ᠠᠮᠠᠪᠴᠢ ᠵᠡᠬᠦᠬᠦ ᠳᠡᠭᠡᠨ ᠡᠭᠦᠨ ᠢ ᠬᠢᠴᠢᠶᠡᠬᠡᠷᠡᠢ
ᠨᠡᠶᠢᠲᠡᠯᠡᠭᠰᠡᠨ ᠴᠠᠭ᠄
2020-03-18
       ᠬᠦᠮᠦᠰ ᠤᠶᠢᠷ᠎ᠠ ᠶᠢᠨ ᠬᠤᠭᠤᠴᠠᠭᠠᠨ ᠳᠤ ᠭᠠᠳᠠᠭᠰᠢ ᠲᠤᠳᠤᠭᠰᠢ ᠭᠠᠷᠴᠦ ᠶᠠᠪᠤᠵᠤ ᠰᠠᠭᠤᠬᠤ ᠳᠠᠭᠠᠨ ᠡᠰᠡᠬᠦᠯ᠎ᠡ ᠠᠯᠪᠡᠨ ᠳᠤ ᠬᠦᠷᠴᠦ ᠠᠵᠢᠯᠯᠠᠬᠤ ᠳᠠᠭᠠᠨ ᠪᠦᠷ ᠠᠮᠠᠪᠴᠢ ᠵᠡᠬᠦᠵᠦ ᠪᠠᠶᠢᠨ᠎ᠠ᠂ ᠤᠷᠳᠤ ᠬᠤᠭᠤᠴᠠᠭ᠎ᠠ ᠠᠮᠠᠪᠴᠢ ᠵᠡᠬᠦᠬᠦ ᠨᠢ ᠨᠢᠭᠤᠷ ᠴᠢᠷᠠᠢ ᠶᠢᠨ ᠠᠷᠠᠰᠤ ᠶᠢ ᠬᠡᠮᠳᠦᠭᠡᠳᠡᠭ᠃ ᠲᠡᠭᠡᠪᠡᠯ ᠪᠢᠳᠡ ᠠᠮᠠᠪᠴᠢ ᠵᠡᠬᠦᠭᠰᠡᠨ ᠠᠴᠠ ᠪᠤᠯᠤᠭᠰᠠᠨ ᠠᠷᠠᠰᠤᠨ ᠤ  ᠬᠡᠮᠳᠤᠯ ᠢ ᠶᠠᠭᠠᠬᠢᠵᠤ ᠰᠡᠷᠬᠡᠶᠢᠯᠡᠬᠦ ᠪᠤᠢ︖        ᠲᠦᠷᠦ ᠶᠢᠨ ᠶᠠᠪᠤᠳᠡᠯ ᠤᠨ ᠬᠤᠷᠢᠶᠠᠨ ᠤ ᠰᠢᠨ᠎ᠡ ᠺᠤᠷᠤᠨᠠ ᠸᠢᠷᠦ᠋ᠰ ᠬᠠᠯᠳᠠᠪᠤᠷᠢᠯᠠᠭᠰᠠᠨ ᠠᠭᠤᠰᠬᠢᠨ ᠤ ᠦᠷᠪᠢᠰᠦᠯ ᠤᠨ ᠬᠢᠵᠢᠭ ᠢ ᠬᠤᠯᠪᠤᠭᠠᠯᠠᠨ ᠰᠡᠷᠬᠡᠶᠢᠯᠡᠵᠦ ᠲᠠᠷᠤᠬᠤ ᠲᠤᠭᠳᠠᠴᠠ ᠶᠢᠨ ᠬᠢᠨ 2 ᠳ᠋ᠤᠭᠠᠷ ᠰᠠᠷ᠎ᠠ ᠶᠢᠨ 25 ᠤ ᠦᠳᠡ ᠶᠢᠨ ᠬᠤᠶᠢᠨ᠎ᠡ ᠰᠤᠨᠢᠨ ᠮᠡᠳᠡᠭᠡ ᠨᠡᠶᠢᠳᠡᠯᠡᠬᠦ ᠬᠤᠷᠠᠯ ᠬᠢᠵᠡᠢ᠂ ᠬᠤᠷᠠᠯ ᠲᠡᠭᠡᠷ᠎ᠡ ᠪᠡᠭᠡᠵᠢᠩ ᠬᠤᠳᠠ ᠶᠢᠨ ᠰᠢᠶᠧ ᠡᠾᠧ ᠡᠮᠨᠡᠯᠬᠡ ᠶᠢᠨ ᠬᠤᠷᠢᠶᠠᠨ ᠤ ᠠᠷᠠᠰᠤᠨ ᠤ ᠰᠠᠯᠠᠭᠠᠨ ᠤ ᠡᠷᠬᠢᠯᠡᠭᠴᠢ ᠡᠮᠴᠢ᠂ ᠫᠷᠤᠹᠧᠰᠰᠤᠷ ᠯᠢᠦ ᠵᠢᠶᠧ ᠠᠮᠠᠪᠴᠢ ᠵᠡᠬᠦᠭᠰᠡᠨ ᠠᠴᠠ ᠪᠤᠯᠤᠭᠰᠠᠨ ᠠᠷᠠᠰᠤᠨ ᠤ ᠬᠡᠮᠳᠤᠯ ᠢ ᠰᠡᠷᠬᠡᠶᠢᠯᠡᠬᠦ ᠲᠤᠬᠠᠢ ᠡᠶᠢᠮᠤ ᠬᠡᠳᠤᠨ ᠰᠠᠨᠠᠭᠤᠯᠭ᠎ᠠ ᠲᠤᠷᠠᠳᠤᠯ᠎ᠠ᠃        ᠤᠷᠳᠤ ᠬᠤᠭᠤᠴᠠᠭ᠎ᠠ ᠠᠮᠠᠪᠴᠢ ᠵᠡᠬᠦᠭᠰᠡᠨ ᠠᠴᠠ ᠪᠤᠯᠤᠭᠰᠠᠨ ᠭᠡᠰᠡᠭ ᠲᠠᠯ᠎ᠠ ᠶᠢᠨ ᠠᠷᠠᠰᠤᠨ ᠤ ᠲᠠᠷᠤᠯᠳᠡ ᠶᠢᠨ ᠴᠢᠨᠡᠷᠳᠡᠢ ᠬᠡᠮᠳᠤᠯ ᠨᠢ ᠨᠢᠬᠡ ᠵᠦᠢᠯ ᠤᠨ ᠡᠮᠴᠢᠯᠡᠬᠡᠨ ᠤ ᠪᠠᠭᠠᠵᠢ ᠬᠡᠷᠡᠭᠰᠡᠯ ᠤᠨ ᠲᠠᠷᠤᠯᠳᠡ ᠠᠴᠠ ᠪᠤᠯᠤᠭᠰᠠᠨ ᠬᠡᠮᠳᠤᠯ ᠳᠤ ᠪᠠᠭᠳᠠᠨ᠎ᠠ᠂ ᠭᠤᠤᠯᠳᠠᠭᠤ ᠬᠠᠮᠠᠷ ᠤᠨ ᠬᠡᠰᠡᠭ᠂ ᠬᠠᠴᠠᠷ᠂ ᠦᠨᠳᠡᠭᠡᠨ ᠬᠠᠴᠠᠷ ᠪᠤᠶᠤ ᠴᠢᠬᠢᠨ ᠤ ᠠᠷᠤ ᠲᠠᠯ᠎ᠠ ᠵᠡᠷᠭᠡ  ᠭᠠᠵᠠᠷ ᠤᠷᠳᠤ ᠬᠤᠭᠤᠴᠠᠭ᠎ᠠ ᠲᠠᠷᠤᠭᠳᠠᠭᠠᠳ ᠪᠠᠶᠢᠳᠠᠭ ᠭᠡᠰᠡᠭ ᠲᠤ ᠢᠯᠡᠷᠡᠳᠡᠭ᠃ ᠡᠶᠢᠮᠤ ᠠᠰᠠᠭᠤᠳᠡᠯ ᠢ ᠤᠷᠢᠳᠴᠢᠯᠡᠨ ᠰᠡᠷᠬᠡᠶᠢᠯᠡᠬᠦ ᠬᠡᠪᠡᠯ ᠲᠠ ᠴᠢᠳᠠᠬᠤ ᠶᠢᠨ ᠲᠤᠳᠤᠷ᠎ᠠ ᠶᠡᠭᠡ ᠪᠠᠭ᠎ᠠ ᠨᠢ ᠨᠡᠯᠢᠶᠡᠳ ᠲᠤᠬᠢᠷᠠᠮᠵᠢᠳᠡᠢ ᠠᠮᠠᠪᠴᠢ ᠪᠤᠶᠤ ᠤᠭᠤᠰᠤᠷ ᠲᠠᠢ ᠠᠮᠠᠪᠴᠢ ᠰᠤᠩᠭᠤᠵᠤ ᠪᠤᠯᠤᠨ᠎ᠡ᠂ ᠡᠶᠢᠮᠦᠷᠬᠦ ᠠᠮᠠᠪᠴᠢ ᠶᠢᠨ ᠨᠢᠭᠤᠷ ᠴᠢᠷᠠᠢ ᠶᠢᠨ ᠠᠷᠠᠰᠤᠨ ᠳᠤ ᠦᠵᠡᠬᠦᠯᠬᠦ  ᠲᠠᠷᠤᠯᠳᠡ ᠨᠢ ᠬᠠᠷᠢᠴᠠᠩᠭᠤᠢ ᠪᠠᠭ᠎ᠠ ᠪᠠᠶᠢᠳᠠᠭ᠃        ᠲᠠᠨ ᠤ ᠨᠢᠭᠤᠷ ᠴᠢᠷᠠᠢ ᠶᠢᠨ ᠠᠷᠠᠰᠤᠨ ᠳᠤ ᠬᠡᠷᠪᠡ ᠠᠮᠠᠷᠬᠠᠨ ᠬᠠᠷᠰᠢᠯ ᠡᠬᠦᠰᠳᠡᠭ ᠪᠤᠯ ᠠᠮᠠᠪᠴᠢ ᠵᠡᠬᠦᠬᠦ ᠠᠴᠠ ᠪᠠᠨ ᠡᠮᠦᠨ᠎ᠡ ᠬᠠᠮᠢᠶᠠᠳᠡᠢ ᠲᠠᠶᠢᠯᠪᠤᠷᠢᠯᠠᠬᠤ ᠪᠢᠴᠢᠭ ᠢ  ᠨᠠᠷᠢᠨ ᠤᠩᠰᠢᠵᠤ᠂ ᠠᠮᠠᠪᠴᠢ ᠶᠢᠨ ᠪᠦᠷᠢᠯᠳᠦᠬᠦᠨ ᠢ ᠤᠶᠢᠯᠠᠭᠠᠬᠤ ᠶᠤᠰᠤᠳᠡᠢ᠃ ᠬᠡᠤᠬᠡᠳ ᠲᠤ ᠵᠡᠬᠦᠯᠬᠡᠬᠦ ᠠᠮᠠᠪᠴᠢ ᠶᠢ ᠭᠡᠷ ᠤᠨ ᠠᠬᠠᠮᠠᠳ ᠦᠪᠡᠷᠰᠡᠳ ᠢᠶᠠᠨ ᠰᠤᠩᠭᠤᠨ  ᠦᠭᠬᠦᠪᠡᠯ ᠵᠤᠬᠢᠨ᠎ᠡ᠂ ᠠᠮᠠᠪᠴᠢ ᠶᠢᠨ ᠶᠡᠭᠡ ᠪᠠᠭ᠎ᠠ ᠪᠤᠯᠤᠨ ᠬᠡᠯᠪᠡᠷᠢ ᠮᠠᠶ᠋ᠢᠭ ᠨᠢ ᠪᠦᠷ ᠬᠡᠤᠬᠡᠳ ᠤᠨ ᠬᠠᠴᠠᠷ ᠲᠤ ᠲᠤᠬᠢᠷᠠᠭᠰᠠᠨ ᠪᠠᠶᠢᠬᠤ ᠶᠤᠰᠤᠳᠡᠢ᠃ ᠲᠠᠬᠢᠪᠡᠯ᠂ ᠠᠮᠠᠪᠴᠢ ᠵᠡᠬᠦᠭᠡᠳ ᠬᠤᠶᠠᠷ ᠠᠴᠠ ᠭᠤᠷᠪᠠᠨ ᠴᠠᠭ ᠪᠤᠯᠤᠭᠰᠠᠨ ᠤ ᠲᠠᠷᠠᠭ᠎ᠠ᠂ ᠵᠡᠬᠦᠭᠰᠡᠨ ᠠᠮᠠᠪᠴᠢ ᠶᠢᠨ ᠢᠶᠠᠨ ᠪᠠᠶᠢᠷᠢ ᠶᠢ ᠰᠤᠯᠢᠵᠤ᠂ ᠠᠷᠠᠰᠤᠨ ᠳᠤ ᠦᠵᠡᠬᠦᠯᠬᠦ ᠲᠠᠷᠤᠯᠳᠡ ᠶᠢ ᠨᠢ ᠬᠦᠩᠬᠡᠯᠡᠬᠦ ᠭᠡᠷᠡᠭᠳᠡᠢ᠃ ᠠᠮᠠᠪᠴᠢ ᠶᠢ  ᠲᠠᠬᠢᠨ ᠲᠠᠪᠳᠡᠨ ᠭᠡᠷᠡᠭᠯᠡᠬᠦ ᠪᠤᠶᠤ ᠵᠠᠯᠭᠠᠪᠡᠷ 6 ᠴᠠᠭ ᠢᠯᠡᠬᠦᠦ ᠵᠡᠬᠦᠭᠰᠡᠨ ᠪᠠᠶᠢᠪᠡᠯ᠂ ᠰᠢᠨ᠎ᠡ ᠶᠢ ᠰᠤᠯᠢᠵᠤ ᠵᠡᠬᠦᠪᠡᠯ ᠲᠠᠭᠠᠷᠠᠨ᠎ᠠ᠃        ᠬᠡᠷᠪᠡ ᠠᠷᠠᠰᠤᠨ ᠤ ᠬᠡᠮᠳᠤᠯ ᠭᠠᠷᠤᠭᠰᠠᠨ ᠪᠠᠶᠢᠪᠡᠯ᠂ ᠤᠯᠠᠨ ᠢᠶᠠᠷ ᠢᠶᠠᠨ ᠢᠩᠬᠢᠵᠦ ᠬᠢᠬᠡᠷᠡᠢ᠃ ᠲᠠᠷᠤᠢ ᠠᠮᠠᠪᠴᠢ ᠵᠡᠭᠦᠭᠡᠳ ᠰᠠᠭᠤᠭᠰᠠᠨ ᠤᠷᠤᠮ ᠨᠢ ᠨᠡᠯᠢᠶᠡᠳ ᠬᠦᠨ ᠪᠤᠶᠤ ᠭᠡᠰᠡᠭ ᠲᠠᠯ᠎ᠠ ᠶᠢᠨ ᠠᠷᠠᠰᠤᠨ ᠤ ᠲᠤᠤᠷ᠎ᠠ ᠴᠢᠰᠤ ᠬᠤᠷᠠᠭᠰᠠᠨ ᠪᠠᠶᠢᠪᠡᠯ ᠠᠷᠠᠰᠤᠨ ᠤ ᠴᠢᠰᠤᠨ ᠤ ᠡᠷᠭᠢᠯᠳᠠ ᠶᠢ ᠰᠠᠶᠢᠵᠢᠷᠠᠭᠤᠯᠵᠤ ᠲᠡᠶᠢᠯᠳᠡᠭ ᠲᠦᠷᠬᠢᠬᠦ ᠡᠮ ᠭᠡᠷᠡᠭᠯᠡᠵᠦ ᠪᠤᠯᠤᠨ᠎ᠡ᠃  ᠭᠡᠷᠪᠡ ᠠᠷᠠᠰᠤᠨ ᠤ ᠰᠢᠷᠠᠭᠳᠤᠯ ᠨᠡᠯᠢᠶᠡᠳ ᠬᠦᠨᠳᠤ ᠨᠤᠴᠢᠳᠡᠢ ᠪᠤᠯᠵᠤ᠂ ᠤᠯᠠᠶᠢᠵᠤ ᠬᠠᠪᠤᠳᠬᠤ ᠪᠤᠶᠤ ᠢᠳᠡᠬᠡᠯᠡᠭᠰᠡᠨ ᠪᠠᠶᠢᠪᠡᠯ᠂ ᠨᠢᠶᠠᠨ ᠲᠠᠷᠤᠭᠴᠢ ᠲᠤᠰᠤ ᠲᠦᠷᠬᠢᠵᠦ ᠪᠤᠯᠤᠨ᠎ᠡ᠂ ᠰᠢᠷᠬ᠎ᠠ ᠰᠤᠷᠪᠢ ᠶᠢ ᠡᠳᠡᠬᠡᠬᠦ ᠳᠤ ᠲᠤᠰᠠᠳᠡᠢ ᠨᠠᠭᠠᠯᠳᠠ ᠶᠢ ᠴᠦ ᠨᠠᠭᠠᠵᠤ ᠪᠤᠯᠤᠨ᠎ᠠ᠂ ᠢᠩᠬᠢᠵᠦ ᠬᠢᠬᠦ ᠨᠢ ᠰᠢᠷᠬ᠎ᠠ ᠳᠤ ᠰᠠᠳᠤᠯᠳᠡ ᠦᠭᠬᠦ ᠠᠴᠠ ᠪᠤᠯᠭᠤᠮᠵᠢᠯᠠᠵᠤ ᠴᠢᠳᠡᠨ᠎ᠡ᠃        ᠴᠢᠬᠢᠭᠳᠦᠭᠰᠡᠨ ᠠᠴᠠ ᠪᠤᠯᠵᠤ ᠵᠠᠷᠢᠮ ᠦᠶ᠎ᠡ ᠳᠤ ᠠᠷᠠᠰᠤ ᠵᠦᠬᠡᠯᠡᠷᠡᠬᠦ᠂ ᠠᠷᠠᠰᠤᠨ ᠳᠤ ᠠᠳᠤᠷᠢᠭ᠎ᠠ ᠰᠠᠭᠤᠬᠤ ᠵᠡᠷᠭᠡ ᠪᠠᠶᠢᠳᠡᠯ ᠭᠠᠷᠳᠠᠭ᠂ ᠡᠶᠢᠮᠤ ᠪᠠᠶᠢᠳᠡᠯ ᠳᠤ ᠠᠮᠠᠪᠴᠢ ᠵᠡᠬᠦᠬᠦ ᠠᠴᠠ ᠪᠠᠨ ᠡᠮᠦᠨ᠎ᠡ᠂ ᠢᠰᠦᠯᠳᠦᠭᠰᠡᠨ ᠴᠠᠶᠢᠷ ᠪᠤᠶᠤ ᠸᠠᠽᠧᠯᠢᠨ ᠲᠠᠢ ᠠᠷᠠᠰᠤ ᠵᠦᠬᠡᠯᠡᠷᠡᠬᠦᠯᠬᠦ ᠲᠤᠰᠤ ᠶᠢ ᠭᠡᠷᠡᠭᠯᠡᠵᠦ ᠪᠤᠯᠤᠨ᠎ᠡ᠂ ᠢᠩᠬᠢᠵᠦ ᠬᠢᠪᠡᠯ ᠬᠦᠯᠦᠰᠦ᠂ ᠱᠦᠷᠬᠦᠬᠦ ᠠᠴᠠ ᠪᠤᠯᠵᠤ ᠠᠷᠠᠰᠤᠨ ᠳᠤ ᠦᠵᠡᠬᠦᠯᠬᠦ ᠰᠡᠳᠤᠯᠳᠡ ᠶᠢ ᠪᠠᠭᠠᠰᠬᠠᠵᠤ ᠲᠡᠶᠢᠯᠦᠨ᠎ᠡ᠃ ᠠᠮᠠᠪᠴᠢ ᠪᠠᠨ ᠠᠪᠤᠭᠰᠠᠨ ᠲᠠᠷᠠᠭ᠎ᠠ᠂ ᠠᠷᠠᠰᠤ ᠪᠠᠨ ᠠᠷᠢᠭᠤᠳᠬᠠᠵᠤ᠂ ᠠᠷᠠᠰᠤ ᠵᠦᠬᠡᠯᠡᠷᠡᠬᠦᠯᠬᠦ ᠡᠳ᠋ ᠢ ᠵᠤᠬᠢᠰᠳᠡᠢ ᠭᠡᠷᠡᠭᠯᠡᠵᠦ᠂ ᠠᠷᠠᠰᠤᠨ ᠤ ᠭᠡᠮᠳᠤᠯ ᠢᠶᠠᠨ ᠰᠠᠶᠢᠵᠢᠷᠠᠭᠤᠯᠬᠤ ᠶᠤᠰᠤᠳᠡᠢ᠃        ᠬᠡᠷᠪᠡ ᠠᠷᠠᠰᠤᠨ ᠤ ᠬᠡᠮᠳᠤᠯ ᠬᠡᠴᠡᠬᠦᠳᠡᠬᠦ ᠪᠤᠶᠤ ᠬᠦᠨᠳᠤ ᠨᠤᠴᠢᠳᠡᠢ ᠬᠠᠷᠰᠢᠯ ᠭᠠᠷᠤᠭᠰᠠᠨ ᠪᠠᠶᠢᠪᠡᠯ ᠵᠠᠪᠡᠯ ᠡᠮᠨᠡᠯᠬᠡ ᠶᠢᠨ ᠬᠤᠷᠢᠶᠠᠨ ᠳᠤ ᠬᠦᠷᠴᠦ᠂ ᠠᠷᠠᠰᠤᠨ ᠤ ᠰᠠᠯᠠᠭᠠᠨ ᠤ ᠡᠮᠴᠢ ᠪᠠᠷ ᠡᠮᠨᠡᠬᠦᠯᠬᠦ ᠭᠡᠷᠡᠭᠳᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号