ᠡᠳᠡᠭᠡᠷ ᠪᠠᠶᠢᠳᠠᠯ ᠢᠯᠡᠷᠡᠪᠡᠯ ᠲᠦᠷᠭᠡᠨ ᠡᠮᠨᠡᠯᠭᠡ ᠳᠤ ᠣᠴᠢᠭᠠᠷᠠᠢ
ᠨᠡᠶᠢᠲᠡᠯᠡᠭᠰᠡᠨ ᠴᠠᠭ᠄
2020-01-09
        ᠣᠶᠢᠷ᠎ᠠ ᠳᠤ᠂ ᠲᠡᠭᠷᠢ ᠶᠠᠪᠤᠬᠤ ᠲᠤᠰᠤᠮ ᠬᠦᠢᠳᠡᠷᠡᠭᠰᠡᠨ ᠠᠴᠠ ᠪᠣᠯᠵᠤ ᠬᠠᠯᠳᠠᠪᠣᠷᠢᠳᠣ ᠬᠠᠨᠢᠶᠠᠳᠣ ᠣᠯᠵᠤ ᠪᠠᠶᠢᠭ᠎ᠠ ᠬᠥᠮᠥᠰ ᠣᠯᠠᠰᠢᠷᠠᠵᠤ ᠪᠠᠶᠢᠨ᠎ᠠ᠃ ᠣᠯᠣᠰ ᠤᠨ ᠬᠠᠯᠳᠠᠪᠣᠷᠢᠳᠣ ᠬᠠᠨᠢᠶᠠᠳᠣ ᠶᠢ ᠰᠡᠷᠬᠡᠶᠢᠯᠡᠬᠦ ᠲᠦᠪ ᠤᠨ ᠡᠮᠦᠨ᠎ᠡ ᠬᠡᠳᠦᠨ ᠡᠳᠦᠷ ᠨᠡᠶᠢᠳᠡᠯᠡᠭᠰᠡᠨ ᠭᠠᠷᠠᠭ ᠤᠨ ᠮᠡᠳᠡᠬᠡᠯᠡᠯ ᠢ ᠦᠨᠳᠦᠰᠦᠯᠡᠪᠡᠯ᠂ ᠮᠠᠨ ᠤ ᠣᠯᠣᠰ ᠤᠨ ᠳᠣᠲᠣᠷ  ᠭᠠᠵᠠᠷ ᠤᠨ ᠡᠮᠦᠨᠡᠲᠦ ᠣᠮᠠᠷᠠᠳᠣ ᠣᠷᠣᠨ ᠢᠶᠠᠷ ᠬᠠᠯᠳᠠᠪᠣᠷᠢᠳᠣ ᠬᠠᠨᠢᠶᠠᠳᠣ ᠦᠷᠬᠡᠨ ᠢᠶᠠᠷ ᠲᠡᠯᠭᠡᠷᠡᠬᠦ ᠬᠠᠨᠳᠣᠰᠢ ᠲᠠᠢ ᠪᠠᠶᠢᠨ᠎ᠠ᠃         ᠣᠯᠠᠩᠬᠢ ᠬᠦᠮᠦᠨ ᠬᠠᠯᠳᠠᠪᠣᠷᠢᠳᠣ ᠬᠠᠨᠢᠶᠠᠳᠣ ᠨᠢ ᠡᠩ ᠤᠨ ᠬᠠᠨᠢᠶᠠᠳᠣ ᠲᠠᠢ ᠲᠠᠮᠡᠢ ᠢᠯᠭᠠᠭ᠎ᠠ ᠦᠬᠡᠢ ᠬᠡᠵᠦ ᠦᠵᠡᠳᠡᠭ᠃ ᠦᠨᠡᠨᠳᠡᠭᠡᠨ ᠬᠠᠯᠳᠠᠪᠣᠷᠢᠳᠣ ᠬᠠᠨᠢᠶᠠᠳᠣ ᠶᠢᠨ ᠠᠶᠣᠯ ᠨᠢ ᠪᠢᠳᠠᠨ ᠤ ᠪᠣᠳᠣᠭᠰᠠᠨ ᠠᠴᠠ ᠨᠡᠩ ᠢᠯᠡᠬᠦᠦ ᠬᠦᠨᠳᠣ ᠨᠣᠴᠢᠳᠠᠢ ᠪᠠᠶᠢᠳᠠᠭ᠂ ᠬᠡᠷᠪᠡ ᠴᠠᠭ ᠲᠣᠬᠠᠢ ᠳᠤᠨᠢ ᠡᠮᠴᠢᠯᠡᠬᠦᠯᠬᠦ ᠦᠬᠡᠢ ᠪᠣᠯ ᠬᠠᠮ ᠡᠪᠡᠳᠴᠢᠨ ᠡᠬᠦᠰᠳᠡᠭ ᠶᠣᠮ᠃         ᠬᠠᠯᠳᠠᠪᠣᠷᠢᠳᠣ ᠬᠠᠨᠢᠶᠠᠳᠣ ᠶᠠᠮᠠᠷ ᠠᠶᠣᠯ ᠲᠠᠢ ᠪᠣᠢ︖         ᠬᠠᠯᠳᠠᠪᠣᠷᠢᠳᠣ ᠬᠠᠨᠢᠶᠠᠳᠣ ᠪᠣᠯ ᠬᠠᠯᠳᠠᠪᠣᠷᠢᠳᠣ ᠬᠠᠨᠢᠶᠠᠳᠣ ᠶᠢᠨ ᠪᠠᠺᠲ᠋ᠧᠷᠢ ᠠᠴᠠ ᠡᠬᠦᠰᠳᠡᠭ ᠲᠦᠷᠬᠡᠨ ᠴᠢᠨᠠᠷᠳᠠᠢ ᠠᠮᠢᠰᠬᠤᠯ ᠤᠨ ᠵᠠᠮ ᠤᠨ ᠬᠠᠯᠳᠠᠪᠣᠷᠢᠳᠣ ᠡᠪᠡᠳᠴᠢᠨ ᠪᠣᠯᠣᠨ᠎ᠠ᠃         ᠬᠠᠯᠳᠠᠪᠣᠷᠢᠳᠣ ᠬᠠᠨᠢᠶᠠᠳᠣ ᠣᠯᠪᠠᠯ᠂ ᠬᠡᠨᠡᠳᠳᠡ ᠢᠶᠠᠷ ᠬᠠᠯᠠᠭᠤᠷᠠᠬᠤ᠂ ᠪᠦᠬᠦ ᠪᠡᠶ᠎ᠡ ᠬᠠᠯᠠᠭᠤᠷᠠᠬᠤ᠂ ᠲᠣᠯᠣᠭᠠᠢ ᠡᠪᠡᠳᠬᠦ᠂ ᠲᠣᠯᠣᠭᠠᠢ ᠡᠷᠬᠢᠬᠦ᠂ ᠪᠦᠬᠦ ᠪᠡᠶ᠎ᠡ ᠲᠠᠮᠢᠷ ᠠᠯᠳᠠᠬᠤ ᠪᠣᠶᠣ ᠱᠠᠷᠬᠢᠷᠠᠵᠦ ᠡᠪᠡᠳᠬᠦ ᠵᠡᠷᠬᠡ ᠢᠯᠡᠷᠡᠯ ᠭᠠᠷᠳᠠᠭ᠃         ᠬᠠᠯᠳᠠᠪᠣᠷᠢᠳᠣ ᠬᠠᠨᠢᠶᠠᠳᠣ ᠪᠠᠰᠨ ᠠᠮᠢᠰᠬᠤᠯ ᠤᠨ ᠵᠠᠮ ᠢ ᠡᠪᠳᠡᠵᠦ᠂ ᠬᠤᠭᠤᠯᠠᠢ ᠡᠪᠡᠳᠬᠦ᠂ ᠨᠢᠯᠪᠣᠰᠣ ᠤᠷᠤᠰᠬᠠᠬᠤ᠂ ᠨᠢᠰᠣ ᠭᠤᠭᠤᠵᠢᠬᠤ ᠪᠠ ᠬᠠᠨᠢᠶᠠᠯᠭᠠᠬᠤ ᠵᠡᠷᠬᠡ ᠢᠯᠡᠷᠡᠯ ᠭᠠᠷᠳᠠᠭ᠃         ᠪᠠᠰᠠ ᠴᠦᠬᠡᠨ ᠬᠦᠮᠦᠰ ᠤᠨ ᠰᠢᠩᠬᠡᠬᠡᠯᠳᠡ ᠶᠢᠨ ᠰᠢᠰᠲ᠋ᠧᠮ ᠳᠤ ᠠᠰᠠᠭᠤᠳᠠᠯ ᠭᠠᠷᠴᠦ᠂ ᠬᠤᠭᠤᠯᠠᠨ ᠤ ᠲᠣᠷᠠᠰᠢᠯ ᠮᠠᠭᠤᠳᠠᠬᠤ ᠪᠣᠶᠣ ᠬᠡᠳᠡᠰᠦ ᠡᠪᠡᠳᠬᠦ᠂ ᠬᠡᠳᠡᠰᠦ  ᠲᠦᠬᠦᠷᠡᠬᠦ᠂ ᠴᠢᠨᠠᠭᠰᠢᠯᠠᠭᠠᠳ ᠪᠦᠬᠡᠯᠵᠢᠬᠦ᠂ ᠲᠣᠭᠤᠯᠭᠠᠬᠤ ᠵᠡᠷᠬᠡ ᠢᠯᠡᠷᠡᠯ ᠭᠠᠷᠳᠠᠭ᠃         ᠪᠢᠳᠠᠨ ᠳᠤ ᠲᠠᠩᠳᠠ ᠲᠣᠬᠢᠶᠠᠯᠳᠤᠳᠠᠭ ᠬᠠᠯᠳᠠᠪᠣᠷᠢᠳᠣ ᠬᠠᠨᠢᠶᠠᠳᠣ ᠨᠢ A ᠬᠡᠯᠪᠡᠷᠢ ᠪᠠ B ᠬᠡᠯᠪᠡᠷᠢ ᠬᠤᠶᠠᠷ ᠲᠥᠷᠥᠯ ᠤᠨ ᠪᠠᠶᠢᠳᠠᠭ᠂ ᠳᠡᠭᠡᠷ᠎ᠡ ᠲᠣᠷᠠᠳᠣᠭᠰᠠᠨ ᠢᠯᠡᠷᠡᠯ ᠨᠦᠭᠦᠳ ᠡᠨᠡ ᠬᠤᠶᠠᠷ ᠲᠦᠷᠦᠯ ᠤᠨ ᠬᠠᠯᠳᠠᠪᠣᠷᠢᠳᠣ ᠬᠠᠨᠢᠶᠠᠳᠣ ᠳᠤ ᠪᠦᠷ ᠢᠯᠡᠷᠡᠳᠡᠭ᠃                         B ᠬᠡᠯᠪᠡᠷᠢ ᠶᠢᠨ ᠬᠠᠯᠳᠠᠪᠣᠷᠢᠳᠣ ᠬᠠᠨᠢᠶᠠᠳᠣ ᠨᠢ ᠠᠮᠠᠷᠬᠠᠨ ᠪᠣᠯᠴᠢᠩ ᠮᠢᠬᠠᠨ ᠤ ᠦᠷᠪᠢᠰᠦᠯ ᠡᠬᠦᠰᠬᠡᠳᠡᠭ᠃ ᠡᠨᠡ ᠬᠦ ᠬᠡᠯᠪᠡᠷᠢ ᠨᠢ ᠵᠢᠭᠠᠯ ᠬᠡᠣᠬᠡᠳ ᠲᠤ ᠠᠮᠠᠷᠬᠠᠨ ᠲᠣᠰᠴᠦ᠂ ᠬᠦᠯ ᠡᠪᠡᠳᠬᠦ ᠪᠣᠶᠣ ᠬᠡᠳᠡᠰᠦ ᠡᠪᠡᠳᠬᠦ ᠢᠯᠡᠷᠡᠯ  ᠲᠠᠢ ᠪᠠᠶᠢᠳᠠᠭ᠃         ᠵᠠᠷᠢᠮ ᠨᠢᠯᠬ᠎ᠠ ᠬᠡᠣᠬᠡᠳ ᠬᠠᠯᠳᠠᠪᠣᠷᠢᠳᠣ ᠬᠠᠨᠢᠶᠠᠳᠣ ᠳᠤ ᠨᠡᠷᠪᠡᠭᠳᠡᠪᠡᠯ ᠰᠠᠯᠪᠣᠷᠢ ᠮᠦᠬᠡᠷᠰᠦᠨ ᠬᠤᠭᠤᠯᠠᠢ ᠶᠢᠨ ᠦᠷᠪᠢᠰᠦᠯ ᠵᠡᠷᠬᠡ ᠢᠯᠡᠷᠡᠯ ᠲᠠᠢ ᠪᠠᠶᠢᠳᠠᠭ᠃ ᠡᠶᠢᠮᠦ ᠠᠴᠠ ᠬᠡᠣᠬᠡᠳ ᠲᠠᠢ ᠠᠶᠢᠯ ᠣᠨᠴᠠᠭᠠᠶᠢᠯᠠᠨ ᠠᠩᠬᠠᠷᠬᠤ ᠬᠡᠷᠡᠭᠳᠠᠢ᠃         ᠬᠠᠯᠳᠠᠪᠣᠷᠢᠳᠣ ᠬᠠᠨᠢᠶᠠᠳᠣ ᠪᠣᠯᠣᠨ ᠡᠩ ᠤᠨ ᠬᠠᠨᠢᠶᠠᠳᠣ ᠶᠢ ᠬᠡᠷᠬᠢᠨ ᠢᠯᠭᠠᠬᠤ ᠪᠣᠢ︖         ᠣᠷᠢᠳᠠᠪᠠᠷ ᠲᠣᠳᠣᠷᠬᠠᠶᠢᠯᠠᠬᠤ ᠨᠢᠬᠡ ᠣᠴᠢᠷ ᠬᠡᠪᠡᠯ᠂ ᠬᠠᠯᠳᠠᠪᠣᠷᠢᠳᠣ ᠬᠠᠨᠢᠶᠠᠳᠣ ᠪᠣᠯᠣᠨ ᠡᠩ ᠤᠨ ᠬᠠᠨᠢᠶᠠᠳᠣ ᠶᠢ ᠲᠣᠳᠣᠯᠠᠨ ᠢᠯᠭᠠᠬᠤ ᠳᠤ ᠡᠮᠴᠢ ᠪᠠᠰᠠ  ᠪᠠᠶᠢᠴᠠᠭᠠᠯᠳᠠ ᠶᠢ ᠲᠠᠮᠵᠢᠮᠠᠨᠵᠢᠨ ᠰᠠᠶ᠋ᠢ ᠣᠨᠣᠰᠢᠯᠠᠳᠠᠭ᠃ ᠠᠳᠡ ᠪᠢᠳᠠ ᠡᠪᠡᠳᠴᠢᠳᠡᠳ ᠤᠨ ᠢᠯᠡᠷᠡᠯ ᠪᠠᠶᠢᠳᠠᠯ ᠢ ᠦᠨᠳᠦᠰᠦᠯᠡᠨ᠂ ᠬᠠᠯᠳᠠᠪᠣᠷᠢᠳᠣ ᠬᠠᠨᠢᠶᠠᠳᠣ ᠪᠣᠯᠣᠨ ᠡᠩ ᠤᠨ ᠬᠠᠨᠢᠶᠠᠳᠣ ᠶᠢ ᠬᠠᠷᠢᠴᠠᠭᠤᠯᠵᠦ ᠪᠠᠶᠢᠨ᠎ᠠ᠃         ᠬᠠᠯᠳᠠᠪᠣᠷᠢᠳᠣ ᠬᠠᠨᠢᠶᠠᠳᠣ ᠶᠢᠨ ᠢᠯᠡᠷᠡᠯ         39℃ ᠠᠴᠠ ᠲᠡᠭᠡᠭᠰᠢ ᠬᠠᠯᠠᠭᠤᠷᠠᠬᠤ᠂ ᠬᠠᠯᠠᠭᠤᠷᠠᠬᠤ ᠨᠢ ᠲᠦᠷᠬᠡᠨ᠂ ᠪᠠᠭᠤᠷᠠᠬᠤ ᠨᠢ ᠣᠳᠠᠭᠠᠨ᠂ ᠬᠤᠭᠤᠯᠠᠢ ᠡᠪᠡᠳᠬᠦ᠂ ᠬᠠᠨᠢᠶᠠᠯᠭᠠᠬᠤ᠂ ᠨᠢᠰᠣ ᠭᠤᠭᠤᠵᠢᠬᠤ᠂  ᠪᠦᠬᠦ ᠪᠡᠶ᠎ᠡ ᠱᠠᠷᠬᠢᠷᠠᠵᠦ ᠡᠪᠡᠳᠬᠦ᠂ ᠲᠠᠮᠢᠷ ᠠᠯᠳᠠᠬᠤ ᠲᠣᠭᠤᠯᠭᠠᠬᠤ᠂ ᠪᠦᠬᠡᠯᠵᠢᠬᠦ︔                                 ᠡᠩ ᠤᠨ ᠬᠠᠨᠢᠶᠠᠳᠣ ᠶᠢᠨ ᠢᠯᠡᠷᠡᠯ         39℃ ᠠᠴᠠ ᠲᠣᠷᠣᠭᠰᠢ ᠬᠠᠯᠠᠭᠤᠷᠠᠬᠤ᠂ ᠬᠤᠭᠤᠯᠠᠢ ᠡᠪᠡᠳᠬᠦ᠂ ᠬᠠᠨᠢᠶᠠᠯᠭᠠᠬᠤ᠂ ᠨᠢᠰᠣ ᠭᠤᠭᠤᠵᠢᠬᠤ᠂ ᠲᠠᠮᠢᠷ ᠲᠡᠩᠬᠡᠬᠡ ᠰᠠᠶᠢᠨ᠃         ᠬᠠᠯᠳᠠᠪᠣᠷᠢᠳᠣ ᠬᠠᠨᠢᠶᠠᠳᠣ ᠶᠢᠨ ᠡᠪᠡᠳᠴᠢᠨ ᠤ ᠦᠩᠬᠡᠷᠡᠯᠳᠡ         ᠡᠪᠡᠳᠴᠢᠨ ᠨᠢ ᠨᠢᠬᠡ ᠭᠠᠷᠠᠭ ᠠᠴᠠ ᠲᠡᠭᠡᠭᠰᠢ ᠦᠷᠬᠦᠯᠵᠢᠯᠡᠬᠦ᠂ 3~5 ᠬᠤᠨᠤᠭ ᠦᠷᠬᠦᠯᠵᠢᠯᠡᠨ ᠬᠠᠯᠠᠭᠤᠷᠠᠬᠤ᠃         ᠡᠩ ᠤᠨ ᠬᠠᠨᠢᠶᠠᠳᠣ ᠶᠢᠨ ᠡᠪᠡᠳᠴᠢᠨ ᠤ ᠦᠩᠬᠡᠷᠡᠯᠳᠡ         5~ 7 ᠬᠤᠨᠤᠭ ᠲᠤ ᠡᠳᠡᠭᠡᠷᠡᠨ᠎ᠡ᠂ 1~2 ᠬᠤᠨᠤᠭ ᠬᠠᠯᠠᠭᠤᠷᠠᠨ᠎ᠠ᠃         ᠬᠠᠯᠳᠠᠪᠣᠷᠢᠳᠣ ᠬᠠᠨᠢᠶᠠᠳᠣ ᠶᠢᠨ ᠬᠠᠮ ᠡᠪᠡᠳᠴᠢᠨ                                         ᠴᠢᠬᠢᠨ ᠤ ᠲᠣᠳᠣᠭᠠᠳᠣ ᠬᠦᠨᠳᠠᠢ ᠶᠢᠨ ᠦᠷᠪᠢᠰᠦᠯ᠂ ᠠᠭᠤᠰᠬᠢᠨ ᠦᠷᠪᠢᠰᠦᠯ᠂ ᠵᠢᠷᠦᠬᠡᠨ ᠤ ᠪᠣᠯᠴᠢᠩ ᠤᠨ ᠦᠷᠪᠢᠰᠦᠯ ᠵᠡᠷᠬᠡ︔         ᠡᠩ ᠤᠨ ᠬᠠᠨᠢᠶᠠᠳᠣ ᠶᠢᠨ ᠬᠠᠮ ᠡᠪᠡᠳᠴᠢᠨ         ᠲᠡᠮᠡᠢ ᠬᠠᠷᠠᠭᠳᠠᠬᠤ ᠦᠬᠡᠢ᠃         ᠶᠠᠮᠠᠷ ᠪᠠᠶᠢᠳᠠᠯ ᠢᠯᠡᠷᠡᠪᠡᠯ ᠲᠦᠷᠬᠡᠨ ᠡᠮᠴᠢᠯᠡᠬᠦᠯᠬᠦ ᠴᠢᠬᠤᠯᠠᠳᠠᠢ ᠪᠣᠢ︖         ᠡᠪᠡᠳᠴᠢᠨ ᠤ ᠪᠠᠶᠢᠳᠠᠯ ᠬᠦᠨᠳᠣᠷᠡᠵᠦ᠂ ᠬᠠᠯᠳᠠᠪᠣᠷᠢᠳᠣ ᠬᠠᠨᠢᠶᠠᠳᠣ ᠶᠢᠨ ᠪᠠᠶᠢᠳᠠᠯ ᠢᠯᠡᠷᠡᠪᠡᠯ ᠲᠦᠷᠬᠡᠨ ᠡᠮᠨᠡᠯᠬᠡ ᠳᠤ ᠣᠴᠢᠬᠤ ᠬᠡᠷᠡᠭᠳᠠᠢ᠃ ᠵᠢᠱᠢᠶᠡᠯᠡᠪᠡᠯ᠂ ᠪᠦᠬᠦ  ᠪᠡᠶ᠎ᠡ ᠬᠤᠶᠠᠷ ᠪᠤᠶᠤ ᠬᠤᠶᠠᠷ ᠬᠤᠨᠤᠭ ᠠᠴᠠ ᠲᠡᠭᠡᠭᠰᠢ ᠦᠷᠬᠦᠯᠵᠢᠯᠡᠨ ᠬᠠᠯᠠᠭᠤᠷᠠᠭᠰᠠᠨ ᠪᠣᠯ ᠵᠠᠪᠠᠯ ᠡᠮᠨᠡᠯᠬᠡ ᠳᠤ ᠣᠴᠢᠭᠠᠷᠠᠢ᠃         ᠮᠦᠨ ᠴᠣ᠋ 39℃ ᠠᠴᠠ ᠲᠡᠭᠡᠭᠰᠢ ᠬᠠᠯᠠᠭᠤᠷᠠᠵᠦ᠂ ᠬᠠᠯᠠᠭᠤᠷᠠᠭᠠᠳ ᠪᠠᠭᠤᠷᠠᠬᠤ ᠦᠬᠡᠢ᠂ ᠪᠦᠬᠦ ᠪᠡᠶ᠎ᠡ ᠱᠠᠷᠬᠢᠷᠠᠨ ᠡᠪᠡᠳᠴᠦ᠂ ᠲᠠᠮᠢᠷ ᠠᠯᠳᠠᠨ᠂ ᠣᠶᠣᠨ ᠮᠡᠳᠡᠷᠡᠯ ᠮᠠᠭᠤᠳᠠᠵᠤ᠂ ᠪᠦᠬᠡᠯᠵᠢᠵᠦ᠂ ᠰᠠᠭᠤᠯᠭᠠᠬᠤ ᠵᠡᠷᠬᠡ ᠢᠯᠡᠷᠡᠯ  ᠲᠠᠢ ᠪᠣᠯ ᠡᠮᠨᠡᠯᠬᠡ ᠳᠤ ᠣᠴᠢᠬᠤ ᠬᠡᠷᠡᠭᠳᠠᠢ ᠶᠣᠮ᠃ ᠣᠨᠴᠠᠭᠠᠶᠢᠯᠠᠨ ᠠᠩᠬᠠᠷᠬᠤ ᠨᠢ᠂ ᠡᠩ ᠤᠨ ᠬᠠᠨᠢᠶᠠᠳᠣ ᠴᠣ᠋ ᠬᠡᠰᠡᠨ  ᠤᠷᠲᠤ ᠬᠤᠭᠤᠴᠠᠭ᠎ᠠ ᠦᠷᠭᠦᠯᠵᠢᠯᠡᠭᠡᠳ ᠡᠳᠡᠭᠡᠷᠡᠬᠦ ᠦᠬᠡᠢ ᠪᠣᠯ ᠵᠠᠪᠠᠯ ᠡᠮᠨᠡᠯᠬᠡ ᠳᠤ ᠣᠴᠢᠵᠦ ᠣᠨᠣᠰᠢᠯᠠᠭᠤᠯᠬᠤ ᠬᠡᠷᠡᠭᠳᠠᠢ᠃          ᠶᠠᠮᠠᠷ ᠬᠦᠮᠦᠰ ᠬᠠᠯᠳᠠᠪᠣᠷᠢᠳᠣ ᠬᠠᠨᠢᠶᠠᠳᠣ ᠳᠤ ᠠᠮᠠᠷᠬᠠᠨ ᠨᠡᠷᠪᠡᠭᠳᠡᠳᠡᠭ ᠪᠣᠢ︖          ᠦᠨᠡᠨᠳᠡᠬᠡᠨ ᠶᠠᠮᠠᠷᠪᠠ ᠬᠦᠮᠦᠨ ᠳᠤ ᠴᠣ᠋ ᠠᠮᠠᠷᠬᠠᠨ ᠬᠠᠯᠳᠠᠪᠣᠷᠢᠯᠠᠨ᠎ᠠ᠃ ᠭᠡᠪᠡᠴᠦ ᠡᠪᠡᠳᠴᠢᠨ ᠡᠰᠡᠷᠬᠦᠴᠡᠬᠦ ᠴᠢᠳᠠᠪᠣᠷᠢ ᠠᠨᠠᠢ᠂ ᠪᠡᠶ᠎ᠡ ᠰᠣᠯᠨ ᠲᠣᠷᠣᠢ ᠬᠦᠮᠦᠰ ᠬᠠᠯᠳᠠᠪᠣᠷᠢᠯᠠᠭᠳᠠᠭᠰᠠᠨ ᠤ ᠲᠠᠷᠠᠭ᠎ᠠ ᠨᠡᠯᠢᠶᠡᠳ ᠬᠦᠨᠳᠣ ᠪᠠᠶᠢᠳᠠᠯ  ᠳᠤ ᠣᠷᠣᠳᠠᠭ᠃          ᠨᠠᠰᠣᠳᠠᠶᠢᠴᠣᠳ᠂ ᠨᠢᠯᠬ᠎ᠠ ᠬᠡᠣᠬᠡᠳ᠂ ᠵᠢᠷᠮᠣᠰᠣᠨ ᠪᠦᠰᠡᠬᠦᠢ ᠪᠣᠶᠣ ᠣᠳᠠᠭᠠᠨ ᠴᠢᠨᠠᠷᠳᠠᠢ ᠡᠪᠡᠳᠴᠢᠨ ᠳᠤ ᠪᠠᠷᠢᠭᠳᠠᠭᠰᠠᠳ ᠠᠮᠠᠷᠬᠠᠨ ᠬᠠᠯᠳᠠᠪᠣᠷᠢᠯᠠᠭᠳᠠᠵᠦ᠂ ᠬᠠᠯᠳᠠᠪᠣᠷᠢᠯᠠᠭᠳᠠᠭᠰᠠᠨ ᠤ ᠲᠠᠷᠠᠭ᠎ᠠ ᠵᠠᠷᠢᠮ ᠬᠠᠮ ᠡᠪᠡᠳᠴᠢᠨ ᠢ ᠠᠮᠠᠷᠬᠠᠨ ᠡᠬᠦᠰᠬᠡᠳᠡᠭ᠃          ᠬᠠᠯᠳᠠᠪᠣᠷᠢᠳᠣ ᠬᠠᠨᠢᠶᠠᠳᠣ ᠶᠢ ᠬᠡᠷᠬᠢᠨ ᠰᠡᠷᠬᠡᠶᠢᠯᠡᠬᠦ ᠪᠣᠢ︖          ᠵᠢᠯ ᠪᠣᠯᠭᠠᠨ ᠤ ᠬᠠᠯᠳᠠᠪᠣᠷᠢᠳᠣ ᠬᠠᠨᠢᠶᠠᠳᠣ ᠠᠷᠪᠢᠨ ᠡᠬᠦᠰᠬᠦ ᠣᠯᠠᠷᠢᠯ ᠠᠴᠠ ᠡᠮᠦᠨ᠎ᠡ ᠬᠠᠯᠳᠠᠪᠣᠷᠢᠳᠣ ᠬᠠᠨᠢᠶᠠᠳᠣ ᠶᠢ ᠰᠡᠷᠬᠡᠶᠢᠯᠡᠬᠦ ᠲᠠᠷᠢᠯᠭ᠎ᠠ ᠬᠢᠬᠦ︔          ᠡᠷᠡᠬᠦᠯ ᠬᠠᠮᠠᠭᠠᠯᠠᠯ ᠢ ᠴᠢᠬᠤᠯᠠᠴᠢᠯᠠᠵᠦ᠂ ᠭᠠᠷ ᠢᠶᠠᠨ ᠰᠠᠶᠢᠨ ᠣᠬᠢᠶᠠᠨ᠂ ᠲᠣᠬᠢᠷᠠᠮᠵᠢᠳᠠᠢ ᠬᠦᠳᠡᠯᠬᠡᠬᠡᠨ ᠬᠢᠬᠦ ᠢᠳᠡᠵᠦ ᠣᠣᠭᠤᠬᠤ᠂ ᠣᠨᠳᠠᠵᠦ ᠠᠮᠠᠷᠠᠬᠤ ᠪᠠᠨ ᠲᠣᠬᠢᠷᠠᠭᠤᠯᠬᠤ ᠬᠡᠷᠡᠭᠳᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号