ᠰᠢᠭᠤᠶᠢᠲᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠶ ᠲᠣᠪᠴᠢᠶ᠎ᠠ ᠶᠢᠨ ᠪᠤᠭᠤᠲᠤ ᠬᠤᠲᠠ ᠶᠢᠨ ᠰᠢᠭᠤᠶᠢᠲᠤ ᠲᠣᠭᠤᠷᠢᠭ ᠤᠨ ᠭᠠᠶᠢᠯᠢ ᠶᠢᠨ ᠶᠠᠪᠤᠳᠠᠯ ᠤᠨ ᠲᠣᠪᠴᠢᠶ᠎ᠠ ᠶᠢᠨ 《 ᠵᠢᠷᠭᠤᠭ᠎ᠠ ᠶᠢ ᠲᠣᠭᠲᠠᠪᠤᠷᠢᠵᠢᠭᠤᠯᠬᠤ 》 《 ᠵᠢᠷᠭᠤᠭ᠎ᠠ ᠶᠢ ᠪᠠᠲᠤᠯᠠᠬᠤ 》 ᠠᠵᠢᠯ ᠦᠶᠯᠡᠳᠪᠦᠷᠢᠯᠡᠯ ᠢᠶᠠᠨ ᠰᠡᠷᠭᠦᠭᠡᠬᠦ ᠳᠤ ᠬᠦᠴᠦᠨ ᠨᠡᠮᠡᠷᠢᠯᠡᠬᠦ ᠠᠵᠢᠯ ᠢ ᠬᠥᠬᠢᠭᠦᠯᠦᠨ ᠰᠠᠶᠢᠰᠢᠶᠠᠬᠤ ᠲᠤᠬᠠᠶ ᠮᠡᠳᠡᠭᠳᠡᠯ
ᠨᠡᠶᠢᠲᠡᠯᠡᠭᠰᠡᠨ ᠴᠠᠭ᠄
2020/11/30
ᠰᠢᠭᠤᠶᠢᠲᠣ ᠠᠯᠪᠠᠨ ᠲᠠᠷᠬᠠᠭᠠᠭᠰᠠᠨ ︵2020︶ 37 ᠳ᠋ᠤᠭᠠᠷ ᠲᠣᠭᠠᠲᠤ        ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠶ ᠲᠣᠪᠴᠢᠶ᠎ᠠ ᠶᠢᠨ ᠪᠤᠭᠤᠲᠤ ᠬᠤᠲᠠ ᠶᠢᠨ ᠰᠢᠭᠤᠶᠢᠲᠤ ᠲᠣᠭᠤᠷᠢᠭ ᠤᠨ ᠭᠠᠶᠢᠯᠢ ᠶᠢᠨ ᠶᠠᠪᠤᠳᠠᠯ ᠤᠨ ᠲᠣᠪᠴᠢᠶ᠎ᠠ᠄        ᠡᠨᠡ ᠵᠢᠯ ᠠᠴᠠ ᠨᠠᠭᠠᠰᠢ᠂ ᠬᠢᠵᠢᠭ ᠤᠨ ᠪᠠᠶᠢᠳᠠᠯ ᠤᠨ ᠨᠥᠯᠥᠭᠡ ᠶᠢᠨ ᠡᠮᠦᠨ᠎ᠡ᠂ ᠲᠠᠨ ᠤ ᠲᠣᠪᠴᠢᠶ᠎ᠠ 《 ᠵᠢᠷᠭᠤᠭ᠎ᠠ ᠶᠢ ᠲᠣᠭᠲᠠᠪᠤᠷᠢᠵᠢᠭᠤᠯᠬᠤ 》᠂ 《 ᠵᠢᠷᠭᠤᠭ᠎ᠠ ᠶᠢ ᠪᠠᠲᠤᠯᠠᠬᠤ 》 ᠠᠵᠢᠯ ᠤᠨ ᠶᠡᠷᠦᠩᠬᠡᠶ ᠱᠠᠭᠠᠷᠳᠠᠯᠭ᠎ᠠ ᠶᠢᠨ ᠲᠣᠭᠤᠷᠢᠨ ᠳᠤ᠂ ᠠᠵᠤ ᠠᠬᠤᠶ ᠭᠠᠶᠢᠯᠢ ᠲᠠᠲᠠᠪᠤᠷᠢ ᠪᠠᠭᠤᠷᠠᠬᠤ ᠳᠠᠷᠤᠯᠲᠠ ᠶᠢ ᠴᠢᠷᠮᠠᠶᠢᠨ ᠢᠯᠠᠨ ᠳᠠᠪᠠᠵᠤ᠂ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢ ᠰᠢᠨ᠎ᠡ ᠶᠢ ᠡᠭᠦᠳᠬᠦ ᠴᠢᠨᠠᠷᠲᠠᠶ ᠪᠠᠷ ᠨᠠᠶᠢᠳᠠᠪᠤᠷᠢᠵᠢᠭᠤᠯᠬᠤ ᠎ ᠳᠤ ᠬᠦᠴᠦᠨ ᠨᠡᠮᠡᠷᠢᠯᠡᠵᠦ᠂ 《 ᠥᠯᠥ ᠬᠦᠷᠦᠯᠴᠡᠬᠦ 》 ᠭᠠᠶᠢᠯᠢ ᠭᠦᠶᠴᠡᠳᠬᠡᠬᠦ ᠳᠤ ᠬᠦᠴᠦᠨ ᠨᠡᠮᠡᠷᠢᠯᠡᠵᠦ᠂ ᠲᠤᠭ᠎ᠠ ᠪᠠᠷᠢᠮᠲᠠ ᠶᠢᠨ ᠦᠶᠯᠡᠴᠢᠯᠡᠭᠡᠨ ᠤ ᠶᠡᠭᠡ ᠲᠠᠯ᠎ᠠ ᠳᠤ ᠬᠦᠴᠦᠨ ᠨᠡᠮᠡᠷᠢᠯᠡᠵᠦ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠳᠤ 《 ᠳᠥᠷᠪᠡᠨ ᠬᠦᠴᠦᠨ 》  ᠎ ᠤ ᠱᠠᠭᠠᠷᠳᠠᠯᠭ᠎ᠠ ᠶᠢ ᠬᠦᠴᠦᠯᠡᠨ ᠪᠡᠶᠡᠯᠡᠭᠦᠯᠵᠦ᠂ ᠪᠥᠬᠦ ᠲᠣᠭᠤᠷᠢᠭ ᠤᠨ ᠠᠵᠤ ᠠᠬᠤᠶ ᠶᠢᠨ ᠬᠥᠭᠵᠢᠯᠲᠡ ᠪᠠ ᠠᠵᠤ ᠠᠬᠤᠶᠢᠯᠠᠯ ᠤᠨ ᠠᠵᠢᠯ ᠢᠶᠠᠨ ᠰᠡᠷᠭᠦᠭᠡᠵᠦ ᠦᠶᠯᠡᠳᠪᠦᠷᠢᠯᠡᠯ ᠢᠶᠠᠨ ᠰᠡᠷᠭᠦᠭᠡᠬᠦ ᠳᠤ ᠶᠡᠭᠡ ᠪᠠᠷ ᠦᠶᠯᠡᠴᠢᠯᠡᠪᠡ᠃ ᠣᠳᠣᠬᠠᠨ ᠪᠣᠯᠲᠠᠯ᠎ᠠ᠂ ᠪᠥᠬᠦ ᠲᠣᠭᠤᠷᠢᠭ ᠳᠤ ᠰᠢᠨ᠎ᠡ ᠪᠠᠷ ᠨᠡᠶᠢᠲᠡ 3357 ᠲᠦᠮᠡᠨ ᠲᠥᠭᠦᠷᠢᠭ ᠤᠨ ᠭᠠᠶᠢᠯᠢ ᠬᠥᠩᠭᠡᠷᠡᠭᠦᠯᠵᠦ ᠰᠦᠶᠳᠬᠡᠯ ᠪᠠᠭᠤᠷᠠᠭᠤᠯᠪᠠ᠂ ᠡᠭᠦᠨ ᠳᠤ᠂ 2020 ᠣᠨ ᠳᠤ ᠨᠡᠶᠢᠲᠡᠯᠡᠭᠰᠡᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠ ᠠᠵᠤ ᠠᠬᠤᠶ ᠨᠡᠶᠢᠭᠡᠮ ᠤᠨ ᠬᠥᠭᠵᠢᠯᠲᠡ ᠶᠢ ᠳᠡᠮᠵᠢᠬᠦ ᠭᠠᠶᠢᠯᠢ ᠰᠦᠶᠳᠬᠡᠯ ᠤᠨ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠳᠤ ᠰᠢᠨ᠎ᠡ ᠪᠠᠷ 1582 ᠲᠦᠮᠡᠨ ᠲᠥᠭᠦᠷᠢᠭ ᠤᠨ ᠭᠠᠶᠢᠯᠢ ᠬᠥᠩᠭᠡᠷᠡᠭᠦᠯᠵᠦ ᠰᠦᠶᠳᠬᠡᠯ ᠪᠠᠭᠤᠷᠠᠭᠤᠯᠵᠤ᠂ ᠭᠠᠶᠢᠯᠢ ᠬᠥᠩᠭᠡᠷᠡᠭᠦᠯᠵᠦ ᠰᠦᠶᠳᠬᠡᠯ ᠪᠠᠭᠤᠷᠠᠭᠤᠯᠤᠭᠰᠠᠨ ᠦᠷ᠎ᠡ ᠪᠦᠲᠦᠮᠵᠢ ᠢᠯᠡᠳᠲᠡ ᠪᠣᠯᠪᠠ᠂ ᠣᠨᠴᠠᠭᠠᠶᠢᠯᠠᠨ ᠵᠠᠷᠯᠠᠨ ᠰᠠᠶᠢᠰᠢᠶᠠᠪᠠ᠃        ᠲᠠᠨ ᠤ ᠲᠣᠪᠴᠢᠶ᠎ᠠ ᠬᠤᠶᠢᠰᠢᠳᠠ ᠶᠢᠨ ᠠᠵᠢᠯ ᠤᠨ ᠳᠤᠮᠳᠠ ᠪᠠᠨ ᠳᠡᠭᠡᠳᠦ ᠱᠠᠲᠤᠨ ᠤ ᠨᠡᠶᠢᠲᠡᠯᠡᠭᠰᠡᠨ ᠡᠯ᠎ᠡ ᠵᠦᠶᠯ ᠤᠨ ᠭᠠᠶᠢᠯᠢ ᠬᠥᠩᠭᠡᠯᠡᠵᠦ ᠰᠦᠶᠳᠬᠡᠯ ᠪᠠᠭᠤᠷᠠᠭᠤᠯᠬᠤ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢ ᠦᠷᠭᠦᠯᠵᠢᠯᠡᠨ ᠲᠡᠷᠡ ᠶᠣᠰᠣᠭᠠᠷ ᠨᠢ ᠨᠠᠶᠢᠳᠠᠪᠤᠷᠢᠵᠢᠭᠤᠯᠵᠤ᠂ ᠭᠠᠶᠢᠯᠢ ᠬᠥᠩᠭᠡᠯᠡᠵᠦ ᠰᠦᠶᠳᠬᠡᠯ ᠪᠠᠭᠤᠷᠠᠭᠤᠯᠬᠤ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠨ ᠬᠦᠴᠦᠨ ᠲᠠᠢ ᠪᠣᠯᠭᠠᠬᠤ ᠶᠢ ᠢᠳᠡᠪᠬᠢᠲᠡᠶ ᠠᠬᠢᠭᠤᠯᠵᠤ᠂ ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ᠬᠦᠴᠢᠷᠳᠡᠯ ᠢ ᠰᠢᠶᠳᠪᠦᠷᠢᠯᠡᠬᠦ ᠪᠠ ᠬᠡᠯᠪᠡᠷᠢ ᠪᠠᠨ ᠬᠤᠪᠢᠷᠠᠭᠤᠯᠤᠨ ᠲᠠᠰ ᠳᠡᠪᠰᠢᠭᠦᠯᠬᠦ ᠶᠢ ᠬᠦᠴᠦᠲᠡᠶ ᠳᠡᠮᠵᠢᠵᠦ᠂ ᠭᠠᠶᠢᠯᠢ ᠲᠤᠰᠢᠶᠠᠭᠴᠢ ᠪᠠ ᠰᠦᠶᠳᠬᠡᠯ ᠲᠤᠰᠢᠶᠠᠭᠴᠢ ᠶᠢᠨ ᠬᠦᠷᠲᠡᠮᠵᠢ ᠶᠢᠨ ᠲᠥᠷᠥᠭᠳᠡᠯ ᠢ ᠨᠡᠮᠡᠭᠳᠡᠭᠦᠯᠵᠦ᠂ ᠭᠠᠵᠠᠷ ᠣᠷᠣᠨ ᠤ ᠬᠤᠳᠠᠯᠳᠤᠭ᠎ᠠ ᠡᠵᠡᠩᠨᠡᠬᠦ ᠣᠷᠴᠢᠨ ᠨᠥᠬᠦᠴᠡᠯ ᠢ ᠰᠢᠯᠢᠳᠡᠭᠵᠢᠭᠦᠯᠬᠦ ᠂ ᠠᠵᠤ ᠠᠬᠤᠶᠢᠯᠠᠯ ᠤᠨ ᠠᠵᠢᠯ ᠢᠶᠠᠨ ᠰᠡᠷᠭᠦᠭᠡᠵᠦ ᠦᠶᠯᠡᠳᠪᠦᠷᠢᠯᠡᠯ ᠢᠶᠠᠨ ᠰᠡᠷᠭᠦᠭᠡᠬᠦ ᠪᠠ 《 ᠭᠤᠷᠪᠠᠨ ᠶᠡᠭᠡ ᠪᠣᠭᠤᠮᠲᠠ ᠰᠢᠪᠲᠤᠯᠬᠤ ᠳᠠᠶᠢᠯᠠᠯᠳᠤᠭᠠᠨ 》 ᠵᠡᠷᠭᠡ ᠳᠤ ᠨᠠᠩ ᠣᠯᠠᠨ ᠬᠤᠪᠢ ᠨᠡᠮᠡᠷᠢ ᠦᠵᠡᠭᠦᠯᠬᠦ ᠶᠢ ᠬᠦᠰᠡᠵᠦ ᠪᠠᠶᠢᠨ᠎ᠠ᠃ᠰᠢᠭᠤᠶᠢᠲᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ 2020 ᠣᠨ ᠤ 11 ᠰᠠᠷ᠎ᠠ ᠶᠢᠨ 30  ᠎ ᠤ ᠡᠳᠦᠷ
 
ᠢᠷᠡᠯᠲᠡ᠄ ᠰᠢᠭᠤᠶᠢᠲᠤ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号