ᠮᠤᠩᠭᠤᠯ ᠤᠨ ᠡᠮᠦᠰᠭᠡᠯ ᠵᠡᠭᠦᠯᠳᠡ ᠶᠢᠨ ᠴᠡᠭᠡᠷ ᠶᠤᠰᠣᠨ
ᠨᠡᠶᠢᠲᠡᠯᠡᠭᠰᠡᠨ ᠴᠠᠭ᠄
2020/9/14
       ᠮᠠᠯᠠᠭᠠᠢ ᠪᠠᠨ ᠬᠠᠵᠠᠭᠠᠢ ᠵᠠᠭᠦᠭᠦ ᠶᠢ ᠴᠡᠭᠡᠷᠯᠡᠭᠦ᠄ ᠯᠦᠢᠪᠡᠷᠴᠢᠨ ᠲᠦᠷᠢ ᠲᠠᠢ ᠭᠡᠵᠦ ᠬᠦᠮᠦᠨ ᠳᠤ ᠵᠢᠮᠡᠯᠡᠭᠳᠡᠨ᠎ᠡ ᠭᠡᠳᠡᠭ᠃        ᠮᠠᠯᠠᠭᠠᠢ ᠪᠠᠨ ᠲᠠᠪᠬᠤᠷᠯᠠᠨ ᠵᠠᠭᠦᠭᠦ ᠶᠢ ᠴᠡᠭᠡᠷᠯᠡᠭᠦ᠄ ᠬᠤᠶᠠᠷ ᠣᠳᠠᠭ᠎ᠠ ᠬᠤᠷᠢᠮ ᠣᠷᠤᠭ ᠬᠢᠨ᠎ᠡ ᠭᠡᠳᠡᠭ᠃        ᠮᠠᠯᠠᠭᠠᠢ ᠪᠠᠨ ᠭᠡᠭᠡᠪᠡᠯ ᠡᠷᠢᠵᠦ ᠤᠯᠬᠤ ᠶᠢ ᠴᠡᠭᠡᠷᠯᠡᠭᠦ᠄ ᠦᠬᠦᠯ ᠤᠨ ᠤᠷᠤᠨ ᠳᠤ ᠶᠠᠪᠤᠭᠰᠠᠨ ᠲᠤᠯᠨ᠂ ᠮᠠᠭᠤ ᠶᠤᠷᠸ᠎ᠠ ᠭᠡᠳᠡᠭ᠃        ᠮᠠᠯᠠᠭᠠᠢ ᠤᠯᠵᠦ ᠠᠪᠬᠤ ᠶᠢ ᠴᠡᠭᠡᠷᠯᠡᠭᠦ᠄ ᠲᠤᠷᠤᠭᠰᠢ ᠠᠮᠠᠰᠠᠷ ᠲᠠᠢ ᠪᠤᠯᠬᠤᠷ᠂ ᠶᠠᠭᠤᠮ᠎ᠠ ᠲᠤᠭᠳᠠᠳᠠᠭ ᠦᠭᠡᠢ ᠭᠡᠳᠡᠭ᠃        ᠪᠤᠰᠤᠳ ᠤᠨ ᠮᠠᠯᠠᠭᠠᠢ ᠶᠢ ᠲᠤᠷ᠎ᠠ ᠪᠠᠷ ᠠᠪᠴᠤ ᠵᠡᠬᠦᠬᠦ ᠶᠢ ᠴᠡᠭᠡᠷᠯᠡᠭᠦ᠄ ᠲᠤᠯᠤᠭᠠᠢ ᠶᠢ ᠨᠢ ᠠᠪᠤᠪᠠᠴᠤ᠂ ᠮᠠᠯᠠᠭᠠᠢ ᠶᠢ ᠨᠢ ᠠᠪᠳᠠᠭ ᠦᠭᠡᠢ ᠭᠡᠳᠡᠭ᠃        ᠪᠤᠰᠤᠳ ᠤᠨ ᠮᠠᠯᠠᠭᠠᠢ ᠶᠢ ᠰᠢᠭᠤᠳ ᠵᠠᠭᠦᠭᠦ ᠶᠢ ᠴᠡᠭᠡᠷᠯᠡᠭᠦ᠄ ᠨᠢᠯᠪᠤᠬᠤ ᠲᠦᠷᠢ ᠭᠠᠷᠭᠠᠵᠦ᠂ ᠰᠠᠶ᠋ᠢ ᠵᠡᠬᠦᠵᠦ ᠪᠤᠯᠤᠨ᠎ᠡ ᠭᠡᠳᠡᠭ᠃        ᠮᠠᠯᠠᠭᠠᠢ ᠤᠨ ᠰᠠᠷᠠᠪᠴᠢ ᠪᠠᠨ ᠬᠤᠶᠢᠰᠢ ᠬᠠᠷᠠᠭᠤᠯᠬᠤ ᠪᠤᠶᠤ ᠮᠠᠯᠠᠭᠠᠢ ᠪᠠᠨ ᠣᠴᠦ᠋ᠢᠯᠭᠠᠵᠦ ᠵᠡᠬᠦᠬᠦ ᠶᠢ ᠴᠡᠭᠡᠷᠯᠡᠭᠦ᠄ ᠬᠡᠶᠢᠮᠦᠷᠢ ᠬᠡᠪᠳᠡᠨ᠎ᠡ ᠭᠡᠳᠡᠭ᠃        ᠮᠠᠯᠠᠭᠠᠢ ᠪᠠᠨ ᠪᠤᠷᠤᠭᠤ ᠬᠠᠨᠳᠤᠭᠤᠯᠵᠦ ᠵᠡᠬᠦᠬᠦ ᠶᠢ ᠴᠡᠭᠡᠷᠯᠡᠭᠦ᠄ ᠵᠣᠯᠢᠭ ᠲᠤ ᠭᠠᠷᠬᠤ ᠮᠠᠭᠤ ᠶᠤᠷᠸ᠎ᠠ ᠭᠡᠳᠡᠭ᠃        ᠮᠠᠯᠠᠭᠠᠢ ᠪᠠᠨ ᠤᠨᠠᠭᠠᠬᠤ ᠪᠤᠶᠤ ᠠᠳᠡ ᠲᠡᠨᠳᠡ ᠲᠠᠯᠪᠢᠬᠤ ᠶᠢ ᠴᠡᠭᠡᠷᠯᠡᠭᠦ᠄ ᠬᠤᠶᠡᠷ ᠬᠦᠮᠦᠨ ᠳᠤ ᠨᠢᠭᠡ ᠨᠢ ᠠᠬᠠᠯᠠᠳᠠᠭ᠂ ᠲᠤᠯᠤᠭᠠᠢ ᠳᠤ ᠮᠠᠯᠠᠭᠠᠢ ᠨᠢ ᠲᠡᠭᠡᠲᠤ ᠭᠡᠳᠡᠭ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号