ᠠᠰᠠᠭᠤᠯᠳᠠ᠄ ᠠᠮᠠᠪᠴᠢ ᠵᠡᠭᠦᠬᠦ ᠪᠤᠯ ᠰᠢᠨ᠎ᠠ ᠲᠢᠳᠢᠮᠯᠢᠭ ᠠᠭᠤᠰᠬᠢᠨ ᠦᠷᠪᠢᠰᠦᠯ ᠤᠨ ᠸᠢᠷᠦ᠋ᠰ ᠢ | ᠬᠤᠷᠢᠠᠠᠯᠠᠬᠤ ᠦᠨᠳᠦᠰᠦᠨ ᠠᠷᠭ᠎ᠠ ᠪᠤᠯᠤᠨ᠎ᠠ᠂ ᠲᠡᠭᠡᠪᠡᠯ ᠪᠢᠳᠡ ᠭᠠᠷ ᠲᠠᠭᠠᠨ ᠪᠠᠶᠢᠭ᠎ᠠ ᠲᠤᠭ᠎ᠠ ᠲᠠᠢ ᠬᠡᠳᠦᠨ | ᠠᠮᠠᠪᠴᠢ ᠪᠠᠨ ᠬᠡᠷᠬᠢᠨ ᠰᠠᠶᠢᠳᠤᠷ ᠬᠡᠷᠡᠭᠯᠡᠵᠦ᠂ ᠬᠡᠷᠡᠭᠯᠡᠬᠦ ᠴᠠᠭ ᠢ ᠨᠢ ᠤᠷᠳᠤᠳᠬᠠᠨ᠂ ᠲᠠᠷᠠᠴᠢᠯᠠᠨ ᠠᠮᠤᠷ ᠲᠦᠪᠰᠢᠨ | ᠪᠦᠭᠡᠳ ᠪᠦᠳᠦᠮᠵᠢᠳᠡᠢ ᠪᠠᠷ ᠦᠪᠡᠷ ᠤᠨ ᠡᠷᠡᠭᠦᠯ ᠮᠡᠨᠳᠦ ᠪᠠᠨ ᠬᠠᠮᠠᠭᠠᠯᠠᠬᠤ ᠪᠢᠯᠡ︖ | ᠬᠠᠷᠢᠭᠤᠯᠳᠠ᠄ ᠠᠮᠠᠪᠴᠢ ᠵᠡᠭᠦᠬᠦ ᠡᠰᠡᠬᠦ᠂ ᠶᠠᠮᠠᠷ ᠠᠮᠠᠪᠴᠢ ᠵᠡᠭᠦᠪᠡᠯ ᠵᠤᠬᠢᠬᠤ ᠲᠤᠬᠠᠢ ᠦᠪᠡᠷ ᠤᠨ ᠪᠠᠶᠢᠭ᠎ᠠ | ᠤᠷᠴᠢᠨ ᠲᠤᠭᠤᠷᠢᠨ ᠢᠶᠠᠨ ᠦᠨᠳᠦᠰᠦᠯᠡᠵᠦ ᠪᠠᠶᠢᠮᠠᠨᠵᠢᠨ ᠲᠤᠭᠳᠠᠭᠠᠨ᠎ᠠ᠃ | 1. ᠬᠡᠷᠪᠡ ᠭᠠᠭᠴᠠᠭᠠᠷ ᠪᠠᠶᠢᠪᠠᠯ᠂ ᠭᠠᠳᠠᠨᠠᠬᠢ ᠬᠦᠮᠦᠨ ᠲᠠᠢ ᠨᠢᠭᠳᠠ ᠬᠠᠷᠢᠯᠴᠠᠭᠰᠠᠨ ᠦᠭᠡᠢ ᠪᠤᠯ ᠠᠮᠠᠪᠴᠢ | ᠵᠡᠭᠦᠬᠦ ᠦᠭᠡᠢ ᠳᠤ ᠪᠤᠯᠤᠨ᠎ᠠ︔ ᠨᠢᠭᠡ ᠭᠡᠷ ᠤᠨ ᠬᠦᠮᠦᠨ ᠡᠷᠡᠭᠦᠯ ᠮᠡᠨᠳᠦ ᠭᠡᠷ ᠲᠡᠭᠡᠨ ᠪᠠᠶᠢᠬᠤ ᠪᠤᠶᠤ ᠬᠤᠪᠢ ᠶᠢᠨ | ᠮᠠᠰᠢᠨ ᠲᠡᠷᠭᠡᠨ ᠳᠤ ᠰᠠᠭᠤᠳᠠᠭ ᠲᠤ ᠬᠦᠷᠪᠠᠯ ᠠᠮᠠᠪᠴᠢ ᠵᠡᠭᠦᠬᠦ ᠦᠭᠡᠢ ᠳᠤ ᠪᠤᠯᠤᠨ᠎ᠠ᠃ | 2. ᠬᠡᠷᠪᠡ ᠬᠦᠮᠦᠨ ᠤᠯᠠᠨ ᠲᠠᠢ ᠤᠯᠠᠨ ᠨᠡᠶᠢᠳᠡ ᠶᠢᠨ ᠲᠠᠯᠠᠪᠤᠷ ᠢᠶᠠᠷ ᠭᠠᠷᠴᠤ ᠤᠷᠤᠬᠤ᠂ ᠵᠢᠱᠢᠶᠡᠯᠡᠪᠡᠯ | ᠨᠡᠶᠢᠳᠡ ᠶᠢᠨ ᠵᠠᠮ ᠬᠠᠷᠢᠯᠴᠠᠭᠠᠨ ᠤ ᠮᠠᠰᠢᠨ ᠲᠡᠷᠭᠡᠨ ᠳᠤ ᠰᠠᠭᠤᠬᠤ᠂ ᠬᠡᠳᠦ ᠲᠡᠯᠭᠡᠭᠦᠷ ᠲᠤ ᠬᠦᠷᠴᠤ ᠪᠠᠷᠠᠭ᠎ᠠ | ᠬᠤᠳᠠᠯᠳᠤᠨ ᠠᠪᠬᠤ᠂ ᠴᠠᠬᠢᠯᠭᠠᠨ ᠱᠠᠳᠤᠨ ᠳᠤ ᠭᠠᠷᠬᠤ᠂ ᠪᠢᠳᠡᠭᠦᠮᠵᠢᠯᠡᠨ ᠠᠵᠢᠯᠯᠠᠬᠤ ᠵᠡᠷᠭᠡ ᠪᠠᠶᠢᠳᠠᠯ ᠳᠤ ᠡᠩ ᠤᠨ | ᠡᠮᠨᠡᠯᠭᠡ ᠶᠢᠨ ᠠᠮᠠᠪᠴᠢ ᠵᠡᠭᠦᠵᠦ ᠪᠤᠯᠤᠨ᠎ᠠ᠃ ᠭᠡᠷ ᠲᠡᠭᠡᠨ ᠬᠠᠷᠢᠭᠰᠠᠨ ᠤ ᠲᠠᠷᠠᠭ᠎ᠠ᠂ ᠠᠮᠠᠪᠴᠢ ᠪᠠᠨ ᠴᠡᠪᠡᠷ᠂ ᠬᠠᠭᠤᠷᠠᠢ᠂ | ᠰᠠᠯᠬᠢ ᠨᠡᠪᠳᠡᠷᠡᠬᠦ ᠤᠷᠴᠢᠨ ᠳᠤ ᠬᠠᠳᠠᠭᠠᠪᠠᠯ ᠲᠠᠬᠢᠨᠳᠠ ᠬᠡᠷᠡᠭᠯᠡᠵᠦ ᠪᠤᠯᠤᠨ᠎ᠠ᠃ | 3. ᠬᠦᠮᠦᠨ ᠤᠯᠠᠨ ᠴᠤᠭᠯᠠᠷᠠᠳᠠᠭ ᠭᠠᠵᠠᠷ ᠤᠨ ᠠᠵᠢᠯᠳᠠᠨ᠂ ᠬᠢᠵᠢᠭ ᠤᠨ ᠪᠠᠶᠢᠳᠠᠯ ᠲᠠᠢ ᠬᠤᠯᠪᠤᠭᠳᠠᠬᠤ | ᠵᠠᠰᠠᠭ ᠵᠠᠬᠢᠷᠭᠠᠨ ᠤ ᠬᠠᠮᠢᠶᠠᠷᠤᠭᠴᠢ᠂ ᠵᠢᠱᠢᠶᠡᠯᠡᠪᠡᠯ᠂ ᠴᠠᠭᠳᠠᠭ᠎ᠠ᠂ ᠠᠮᠤᠷ ᠢ ᠬᠠᠮᠠᠭᠠᠯᠠᠭᠴᠢ᠂ ᠲᠦᠷᠭᠡᠨ ᠬᠦᠷᠭᠡᠭᠴᠢ ᠵᠢᠴᠢ | ᠡᠩ ᠤᠨ ᠡᠭᠦᠳᠡᠨ ᠡᠮᠨᠡᠯᠭᠡ᠂ ᠡᠪᠡᠳᠴᠢᠳᠡᠨ ᠤ ᠦᠷᠦᠭᠡ ᠶᠢᠨ ᠡᠮᠴᠢ ᠰᠤᠪᠢᠯᠠᠭᠴᠢ᠂ ᠭᠡᠷ ᠲᠡᠭᠡᠨ ᠲᠤᠰᠠᠭᠠᠷᠯᠠᠭᠴᠢ | ᠵᠢᠴᠢ ᠲᠡᠭᠦᠨ ᠤ ᠭᠡᠷ ᠤᠨ ᠬᠦᠮᠦᠰ ᠡᠮᠨᠡᠯᠭᠡ ᠶᠢᠨ ᠭᠠᠳᠠᠷ ᠡᠮᠨᠡᠯᠭᠡ ᠶᠢᠨ ᠠᠮᠠᠪᠴᠢ ᠵᠡᠭᠦᠪᠡᠯ ᠵᠤᠬᠢᠨ᠎ᠠ᠃ ᠡᠨᠡ ᠦᠶᠡᠰ | ᠪᠤᠳᠠᠳᠠᠢ ᠪᠠᠶᠢᠳᠠᠯ ᠢᠶᠠᠨ ᠦᠨᠳᠦᠰᠦᠯᠡᠨ᠂ ᠠᠮᠠᠪᠴᠢ ᠶᠢᠨ ᠬᠡᠷᠡᠭᠯᠡᠬᠦ ᠴᠠᠭ ᠤᠨ ᠤᠷᠳᠤ ᠪᠤᠯᠤᠨ ᠰᠤᠯᠢᠬᠤ ᠲᠠᠪᠳᠠᠮᠵᠢ ᠶᠢ | ᠤᠷᠳᠤᠳᠬᠠᠵᠤ ᠪᠤᠯᠤᠨ᠎ᠠ᠂ ᠭᠡᠳᠡᠯ᠎ᠠ ᠠᠮᠠᠪᠴᠢ ᠡᠪᠳᠡᠷᠡᠬᠦ᠂ ᠪᠢᠳᠡᠭᠦᠮᠵᠢᠯᠡᠬᠦ ᠴᠢᠨᠠᠷ ᠨᠢ ᠠᠨᠠᠢ ᠪᠤᠯᠬᠤ ᠪᠤᠶᠤ | ᠠᠮᠢᠰᠬᠤᠯ ᠤᠨ ᠰᠠᠭᠠᠳᠠᠭᠤᠯᠬᠤ ᠬᠦᠴᠦ ᠶᠡᠭᠡᠳᠬᠦ ᠦᠶᠡᠰ ᠡᠷᠭᠡᠪᠰᠢ ᠰᠤᠯᠢᠬᠤ ᠬᠡᠷᠡᠭᠳᠡᠢ᠃ | ︵ᠢᠷᠡᠯᠳᠡ᠄ ᠡᠷᠡᠭᠦᠯ ᠡᠩᠬᠡ ᠳᠤᠮᠳᠠᠳᠤ ᠤᠯᠤᠰ ︶ | |