤᠴᠢᠭᠠᠳ᠂ ᠴᠠᠢ ᠤᠰᠤ ᠤᠤᠭᠤᠬᠤ᠂ ᠬᠤᠭᠤᠯᠠ ᠪᠤᠳᠠᠭ᠎ᠠ ᠢᠳᠡᠭᠦ᠂ ᠵᠢᠴᠢ ᠠᠶᠢᠯ ᠤᠨ ᠳᠠᠯᠪᠢᠵᠦ | ᠦᠭᠦᠭᠰᠡᠨ ᠪᠤᠤᠪᠤ ᠪᠤᠭᠤᠷᠰᠤᠭ᠂ ᠰᠢᠬᠢᠷ ᠵᠢᠮᠢᠰ᠂ ᠢᠳᠡᠭᠡᠨ ᠤᠮᠳᠠᠭᠠᠨ ᠢ ᠢᠳᠠᠵᠦ ᠤᠤᠭᠤᠬᠤ ᠳᠠᠭᠠᠨ᠂ ᠡᠷᠢᠶᠡᠯᠡᠵᠦ | ᠨᠠᠷᠢᠯᠠᠬᠤ ᠶᠢ ᠮᠠᠳᠠᠯ ᠦᠭᠡᠢ ᠪᠠᠷ ᠳᠠᠪᠠᠭ ᠰᠠᠪᠠ ᠶᠢ ᠨᠢ ᠬᠤᠭᠤᠰᠤᠷᠠᠳᠠᠯ᠎ᠠ ᠢᠳᠡᠴᠢᠭᠡᠭᠦ᠂ ᠤᠤᠭᠤᠴᠢᠬᠠᠬᠤ ᠶᠤᠮ ᠪᠤᠯ᠂ | ᠳᠠᠷᠠ ᠴᠤᠬᠤᠮ ᠶᠤᠰᠤ ᠦᠭᠡᠢ ᠮᠤᠷᠠᠯ ᠦᠭᠡᠢ᠂ ᠶᠠᠭᠤᠮ᠎ᠠ ᠮᠠᠳᠡᠬᠦ ᠦᠭᠡᠢ᠂ ᠪᠤᠷᠤ ᠪᠦᠳᠦᠭᠦᠯᠢᠭ᠂ ᠦᠯᠦᠩᠭᠡᠷ | ᠬᠤᠪᠳᠤᠭ ᠠᠮᠢᠳᠠᠨ ᠭᠡᠵᠦ ᠦᠷᠦᠭᠡᠯ ᠪᠤᠰᠤᠳ ᠲᠤ ᠭᠡᠯᠡᠭᠳᠡᠬᠦ᠂ ᠬᠠᠷᠠᠭᠳᠠᠬᠤ ᠨᠢ ᠳᠠᠷᠠ ᠪᠢᠯᠠ︕ | ᠦᠨᠦ ᠴᠠᠭ ᠤᠨ ᠬᠡᠤᠬᠡᠳ ᠪᠠᠭᠠᠴᠤᠳ ᠡᠬᠦᠨ ᠢ ︵ᠮᠤᠩᠭᠤᠯᠴᠤᠳ ᠤᠨ ᠰᠠᠪᠠ ᠬᠤᠭᠤᠰᠤᠯᠠᠬᠤ ᠦᠭᠡᠢ | ᠶᠤᠰᠤᠨ ᠢ︶ ᠳᠠᠨᠠᠷ ᠮᠠᠳᠠᠵᠦ ᠠᠪ︕ ᠰᠠᠨᠠᠭ᠎ᠠ ᠪᠤᠳᠤᠯ ᠳᠠᠭᠠᠨ ᠠᠪᠴᠤ ᠰᠠᠬᠢᠵᠦ ᠬᠢᠴᠢᠶᠠᠮᠵᠢᠯᠠᠵᠦ ᠶᠠᠪᠤ︕ ᠠᠶᠢᠯ | ᠠᠶᠢᠮᠠᠭ ᠢᠶᠠᠷ ᠢᠶᠠᠨ ᠠᠶᠢᠯᠴᠢᠯᠠᠵᠦ ᠳᠤᠭᠤᠷᠢᠵᠦ ᠤᠴᠢᠬᠤ ᠳᠠᠭᠠᠨ᠂ ᠴᠠᠢ ᠤᠰᠤ ᠤᠤᠭᠤᠵᠦ ᠬᠤᠭᠤᠯᠠ ᠪᠤᠳᠠᠭ᠎ᠠ | ᠢᠳᠡᠬᠦ ᠪᠤᠶᠤ ︽ᠢᠳᠠ᠂ ᠤᠤᠭᠤ︾ ᠭᠡᠵᠦ ᠳᠠᠯᠪᠢᠵᠦ ᠦᠭᠭᠦᠭᠰᠡᠨ ᠢᠳᠡᠭᠡᠨ ᠤᠮᠳᠠᠭᠠᠨ ᠢ ᠨᠢ ᠢᠳᠡᠵᠦ | ᠤᠤᠭᠤᠬᠤ ᠳᠠᠭᠠᠨ᠂ ᠡᠪ ᠵᠦᠢ ᠶᠢ ᠨᠢ ᠬᠠᠷᠠᠵᠦ᠂ ᠡᠷᠢᠶᠡᠯᠡᠵᠦ ᠨᠠᠷᠢᠯᠠᠵᠦ — ᠳᠠᠩᠴᠠᠬᠦᠯᠵᠦ ᠵᠤᠬᠢᠴᠠᠭᠤᠯᠵᠦ | ᠢᠳᠡᠵᠦ ᠤᠤᠭᠤᠵᠦ ᠰᠤᠷ︕ ᠪᠢᠳᠡᠭᠡᠢ ᠯᠠ ᠳᠠᠪᠠᠭ᠂ ᠰᠠᠪᠠ ᠶᠢ ᠨᠢ ᠬᠢᠯᠠᠶᠢᠳᠠᠯᠠ ᠳᠠᠭᠠᠷᠴᠤᠭ ᠤᠭᠤᠳᠠ ᠶᠢ ᠨᠢ | ᠤᠩᠭᠤᠶᠢᠳᠠᠯ᠎ᠠ ᠢᠳᠡᠴᠢᠭᠡ᠂ ᠤᠤᠭᠤᠴᠢᠬ᠎ᠠ︕ |