ᠤᠢᠢᠷ᠎ᠠ ᠶᠢᠨ ᠵᠢᠯ ᠳᠤ᠂ ᠪᠤᠭᠤᠲᠤ ᠬᠤᠳᠠ ᠶᠢᠨ ᠰᠢᠭᠤᠶᠢᠲᠤ ᠲᠣᠭᠤᠷᠢᠭ ᠪᠣᠯᠤᠨ ᠳᠤᠮᠳᠠᠳᠤ ᠤᠯᠤᠰ ᠤᠨ | ᠰᠢᠨᠵᠢᠯᠡᠬᠦ ᠣᠬᠠᠭᠠᠨ ᠤ ᠬᠦᠷᠢᠶᠡᠯᠡᠩ ᠤᠨ ᠤᠷᠭᠤᠮᠠᠯ ᠰᠤᠳᠤᠯᠬᠤ ᠭᠠᠵᠠᠷ ᠨᠢᠭᠲᠠ ᠬᠠᠮᠲᠤᠷᠠᠯᠴᠠᠵᠤ᠂ ᠡᠬᠢ ᠪᠠᠶᠠᠯᠢᠭ | ᠰᠢᠪᠬᠠᠷᠤᠭᠰᠠᠨ ᠬᠡᠯᠪᠡᠷᠢ ᠶᠢᠨ ᠭᠠᠵᠠᠷ ᠣᠷᠣᠨ ᠤ ᠣᠷᠴᠢᠨ ᠲᠣᠭᠤᠷᠢᠨ ᠢ ᠵᠠᠰᠠᠨ ᠰᠡᠷᠭᠦᠭᠡᠬᠦ ᠤᠷᠭᠤᠮᠠᠯ ᠤᠨ ᠡᠬᠢ | ᠪᠠᠶᠠᠯᠢᠭ ᠢ ᠰᠢᠭᠰᠢᠨ ᠰᠣᠩᠭᠤᠬᠤ ᠵᠢᠴᠢ ᠲᠦᠷᠭᠡᠨ ᠦᠷᠡᠵᠢᠭᠦᠯᠬᠦ ᠮᠡᠷᠭᠡᠵᠢᠯ ᠤᠨ ᠰᠤᠳᠤᠯᠭᠠᠨ ᠪᠠ ᠵᠢᠱᠢᠶ᠎ᠡ ᠦᠵᠡᠭᠦᠯᠬᠦ | ᠲᠦᠷᠦᠯ ᠵᠦᠢᠯ ᠢ ᠥᠷᠨᠢᠭᠦᠯᠵᠦ᠂ ᠢᠨᠵᠧᠨᠧᠷᠢᠩ ᠤᠨ ᠲᠤᠷᠰᠢᠯᠲᠠ ᠶᠢᠨ ᠲᠠᠰᠤᠭ᠂ ᠤᠷᠭᠤᠮᠠᠯ ᠤᠨ ᠡᠬᠢ | ᠪᠠᠶᠠᠯᠢᠭ ᠤᠨ ᠬᠦᠷᠢᠶᠡᠯᠡᠩ ᠵᠡᠷᠭᠡ ᠰᠢᠨᠵᠢᠯᠡᠬᠦ ᠤᠬᠠᠭᠠᠨ ᠤ ᠰᠤᠳᠤᠯᠭᠠᠨ ᠤ ᠲᠦᠷᠦᠯ ᠵᠦᠢᠯ ᠢ ᠭᠤᠣᠯᠳᠠᠯᠭ᠎ᠠ ᠲᠠᠢ | ᠴᠣᠭᠴᠠᠯᠠᠪᠠ᠃ ᠣᠳᠣᠬᠠᠨ ᠳᠤ᠂ ᠭᠠᠩ ᠬᠠᠭᠰᠠᠷᠠᠭᠠᠨ ᠳᠤ ᠲᠡᠰᠪᠦᠷᠢᠲᠡᠶ᠂ ᠬᠦᠢᠲᠡᠨ ᠳᠤ ᠲᠡᠰᠪᠦᠷᠢᠲᠡᠶ᠂ ᠲᠠᠴᠢᠷ ᠲᠤ | ᠲᠡᠰᠪᠦᠷᠢᠲᠡᠢ᠂ ᠪᠦᠳᠦᠭᠦᠯᠢᠭ ᠬᠠᠮᠢᠶᠠᠷᠤᠯᠲᠠ ᠳᠤ ᠲᠡᠰᠪᠦᠷᠢᠲᠡᠶ 50 ᠭᠠᠷᠤᠶ ᠵᠦᠢᠯ ᠤᠨ ᠳᠦᠷᠰᠦ᠂ 110 ᠭᠠᠷᠤᠶ | ᠲᠥᠷᠥᠯ ᠵᠦᠢᠯ ᠢ ᠰᠢᠯᠢᠨ ᠭᠠᠷᠭᠠᠵᠣ᠂ ᠭᠠᠵᠠᠷ ᠣᠷᠣᠨ ᠤ ︽ᠠᠮᠢ ᠠᠬᠤᠶ ᠶᠢᠨ ᠰᠣᠶᠣᠯ ᠵᠢᠭᠤᠯᠴᠢᠯᠠᠯ ᠤᠨ ᠣᠷᠣᠨ︾ | ᠤ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠶᠢ ᠠᠬᠢᠭᠤᠯᠬᠤ ᠳᠤ ᠤᠷᠭᠤᠮᠠᠯ ᠤᠨ ᠲᠦᠭᠦᠬᠡᠶ ᠮᠠᠲ᠋ᠧᠷᠢᠶᠠᠯ ᠪᠠ | ᠮᠡᠷᠭᠡᠵᠢᠯ ᠤᠨ ᠪᠠᠲᠤᠯᠠᠭ᠎ᠠ ᠬᠠᠩᠭᠠᠵᠣ᠂ ᠦᠵᠡᠰᠬᠦᠯᠡᠩᠲᠦ ᠰᠠᠶᠢᠬᠠᠨ ᠦᠵᠡᠮᠵᠢ ᠶᠢᠨ ᠣᠷᠣᠨ ᠢ ᠵᠢᠷᠤᠭᠯᠠᠵᠠᠶ᠃ | ᠤᠳᠤ ᠪᠢᠳᠡ ᠬᠠᠮᠲᠤ ᠪᠠᠷ ᠰᠢᠨᠵᠢᠯᠡᠬᠦ ᠤᠬᠠᠭᠠᠨ ᠤ ᠰᠤᠳᠤᠯᠭᠠᠨ ᠤ ᠦᠷ᠎ᠡ ᠪᠦᠲᠦᠭᠡᠯ ᠢ ᠦᠵᠡᠶ᠎ᠡ︕ | 01. ᠬᠠᠷᠠᠭ᠎ᠠ ᠲᠠᠯᠪᠢᠨ ᠪᠠᠷᠠᠯᠠᠬᠤᠶ᠎ᠠ᠂ ᠥᠩᠭᠡ ᠢᠯᠭᠠᠷᠠᠮ᠎ᠠ ᠦᠵᠡᠮᠵᠢ ᠨᠢ ᠠᠯᠤᠰ ᠬᠤᠯᠠ ᠶᠢᠨ | ᠬᠥᠬᠡᠮᠳᠦᠭ ᠠᠭᠤᠯᠠ ᠲᠠᠢ ᠨᠢᠭᠡ ᠴᠣᠭᠴᠠ ᠪᠣᠯᠵᠣ᠂ ᠦᠵᠡᠰᠬᠦᠯᠡᠩᠲᠦ ᠰᠠᠶᠢᠬᠠᠨ ᠦᠵᠡᠮᠵᠢ ᠶᠢᠨ ᠣᠷᠣᠨ ᠪᠣᠯᠤᠭᠰᠠᠨ | ᠪᠠᠶᠢᠨ᠎ᠠ᠃ | | 02. ᠥᠨᠳᠥᠷ ᠣᠭᠲᠠᠷᠭᠤᠶ ᠠᠴᠠ ᠦᠩᠭᠡᠶᠢᠨ ᠬᠠᠷᠠᠵᠤ᠂ ᠥᠩᠭᠡ ᠪᠦᠷᠢ ᠶᠢᠨ ᠴᠡᠴᠡᠭ ᠤᠨ ᠪᠦᠰᠡ | ᠨᠢᠳᠦ ᠭᠢᠯᠠᠰᠤᠮ᠎ᠠ ᠰᠠᠶᠢᠬᠠᠨ᠃ | | 03. ᠡᠯ᠎ᠡ ᠥᠩᠭᠡ ᠶᠢᠨ ᠴᠡᠴᠡᠭ ᠬᠠᠷᠢᠯᠴᠠᠨ ᠳᠡᠯᠭᠡᠷᠡᠵᠦ᠂ ᠥᠩᠭᠡ ᠮᠢᠷᠠᠯᠵᠠᠵᠣ ᠠᠳᠠᠪᠠᠰᠢ | ᠦᠵᠡᠰᠭᠦᠯᠡᠩ᠃ | | 04. ᠢᠨᠵᠧᠨᠧᠷᠢᠩ ᠤᠨ ᠲᠤᠷᠰᠢᠯᠲᠠ ᠶᠢᠨ ᠲᠠᠰᠤᠭ ᠲᠤ᠂ ᠤᠷᠢᠬᠠᠨ ᠳᠤᠯᠠᠭᠠᠨ ᠬᠠᠪᠤᠷ ᠮᠡᠲᠦ᠂ | ᠠᠵᠢᠯᠲᠠᠳ ᠦᠷ᠎ᠡ ᠰᠠᠭᠤᠯᠭᠠᠬᠤ᠂ ᠦᠷ᠎ᠡ ᠪᠤᠶᠢᠵᠢᠭᠤᠯᠬᠤ᠂ ᠦᠷᠡᠵᠢᠬᠦ ᠵᠡᠷᠭᠡ ᠠᠮᠢ ᠠᠬᠤᠶ ᠶᠢᠨ ᠲᠤᠷᠰᠢᠯᠲᠠ ᠶᠢ | ᠥᠷᠨᠢᠭᠦᠯᠪᠡ᠃ | | 05. ᠬᠠᠪᠤᠷ ᠵᠤᠨ ᠨᠠᠮᠤᠷ ᠤᠨ ᠭᠤᠷᠪᠠᠨ ᠤᠯᠠᠷᠢᠯ ᠪᠣᠯᠬᠤ ᠪᠦᠷᠢ᠂ ᠤᠷᠭᠤᠮᠠᠯ ᠡᠬᠢ ᠪᠠᠶᠠᠯᠢᠭ ᠤᠨ | ᠬᠦᠷᠢᠶᠡᠯᠡᠩ ᠤᠨ ᠴᠡᠴᠡᠭ ᠡᠪᠡᠰᠦ ᠬᠠᠷᠢᠯᠴᠠᠨ ᠳᠡᠯᠭᠡᠷᠡᠨ ᠨᠡᠭᠡᠭᠡᠨ᠎ᠡ᠃ | | 06. ᠵᠢᠭᠠᠬᠠᠨ ᠵᠣᠭᠰᠣᠵᠤ ᠪᠠᠶᠢᠬᠤ ᠳᠤ᠂ ᠬᠠᠪᠤᠷ ᠴᠠᠭ ᠲᠤ ᠨᠢᠭᠡ ᠵᠠᠮ ᠤᠨ ᠴᠡᠴᠡᠭ᠂ ᠨᠢᠭᠡ ᠵᠠᠮ ᠤᠨ | ᠦᠵᠡᠮᠵᠢ ᠶᠢ ᠮᠡᠳᠡᠷᠡᠬᠦ ᠪᠣᠯᠪᠠ᠃ | | 07. ᠬᠥᠬᠡ ᠲᠩᠷᠢ ᠴᠠᠭᠠᠨ ᠡᠭᠦᠯᠡ ᠬᠠᠷᠢᠴᠠᠨ ᠦᠩᠭᠡ ᠠᠪᠤᠯᠴᠠᠨ᠂ ︽ᠭᠤᠶᠣ ᠰᠠᠶᠢᠬᠠᠨ᠂ | ᠠᠩᠬᠢᠯᠤᠮ᠎ᠠ ᠰᠠᠶᠢᠬᠠᠨ᠂ ᠥᠩᠭᠡ ᠢᠯᠭᠠᠷᠠᠮ᠎ᠠ᠂ ᠰᠣᠶᠣᠯ ᠢᠷᠭᠡᠨᠰᠢᠯ︾ ᠬᠦᠮᠦᠡᠯᠢᠭ ᠰᠣᠶᠣᠯ ᠤᠨ ᠰᠢᠨ᠎ᠡ | ᠦᠵᠡᠮᠵᠢ ᠶᠢ ᠪᠣᠶ ᠪᠣᠯᠭᠠᠪᠠ᠃ | |