3 ᠰᠠᠷ᠎ᠠ ᠶᠢᠨ 9 ᠤ ᠡᠳᠦᠷ ᠤᠨ ᠦᠳᠡ ᠶᠢᠨ ᠬᠤᠶᠢᠨ᠎ᠠ᠂ ︽ᠪᠥᠬᠦ ᠤᠯᠤᠰ ᠤᠨ ᠤᠶᠤᠲᠠᠳ ᠬᠠᠮᠲᠤ ᠪᠠᠷ | ᠰᠦᠯᠵᠢᠶᠡᠨ ᠳᠤ ᠭᠠᠷᠪᠠ︾ ︽ᠦᠵᠡᠯ ᠰᠠᠨᠠᠭ᠎ᠠ ᠤᠯᠤᠰ ᠲᠥᠷᠥ ᠶᠢᠨ ᠶᠡᠭᠡ ᠬᠢᠴᠢᠶᠡᠯ︾ ︽ᠢ ᠶᠠᠩ ᠴᠢᠶᠠᠨ ᠰᠢ ᠸᠠᠩ | ᠵᠢᠶᠦ᠋ᠨ ᠺᠠᠶ ᠯᠢᠦ ᠬᠤᠤ ᠷᠠᠨ ᠦ᠋ ᠯᠸᠢ ᠨᠠᠷ ᠲᠠᠢ ᠬᠠᠮᠳᠤ ᠬᠢᠴᠢᠶᠡᠯ ᠣᠷᠣᠪᠠ︾᠂ ︽ᠹᠧᠩ ᠰᠢᠤ ᠵᠢᠶᠦ᠋ᠨ ᠪᠠᠭᠰᠢ ᠮᠠᠰᠢ | ᠰᠠᠶᠢᠬᠠᠨᠶᠠᠷᠢᠯᠠ︾ ᠬᠡᠬᠦ ᠮᠡᠳᠦ ᠶᠢᠨ ᠦᠭᠡᠰ ᠤᠳ ᠨᠢ ᠬᠠᠶᠢᠯᠳᠠ ᠶᠢᠨ ᠰᠠᠮᠪᠠᠷ᠎ᠠ᠂ ᠶᠠᠷᠢᠶᠠᠨ ᠤ ᠰᠠᠮᠪᠠᠷ᠎ᠠ ᠪᠠᠷ | ᠲᠦᠭᠦᠷᠴᠦ᠂ ᠮᠢᠩᠭ᠎ᠠ ᠲᠦᠮᠡᠨ ᠤᠶᠤᠲᠠᠳ ᠤᠨ ᠬᠠᠮᠲᠤ ᠪᠠᠷ ᠰᠦᠯᠵᠢᠶᠡᠨ ᠳᠤ ᠭᠠᠷᠬᠤ ︽ᠦᠵᠡᠭᠳᠡᠯ ᠤᠨ ᠲᠠᠰ︾ ᠤᠨ | ᠨᠢᠭᠡᠨ ᠰᠦᠯᠵᠢᠶᠡᠨ ᠤ ᠬᠢᠴᠢᠶᠡᠯ ︽ᠡᠭᠦᠯᠡᠨ ᠬᠡᠷᠡᠭᠯᠡᠭᠴᠢ ᠶᠢᠨ ᠲᠠᠪᠴᠠᠩ︾ ᠳᠤ ᠬᠦᠰᠢᠭᠡ ᠪᠠᠨ ᠰᠡᠬᠦᠪᠡ᠃ | ᠡᠨᠡᠬᠦ ᠦᠵᠡᠯ ᠰᠠᠨᠠᠭ᠎ᠠ ᠤᠯᠤᠰ ᠲᠥᠷᠥ ᠶᠢᠨ ᠶᠡᠭᠡ ᠬᠢᠴᠢᠶᠡᠯ ᠢ ᠰᠤᠷᠭᠠᠨ ᠬᠥᠮᠦᠵᠢᠯ ᠤᠨ ᠶᠠᠮᠤᠨ ᠤ | ᠨᠡᠶᠢᠭᠡᠮ ᠤᠨ ᠰᠢᠨᠵᠢᠯᠡᠬᠦ ᠤᠬᠠᠭᠠᠨ ᠤ ᠵᠤᠷᠭᠠᠨ ᠠᠴᠠ ᠠᠷᠠᠳ ᠤᠨ ᠰᠦᠯᠵᠢᠶ᠎ᠡ ᠲᠠᠢ ᠬᠠᠮᠲᠤᠷᠠᠨ ᠵᠣᠬᠢᠶᠠᠨ ᠪᠠᠶᠢᠭᠤᠯᠵᠤ᠂ | ᠥᠷᠭᠡᠨ ᠣᠯᠠᠨ ᠶᠡᠭᠡ ᠳᠡᠭᠡᠳᠦ ᠰᠤᠷᠭᠠᠭᠤᠯᠢ ᠶᠢᠨ ᠪᠠᠭᠰᠢ ᠰᠤᠷᠤᠭᠴᠢᠳ ᠠᠷᠠᠳ ᠤᠨ ᠰᠦᠯᠵᠢᠶ᠎ᠡ᠂ ᠠᠷᠠᠳ ᠤᠨ | ᠣᠶᠤᠨ ᠤ ᠡᠭᠦᠯᠡᠨ ᠬᠡᠷᠡᠭᠯᠡᠭᠴᠢ ᠶᠢᠨ ᠲᠠᠪᠴᠠᠩ᠂ ᠤᠳᠤᠷᠢᠳᠤᠯᠭ᠎ᠠ ᠳᠤ ᠦᠭᠡ ᠦᠯᠡᠳᠡᠭᠡᠬᠦ ᠰᠠᠮᠪᠠᠷ᠎ᠠ ᠶᠢᠨ | ᠬᠡᠷᠡᠭᠯᠡᠭᠴᠢ ᠶᠢᠨ ᠲᠠᠪᠴᠠᠩ᠂ ᠠᠷᠠᠳ ᠤᠨ ᠰᠦᠯᠵᠢᠶ᠎ᠡ ᠶᠢᠨ ᠸᠢᠳᠢᠣ᠋ ᠬᠡᠷᠡᠭᠯᠡᠭᠴᠢ ᠶᠢᠨ ᠲᠠᠪᠴᠠᠩ᠂ ᠮᠢ ᠬᠦ᠋ ᠸᠢᠳᠢᠣ᠋ | ᠬᠡᠷᠡᠭᠯᠡᠭᠴᠢ ᠶᠢᠨ ᠲᠠᠪᠴᠠᠩ᠂ ᠰᠤᠷᠤᠯᠴᠠᠳᠠᠭ ᠲᠣᠮᠣ ᠤᠯᠤᠰ ᠤᠨ ᠣᠯᠠᠨ ᠨᠡᠶᠢᠲᠡ ᠶᠢᠨ ᠳ᠋ᠤᠭᠠᠷ ᠵᠡᠷᠭᠡ ᠪᠠᠷ ᠳᠠᠮᠵᠢᠨ | ᠰᠦᠯᠵᠢᠶᠡᠨ ᠳᠠᠬᠢ ᠰᠢᠭᠤᠳ ᠨᠡᠪᠲᠡᠷᠡᠭᠦᠯᠭᠡ ᠶᠢ ᠭᠥᠯᠢᠶᠡᠨ ᠠᠪᠴᠤ ᠦᠵᠡᠪᠡ᠃ | ᠴᠢᠩᠬᠤᠸᠠ ᠶᠡᠭᠡ ᠰᠤᠷᠭᠠᠭᠤᠯᠢ᠂ ᠳᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ᠂ ᠪᠡᠭᠡᠵᠢᠩ ᠤᠨ | ᠪᠠᠭᠰᠢ ᠶᠢᠨ ᠶᠡᠭᠡ ᠰᠤᠷᠭᠠᠭᠤᠯᠢ ᠪᠠ ᠲᠥᠪ ᠤᠨ ᠡᠳ᠋ ᠤᠨ ᠵᠠᠰᠠᠭ ᠠᠵᠤ ᠠᠬᠤᠶ ᠶᠢᠨ ᠶᠡᠭᠡ ᠰᠤᠷᠭᠠᠭᠤᠯᠢ ᠶᠢᠨ | ᠲᠡᠷᠢᠭᠦᠨ ᠲᠠᠰ ᠤᠨᠲ᠋ᠥ᠋ᠷᠪᠡᠨ ᠨᠠᠷᠠᠲᠤ ᠪᠠᠭᠰᠢ ︽ᠬᠢᠵᠢᠭ︾ ᠲᠠᠢ ᠲᠡᠮᠡᠴᠡᠵᠦ ᠪᠠᠶᠢᠭ᠎ᠠ ᠣᠨᠴᠠᠭᠠᠶ ᠴᠠᠭ ᠦᠶ᠎ᠡ ᠳᠤ | ︽ᠡᠭᠦᠯᠡᠡ︾ ᠲᠠᠪᠴᠠᠩ ᠢᠶᠠᠷ ᠬᠢᠴᠢᠶᠡᠯᠯᠡᠵᠦ᠂ ᠥᠷᠭᠡᠨ ᠣᠯᠠᠨ ᠤᠶᠤᠳᠠᠳ ᠲᠠᠢ ᠬᠠᠮᠲᠤ ᠪᠠᠷ ᠬᠢᠵᠢᠭ ᠤᠨ ᠶᠡᠭᠡ | ᠰᠢᠯᠭᠠᠯᠲᠠ ᠪᠢᠳᠡᠨ ᠳᠤ ᠶᠠᠭᠤ ᠶᠢ ᠬᠡᠯᠡᠵᠦ ᠦᠭᠭᠦᠭᠰᠡᠨ ᠲᠤᠬᠠᠢ ᠰᠤᠳᠤᠯᠤᠨ ᠶᠠᠷᠢᠯᠴᠠᠵᠤ᠂ ︽ᠬᠢᠵᠢᠭ︾ ᠲᠠᠢ | ᠲᠡᠮᠡᠴᠡᠬᠦ ᠳᠤ ᠵᠠᠯᠠᠭᠤᠴᠤᠳ ᠶᠠᠮᠠᠷ ᠬᠠᠷᠢᠭᠤᠴᠠᠯᠭ᠎ᠠ ᠪᠠ ᠡᠭᠦᠷᠭᠡᠯᠡᠯ ᠢ ᠡᠭᠦᠷᠭᠡᠯᠡᠬᠦ ᠵᠡᠷᠭᠡ ᠶᠢᠨ ᠲᠤᠬᠠᠢ ᠶᠠᠷᠢᠭᠰᠠᠨ | ᠪᠠᠶᠢᠨ᠎ᠠ᠃ |