ᠲᠠᠪᠣᠰᠣ ᠪᠠᠭ᠎ᠠ ᠢᠳᠡᠭᠡᠷᠡᠢ︕
ᠨᠡᠶᠢᠲᠡᠯᠡᠭᠰᠡᠨ ᠴᠠᠭ᠄
2020-05-20
        ᠲᠠᠪᠣᠰᠣ ᠠᠷᠪᠢᠨ ᠢᠳᠡᠬᠦ ᠨᠢ ᠬᠥᠮᠥᠨ ᠤ ᠪᠡᠶ᠎ᠡ ᠳᠤ ᠮᠠᠰᠢ ᠮᠠᠭᠤ ᠶᠣᠮ᠃ ᠡᠩ ᠤᠨ ᠪᠠᠶᠢᠳᠠᠯ ᠳᠤ᠂ ᠭᠤᠷᠪᠠᠨ ᠬᠦᠮᠦᠨ ᠠᠮᠨ ᠲᠠᠢ ᠨᠢᠬᠡ ᠠᠶᠢᠯ ᠤᠨ ᠨᠢᠬᠡ ᠵᠢᠯ ᠳᠤ ᠢᠳᠡᠬᠦ ᠲᠠᠪᠣᠰᠣᠨ ᠤ ᠬᠡᠮᠵᠢᠶ᠎ᠠ 16 ᠣᠭᠤᠳᠠ ᠪᠠᠶᠢᠬᠤ ᠶᠣᠰᠣᠳᠠᠢ᠃ ᠬᠡᠪᠡᠴᠦ᠂ ᠣᠯᠠᠩᠬᠢ ᠬᠥᠮᠥᠨ ᠤ ᠳᠠᠪᠤᠰᠤ ᠢᠳᠡᠬᠦ ᠬᠡᠮᠵᠢᠶ᠎ᠡ ᠡᠭᠦᠨ ᠠᠴᠠ ᠬᠤᠯᠠ ᠬᠡᠲᠦᠷᠡᠵᠦ ᠪᠠᠶᠢᠨ᠎ᠠ᠃         ᠨᠢᠭᠡᠨ ᠪᠠᠶᠢᠴᠠᠭᠠᠯᠳᠠ ᠶᠢᠨ ᠲᠤᠭ᠎ᠠ ᠪᠠᠷᠢᠮᠳᠠ ᠠᠴᠠ ᠦᠵᠡᠪᠡᠯ᠂ ᠮᠠᠨ ᠤ ᠣᠯᠣᠰ ᠤᠨ ᠡᠮᠦᠨᠡᠳᠣ ᠣᠷᠣᠨ ᠤ ᠬᠥᠮᠥᠰ ᠤᠨ ᠡᠳᠦᠷ ᠪᠦᠷᠢ ᠶᠢᠨ ᠢᠳᠡᠬᠦ ᠲᠠᠪᠣᠰᠣᠨ ᠤ ᠬᠡᠮᠵᠢᠶ᠎ᠠ ᠲᠡᠭᠰᠢᠳᠬᠡᠭᠡᠳ 8-10 ᠭᠷᠠᠮ ᠪᠠᠶᠢᠵᠦ᠂ ᠣᠮᠠᠷᠠᠳᠣ ᠣᠷᠣᠨ ᠤ ᠬᠥᠮᠥᠰ ᠤᠨ ᠡᠳᠦᠷ ᠪᠦᠷᠢ ᠶᠢᠨ ᠢᠳᠡᠬᠦ ᠲᠠᠪᠣᠰᠣᠨ ᠤ ᠬᠡᠮᠵᠢᠶ᠎ᠠ ᠲᠡᠭᠰᠢᠳᠬᠡᠭᠡᠳ 18 ᠭᠷᠠᠮ ᠳᠤ ᠬᠦᠷᠴᠦ ᠪᠣᠢ᠃ ᠪᠠᠰᠨ ᠵᠠᠷᠢᠮ ᠲᠠᠪᠣᠰᠣ ᠴᠢᠩᠭ᠎ᠠ ᠢᠳᠡᠳᠡᠭ ᠲᠠᠳᠬᠠᠯ ᠲᠠᠢ ᠬᠦᠮᠦᠰ ᠤᠨ ᠡᠳᠦᠷ ᠪᠦᠷᠢ ᠶᠢᠨ ᠢᠳᠡᠬᠦ ᠲᠠᠪᠣᠰᠣᠨ ᠤ ᠬᠡᠮᠵᠢᠶ᠎ᠠ 20-25 ᠭᠷᠠᠮ ᠳᠤ ᠬᠦᠷᠴᠦ ᠪᠠᠶᠢᠨ᠎ᠠ᠃ ᠲᠡᠭᠰᠢᠳᠬᠡᠬᠡᠳ ᠪᠤᠳᠤᠪᠠᠯ ᠮᠠᠨ ᠤ ᠣᠯᠣᠰ ᠤᠨ ᠬᠦᠮᠦᠨ ᠡᠳᠦᠷ ᠪᠦᠷᠢ 14.5 ᠭᠷᠠᠮ ᠳᠠᠪᠤᠰᠤ ᠢᠳᠡᠵᠦ ᠪᠠᠶᠢᠨ᠎ᠠ᠃         ᠲᠡᠭᠡᠪᠡᠯ᠂ ᠲᠠᠪᠣᠰᠣ ᠶᠢ ᠬᠡᠳᠦᠷᠡᠳᠡᠯ᠎ᠡ ᠢᠳᠡᠪᠡᠯ ᠪᠡᠶ᠎ᠡ ᠳᠤ ᠶᠠᠮᠠᠷ ᠢᠯᠡᠷᠡᠯ ᠭᠠᠷᠳᠠᠭ ᠪᠣᠢ︖         1. ᠠᠮᠨ ᠬᠠᠳᠠᠬᠤ         ᠶᠡᠭᠡ ᠬᠡᠮᠵᠢᠶᠠᠨ ᠤ ᠨᠠᠲᠷᠢ ᠠᠭᠤᠯᠣᠭᠰᠠᠨ ᠬᠤᠭᠤᠯᠨ ᠢᠳᠡᠭᠰᠡᠨ ᠤ ᠲᠠᠷᠠᠭ᠎ᠠ᠂ ᠪᠡᠶ᠎ᠡ ᠳᠠᠬᠢ ᠲᠠᠪᠣᠰᠣ ᠪᠣᠯᠣᠨ ᠣᠰᠣᠨ ᠤ ᠠᠭᠤᠯᠣᠭᠳᠠᠬᠤᠨ ᠤ ᠲᠡᠩᠴᠡᠬᠦᠷᠢ ᠠᠯᠳᠠᠭᠳᠠᠭᠰᠠᠨ ᠰᠢᠭ᠋ ᠰᠠᠨᠠᠭᠳᠠᠵᠤ᠂ ᠠᠮᠠ ᠬᠠᠲᠠᠳᠠᠭ᠃ ᠲᠡᠩᠴᠡᠬᠦᠷᠢ ᠪᠠᠨ ᠪᠠᠲᠤᠯᠠᠬᠤ ᠶᠢᠨ ᠲᠦᠯᠦᠬᠡ ᠬᠥᠮᠥᠰ ᠠᠷᠪᠢᠨ ᠣᠰᠣ ᠣᠣᠭᠤᠬᠤ ᠬᠡᠷᠡᠭᠳᠠᠢ ᠪᠣᠯᠳᠠᠭ᠃ ᠡᠶᠢᠮᠦ ᠠᠴᠠ ᠬᠥᠮᠥᠰ ᠶᠡᠭᠡ ᠬᠡᠮᠵᠢᠶ᠎ᠠ ᠪᠠᠷ ᠣᠰᠣ ᠤᠤᠭᠤᠳᠠᠭ᠃         2. ᠦᠢᠯᠡ ᠬᠥᠳᠡᠯᠭᠡᠭᠡᠨ ᠤᠳᠠᠭᠠᠰᠢᠷᠠᠬᠤ         ᠣᠷᠳᠣ ᠬᠤᠭᠤᠴᠠᠭᠠᠨ ᠤ ᠲᠣᠷᠰᠢ ᠬᠡᠳᠦᠷᠡᠳᠡᠯ᠎ᠡ ᠲᠠᠪᠣᠰᠣ ᠢᠳᠡᠪᠡᠯ ᠬᠥᠮᠥᠨ ᠤ ᠪᠡᠶ᠎ᠡ ᠳᠣᠲᠣᠷᠠᠬᠢ ᠤᠰᠤ ᠠᠯᠳᠠᠭᠳᠠᠵᠤ᠂ ᠲᠠᠷᠢᠬᠢ ᠲᠣᠯᠣᠭᠠᠢ ᠶᠢᠨ ᠰᠡᠳᠬᠢᠬᠦ ᠴᠢᠳᠠᠪᠤᠷᠢ ᠤᠳᠠᠭᠠᠰᠢᠷᠠᠵᠤ᠂ ᠦᠢᠯᠡ ᠬᠥᠳᠡᠯᠭᠡᠭᠡᠨ ᠤᠳᠠᠭᠠᠨ ᠪᠣᠯᠳᠠᠭ᠃         3. ᠭᠠᠷ ᠤᠨ ᠬᠤᠷᠣᠭᠤ ᠮᠣᠬᠤᠶᠢᠵᠦ ᠪᠦᠲᠦᠬᠦᠷᠡᠬᠦ         ᠬᠡᠷᠪᠡ ᠲᠠᠨ ᠤ ᠪᠡᠶ᠎ᠡ ᠶᠢᠨ ᠬᠦᠨᠳᠣ ᠨᠡᠮᠡᠭᠳᠡᠭᠰᠡᠨ ᠦᠬᠡᠢ ᠪᠠᠶᠢᠳᠠᠯ ᠳᠤ ᠭᠠᠷ ᠤᠨ ᠬᠤᠷᠣᠭᠤ ᠴᠢᠨᠢ ᠪᠦᠳᠦᠭᠦᠷᠡᠭᠰᠡᠨ ᠪᠠᠶᠢᠪᠠᠯ᠂ ᠡᠨᠡ ᠨᠢ ᠣᠷᠳᠣ ᠬᠤᠭᠤᠴᠠᠭᠠᠨ ᠤ ᠲᠣᠷᠰᠢ ᠬᠡᠳᠦᠷᠡᠳᠡᠯ᠎ᠡ ᠲᠠᠪᠣᠰᠣ ᠢᠳᠡᠭᠰᠡᠨ ᠠᠴᠠ ᠪᠣᠯᠣᠭᠰᠠᠨ ᠪᠠᠶᠢᠵᠤ ᠮᠡᠳᠡᠨ᠎ᠡ᠃         4. ᠲᠣᠯᠣᠭᠠᠢ ᠡᠪᠡᠳᠬᠦ         ︽ᠠᠩᠭ᠍ᠯᠢ ᠶᠢᠨ ᠠᠨᠠᠭᠠᠬᠤ ᠣᠬᠠᠭᠠᠨ ᠤ ᠰᠡᠳᠬᠦᠯ︾ ᠳᠤ ᠨᠡᠶᠢᠲᠡᠯᠡᠭᠰᠡᠨ ᠨᠢᠬᠡᠨ ᠰᠣᠳᠣᠯᠭᠠᠨ ᠤ ᠪᠦᠲᠦᠬᠡᠯ  ᠳᠤ ᠲᠡᠮᠳᠡᠭᠯᠡᠭᠰᠡᠨ ᠢᠶᠠᠷ᠄ ᠡᠳᠦᠷ ᠪᠦᠷᠢ 3500 ᠮᠢᠯᠢᠭᠷᠡᠮ ᠨᠠᠲᠷᠢ ᠢᠳᠡᠳᠡᠭ ᠨᠠᠰᠣᠨ ᠳᠤ ᠬᠦᠷᠦᠭᠰᠡᠳ ᠢ ᠡᠳᠦᠷ ᠪᠦᠷᠢ 1500 ᠮᠢᠯᠢᠭᠷᠡᠮ ᠨᠠᠲᠷᠢ ᠢᠳᠡᠳᠡᠭ ᠬᠦᠮᠦᠨ ᠲᠠᠢ ᠬᠠᠷᠢᠴᠠᠭᠤᠯᠪᠠᠯ᠂ ᠲᠣᠯᠣᠭᠠᠢ ᠡᠪᠡᠳᠬᠦ ᠡᠪᠡᠳᠴᠢᠨ ᠣᠯᠬᠤ  ᠠᠶᠤᠯ ᠡᠷᠡᠰᠳᠡᠯ ᠭᠤᠷᠪᠠᠨ ᠤ ᠨᠢᠬᠡ ᠪᠠᠷ ᠳᠡᠭᠡᠭᠰᠢᠯᠡᠳᠡᠭ᠃         5. ᠪᠠᠶᠢᠩᠭᠤ ᠰᠢᠬᠡᠰᠦ ᠬᠦᠷᠬᠦ         ᠣᠰᠣ ᠠᠷᠪᠢᠨ ᠣᠣᠭᠤᠬᠤ ᠨᠢ ᠪᠠᠶᠢᠩᠭᠤ ᠰᠢᠬᠡᠰᠦ ᠬᠦᠷᠬᠦ ᠶᠢᠨ ᠴᠣᠷ ᠤᠨ ᠭᠠᠭᠴᠨ ᠰᠢᠯᠳᠠᠭᠠᠨ ᠪᠢᠰᠢ᠃ ᠲᠠᠪᠣᠰᠣ ᠠᠷᠪᠢᠨ ᠢᠳᠡᠪᠡᠯ ᠪᠠᠰᠠ ᠪᠠᠶᠢᠩᠭᠤ ᠰᠢᠬᠡᠰᠦ ᠬᠦᠷᠬᠦ ᠪᠠᠶᠢᠳᠠᠯ ᠲᠠᠢ ᠪᠣᠯᠳᠠᠭ᠃ ᠬᠦᠮᠦᠨ ᠬᠡᠳᠦᠷᠡᠳᠡᠯ᠎ᠡ ᠲᠠᠪᠣᠰᠣ ᠢᠳᠡᠭᠰᠡᠨ ᠦᠶ᠎ᠡ ᠳᠤ᠂ ᠪᠡᠶ᠎ᠡ ᠶᠢᠨ ᠴᠣᠯᠣ ᠡᠷᠬᠡᠳᠡᠨ ᠶᠠᠭᠠᠷᠠᠯᠲᠠᠢ ᠠᠵᠢᠯᠯᠠᠮᠠᠨᠵᠢᠨ ᠰᠠᠶ᠋ᠢ ᠢᠯᠡᠬᠦᠳᠡᠭᠰᠡᠨ ᠲᠠᠪᠣᠰᠣ ᠶᠢ ᠪᠡᠶ᠎ᠡ ᠠᠴᠠ ᠭᠠᠳᠠᠭᠰᠢᠯᠠᠭᠤᠯᠬᠤ ᠪᠣᠯᠬᠤᠷ ᠪᠠᠶᠢᠩᠭᠤ ᠰᠢᠭᠡᠯᠭᠡᠳᠡᠭ᠃         ᠲᠠᠪᠣᠰᠣ ᠶᠢ ᠠᠷᠪᠢᠨ ᠢᠳᠡᠪᠡᠯ ᠴᠢᠰᠦᠨ ᠲᠠᠷᠣᠯᠳᠠ ᠥᠨᠳᠥᠷᠰᠢᠬᠦ ᠠᠴᠠ ᠭᠠᠳᠠᠨ᠎ᠠ᠂ ᠬᠤᠳᠣᠭᠤᠳᠣᠨ ᠤ ᠦᠮᠡᠨ᠂ ᠮᠠᠷᠢᠶᠠᠯᠠᠬᠤ᠂ ᠵᠢᠷᠦᠬᠡᠨ ᠲᠠᠮᠢᠷ ᠢ ᠮᠠᠭᠤᠳᠠᠭᠤᠯᠬᠤ᠂ ᠶᠠᠰᠣ  ᠰᠡᠶᠢᠷᠡᠭᠵᠢᠬᠦᠯᠬᠦ ᠵᠡᠷᠬᠡ ᠡᠪᠡᠳᠴᠢᠨ ᠢ ᠡᠬᠦᠰᠬᠡᠬᠦ ᠠᠶᠣᠯ ᠲᠠᠢ᠃ ᠡᠶᠢᠮᠦ ᠠᠴᠠ ᠲᠠᠪᠣᠰᠣ ᠶᠢ ᠬᠡᠮᠵᠢᠶ᠎ᠠ ᠲᠠᠢ ᠢᠳᠡᠪᠡᠯ ᠵᠣᠬᠢᠨ᠎ᠠ᠃         1. ᠬᠤᠭᠤᠯᠨ ᠬᠢᠬᠦ ᠳᠡᠭᠡᠨ ᠼᠣᠣ᠂ ᠨᠢᠮᠪᠡᠭᠡ ᠶᠢᠨ ᠰᠢᠬᠦᠰᠦ ᠵᠡᠷᠬᠡ ᠬᠦᠴᠢᠯᠯᠢᠭ ᠠᠮᠳᠠ ᠲᠣᠬᠢᠷᠠᠭᠤᠯᠣᠭᠴᠢ ᠪᠠᠷ ᠲᠠᠪᠣᠰᠣ ᠪᠣᠯᠣᠨ ᠵᠢᠶᠠᠩᠶ᠋ᠢᠣ ᠶᠢ ᠣᠷᠣᠯᠠᠭᠤᠯᠵᠦ ᠬᠡᠷᠡᠭᠯᠡᠨ᠎ᠡ᠃         2. ᠵᠢᠩᠨᠡᠬᠦ᠂ ᠰᠢᠷᠠᠬᠤ᠂ ᠴᠢᠨᠠᠬᠤ ᠵᠡᠷᠬᠡ ᠠᠷᠭ᠎ᠠ ᠶᠢ ᠬᠡᠷᠡᠭᠯᠡᠵᠦ᠂ ᠲᠠᠪᠣᠰᠣ ᠪᠠᠭ᠎ᠠ ᠬᠢᠨ᠎ᠡ᠃ ᠲᠠᠪᠣᠰᠣ ᠬᠢᠭᠰᠡᠨ ᠱᠦᠯᠦ ᠲᠠᠢ ᠬᠤᠭᠤᠯᠠᠨ ᠤ ᠪᠠᠨ ᠱᠦᠯᠦ ᠶᠢ ᠪᠣᠯᠬᠤ ᠶᠢᠨ ᠲᠣᠳᠣᠷ᠎ᠠ ᠣᠣᠭᠤᠬᠤ ᠦᠬᠡᠢ᠃         3. ᠣᠷᠣᠰ ᠰᠣᠩᠬᠢᠨ᠎ᠠ᠂ ᠲᠦᠪᠡᠳ ᠬᠠᠰᠢ᠂ ᠰᠢᠷ᠎ᠠ ᠯᠣᠣᠪᠠᠩ ᠵᠡᠷᠬᠡ ᠠᠮᠳᠠᠳᠠᠢ ᠨᠣᠭᠤᠭ᠎ᠠ ᠴᠠᠭ᠎ᠠ ᠶᠢ ᠢᠯᠡᠬᠦᠦ ᠢᠳᠡᠨ᠎ᠡ᠃         4. ᠰᠡᠷᠢᠬᠦᠨ ᠨᠣᠭᠤᠭ᠎ᠠ ᠬᠢᠬᠦ ᠳᠡᠭᠡᠨ ᠲᠠᠪᠣᠰᠣ ᠶᠢ ᠬᠠᠮᠤᠭ ᠤᠨ ᠰᠡᠬᠦᠯ ᠳᠤ ᠬᠢᠨ᠎ᠡ᠃ ᠪᠠᠭ᠎ᠠ ᠲᠠᠪᠣᠰᠣ ᠰᠠᠴᠣᠭᠰᠠᠨ ᠤ ᠲᠠᠷᠠᠭ᠎ᠠ ᠼᠣᠣ ᠬᠢᠪᠡᠯ ᠠᠮᠳᠠ ᠨᠢ ᠰᠠᠶᠢᠬᠠᠨ ᠪᠣᠯᠳᠠᠭ᠃         5. ᠵᠢᠶᠠᠩᠶ᠋ᠢᠣ ᠵᠡᠷᠬᠡ ᠠᠮᠳᠠ ᠲᠣᠬᠢᠷᠠᠭᠤᠯᠣᠭᠴᠢ ᠶᠢ ᠬᠡᠷᠡᠭᠯᠡᠵᠦ ᠬᠤᠭᠤᠯᠨ ᠬᠢᠬᠦ ᠳᠡᠭᠡᠨ ᠪᠠᠭ᠎ᠠ ᠪᠠᠭ᠎ᠠ  ᠪᠠᠷ ᠲᠣᠰᠣᠭᠠᠨ᠎ᠠ᠃ ᠬᠠᠷᠢᠨ ᠨᠢᠬᠡ ᠯᠨ ᠲᠣᠣᠷ᠎ᠠ ᠬᠢᠬᠦ ᠦᠬᠡᠢ᠃         6. ᠠᠯᠢᠪᠠ ᠬᠤᠭᠤᠯᠨᠨ ᠳᠤ ᠪᠦᠷ ᠲᠠᠪᠣᠰᠣ ᠬᠢᠬᠦ ᠠᠯᠪᠠ ᠦᠬᠡᠢ᠃ ᠨᠢᠭᠡ ᠡᠷᠡᠨ ᠤ ᠬᠤᠭᠤᠯᠠ ᠶᠢᠨ ᠬᠠᠮᠤᠭ ᠤᠨ ᠰᠡᠬᠦᠯ ᠳᠤ ᠤᠤᠭᠤᠬᠤ ᠱᠦᠯᠦᠨ ᠳᠡᠭᠡᠨ ᠲᠠᠪᠣᠰᠣ ᠬᠢᠬᠦ ᠦᠬᠡᠢ ᠪᠠᠶᠢᠵᠦ ᠪᠣᠯᠣᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号