ᠰᠢᠭᠤᠶᠢᠳᠤ ᠠᠯᠪᠠᠨ ᠳᠠᠷᠬᠠᠭᠠᠭᠰᠠᠨ ﹇2019﹈ 14 ᠳ᠋ᠤᠭᠡᠷ ᠳᠤᠭᠠᠳᠤ | 2019 ᠤᠨ ᠪᠤᠯ ᠰᠢᠨ᠎ᠡ ᠳᠤᠮᠳᠠᠳᠤ ᠤᠯᠤᠰ ᠠᠴᠠ ᠮᠤᠳᠤ ᠳᠠᠷᠢᠬᠤ ᠪᠠᠶᠠᠷ ᠢ ᠪᠠᠶᠢᠭᠤᠯᠤᠭᠰᠠᠨ 40 | ᠵᠢᠯ ᠤᠨ ᠤᠢ ᠪᠤᠯᠤᠨ᠎ᠠ᠃ ᠮᠦᠨᠴᠦ ︽ᠪᠤᠭᠤᠳᠤ ᠬᠤᠳᠠ ᠶᠢᠨ ᠠᠯᠪᠡᠨ ᠵᠢᠷᠦᠮ ᠤᠨ ᠮᠤᠳᠤ ᠳᠠᠷᠢᠬᠤ ᠳᠦᠷᠢᠮ︾ ᠢ | ᠨᠠᠶᠢᠳᠠᠯᠠᠵᠦ ᠬᠡᠷᠡᠭᠵᠢᠬᠦᠯᠦᠭᠰᠡᠨ 11 ᠳ᠋ᠤᠭᠡᠷ ᠵᠢᠯ ᠶᠤᠮ᠃ ᠶᠡᠷᠦᠩᠭᠡᠢ ᠱᠦᠵᠢ ᠰᠢ ᠶᠢᠨ ᠫᠢᠩ ᠤᠨ ᠳᠤᠷᠠᠳᠤᠭᠰᠠᠨ | ︽ᠳᠤᠮᠳᠠᠳᠤ ᠶᠢᠨ ᠦᠨᠳᠤᠰᠦᠳᠡᠨ ᠤ ᠮᠤᠳᠤ ᠳᠠᠷᠢᠬᠤ ᠰᠠᠶᠢᠨ ᠤᠯᠠᠮᠵᠢᠯᠠᠯ ᠢ ᠪᠠᠳᠠᠷᠠᠭᠤᠯᠵᠦ᠂ ᠤᠯᠤᠰ ᠠᠴᠠ ᠨᠤᠳᠤᠭ | ᠳᠡᠪᠢᠰᠭᠡᠷ ᠤᠨ ᠨᠤᠭᠤᠭᠠᠷᠠᠭᠤᠯᠤᠯᠳᠠ ᠳᠤ ᠳᠠᠰᠤᠷᠠᠯᠳᠠ ᠦᠭᠡᠢ ᠦᠨᠡᠨ ᠪᠤᠳᠠᠳᠠᠢ ᠦᠷ᠎ᠡ ᠪᠦᠳᠦᠮᠵᠢ ᠤᠯᠬᠤ ᠶᠢ | ᠠᠬᠢᠭᠤᠯᠬᠤ ᠬᠡᠷᠡᠭᠳᠡᠢ︾ ᠬᠡᠰᠡᠨ ᠱᠠᠭᠠᠷᠳᠠᠯᠭ᠎ᠠ ᠶᠢ ᠨᠠᠷᠢᠨ ᠬᠢᠨᠠᠮᠠᠭᠠᠢ ᠳᠤᠭᠤᠰᠢᠯᠠᠭᠤᠯᠤᠨ ᠪᠦᠬᠦ ᠤᠷᠤᠨ ᠤ ᠠᠷᠠᠳ | ᠳᠦᠮᠡᠨ ᠤ ᠤᠢ ᠰᠢᠭᠤᠢ ᠶᠢᠨ ᠠᠮᠢ ᠠᠬᠤᠢ ᠶᠢᠨ ᠪᠦᠳᠦᠭᠡᠨ ᠪᠠᠶᠢᠭᠤᠯᠤᠯᠳᠠ ᠳᠤ ᠤᠷᠤᠯᠴᠠᠬᠤ᠂ ᠦᠵᠡᠰᠬᠦᠯᠡᠩᠳᠤ | ᠰᠠᠶᠢᠬᠠᠨ ᠭᠡᠷ ᠤᠷᠤᠨ ᠢ ᠬᠠᠮᠳᠤ ᠪᠠᠷ ᠪᠦᠳᠦᠭᠡᠨ ᠪᠠᠶᠢᠭᠤᠯᠬᠤ ᠢᠳᠡᠪᠬᠢᠵᠢᠯ ᠢ ᠬᠦᠢᠴᠡᠳ ᠳᠠᠶᠢᠴᠢᠯᠠᠵᠦ᠂ 2019 | ᠤᠨ ᠤ ᠳᠤᠭᠤᠷᠢᠭ ᠤᠨ ᠠᠯᠪᠡᠨ ᠵᠢᠷᠦᠮ ᠤᠨ ᠮᠤᠳᠤ ᠳᠠᠷᠢᠬᠤ ᠡᠳᠤᠷ ᠤᠨ ᠠᠵᠢᠯᠯᠠᠭ᠎ᠠ ᠶᠢ ᠪᠦᠬᠦ ᠬᠦᠴᠦᠨ ᠢᠶᠠᠷ | ᠰᠠᠶᠢᠳᠤᠷ ᠵᠤᠬᠢᠶᠠᠨ ᠪᠠᠶᠢᠭᠤᠯᠬᠤ ᠶᠢᠨ ᠳᠦᠯᠦᠭᠡ ᠳᠤᠰ ᠳᠦᠰᠦᠯ ᠢ ᠳᠤᠭᠳᠠᠭᠠᠪᠠ᠃ | ᠨᠢᠭᠡ᠂ ᠠᠵᠢᠯᠯᠠᠭ᠎ᠠ ᠶᠢᠨ ᠭᠤᠤᠯ ᠰᠡᠳᠤᠪ | ᠪᠦᠬᠦ ᠠᠷᠠᠳ ᠢᠶᠠᠷ ᠢᠶᠠᠨ ᠠᠯᠪᠡᠨ ᠵᠢᠷᠦᠮ ᠤᠨ ᠮᠤᠳᠤ ᠳᠠᠷᠢᠬᠤ ᠳᠤ ᠤᠷᠤᠯᠴᠠᠵᠦ᠂ ᠭᠠᠷ ᠬᠤᠯᠪᠤᠨ ᠰᠠᠶᠢᠨ | ᠰᠠᠶᠢᠬᠠᠨ ᠬᠡᠷ ᠤᠷᠤᠨ ᠢᠶᠠᠨ ᠬᠠᠮᠳᠤ ᠪᠠᠷ ᠪᠦᠳᠦᠭᠡᠨ ᠪᠠᠶᠢᠭᠤᠯᠤᠨ᠎ᠠ᠃ | ᠬᠤᠶᠠᠷ᠂ ᠴᠠᠭ ᠬᠤᠭᠤᠴᠠᠭ᠎ᠠ | 2019 ᠤᠨ ᠤ 4 ᠰᠠᠷ᠎ᠠ ᠶᠢᠨ 3 ᠤ ᠡᠳᠤᠷ ︵ᠭᠠᠷᠠᠭ ᠤᠨ ᠵᠢᠷᠭᠤᠭᠠᠨ︶ ᠤᠨ ᠦᠳᠡ ᠶᠢᠨ ᠡᠮᠤᠨᠡᠬᠢ 9: | 00 -11:30᠃ | ᠭᠤᠷᠪᠠ᠂ ᠭᠠᠵᠠᠷ | ᠰᠢᠭᠤᠶᠢᠳᠤ ᠳᠤᠭᠤᠷᠢᠭ ᠤᠨ ᠨᠠᠶᠢᠳᠠ ᠶᠢᠨ ᠠᠰᠠᠷᠠᠮᠵᠢ ᠶᠢᠨ ᠵᠠᠷᠭᠤ ᠶᠢᠨ ᠨᠦᠬᠦᠨ ᠳᠠᠷᠢᠵᠦ | ᠨᠤᠭᠤᠭᠠᠷᠠᠠᠭᠤᠯᠬᠤ ᠰᠠᠭᠤᠷᠢᠨ ᠭᠠᠵᠠᠷ᠃ | ᠳᠦᠷᠪᠡ᠂ ᠤᠷᠤᠯᠴᠠᠭᠴᠢ | ︵ᠨᠢᠭᠡ︶᠂ ᠳᠤᠭᠤᠷᠢᠭ ᠤᠨ ᠨᠠᠮ ᠤᠨ ᠬᠤᠷᠢᠶ᠎ᠠ᠂ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ᠂ | ᠤᠯᠤᠰ ᠳᠦᠷᠦ ᠶᠢᠨ ᠵᠦᠪᠯᠡᠯᠭᠡᠨ ᠤ ᠤᠳᠤᠷᠢᠳᠬᠤ ᠪᠠᠭ ᠤᠨ ᠪᠦᠷᠢᠯᠳᠦᠬᠦᠨ ᠵᠢᠴᠢ ᠺᠠᠳᠡᠷ ᠠᠵᠢᠯᠳᠡᠨ ᠠᠵᠢᠯᠴᠢᠨ᠃ | ︵ᠬᠤᠶᠠᠷ︶᠂ ᠳᠤᠭᠤᠷᠢᠭ ᠤᠨ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠤᠨ | ᠤᠳᠤᠷᠢᠳᠬᠤ ᠪᠠᠭ ᠤᠨ ᠪᠦᠷᠢᠯᠳᠦᠬᠦᠨ ᠵᠢᠴᠢ ᠺᠠᠳᠡᠷ ᠠᠵᠢᠯᠳᠡᠨ ᠠᠵᠢᠯᠴᠢᠨ᠃ | ︵ᠭᠤᠷᠪᠠ︶᠂ ᠨᠠᠮ ᠤᠨ ᠬᠤᠷᠢᠶ᠎ᠠ ᠶᠢᠨ ᠡᠯ᠎ᠡ ᠰᠠᠯᠠᠭ᠎ᠠ ᠮᠦᠴᠢᠷ᠂ ᠰᠤᠮᠤ ᠪᠠᠯᠭᠠᠰᠦ᠂ ᠵᠡᠭᠡᠯᠢ ᠭᠤᠳᠤᠮᠵᠢ᠂ | ᠬᠠᠮᠢᠶ᠎ᠡ ᠪᠦᠬᠦᠢ ᠠᠵᠦ ᠠᠬᠤᠶᠢᠯᠠᠯ ᠠᠵᠢᠯ ᠤᠶᠢᠯᠡᠰ ᠤᠨ ᠨᠢᠭᠡᠴᠡ ᠶᠢᠨ ᠺᠠᠳᠡᠷ ᠠᠵᠢᠯᠳᠠᠡ᠃ | ︵ᠳᠦᠷᠪᠡ︶᠂ ᠰᠢᠭᠤᠶᠢᠳᠤ ᠳᠤᠭᠤᠷᠢᠭ ᠤᠨ ᠪᠤᠰᠤᠳ ᠺᠠᠳᠡᠷ ᠠᠵᠢᠯᠳᠡᠨ ᠠᠵᠢᠯᠴᠢᠨ᠃ | ᠳᠠᠪᠤ᠂ ᠠᠵᠢᠯᠯᠠᠭ᠎ᠠ ᠶᠢᠨ ᠳᠤᠬᠢᠷᠠᠭᠤᠯᠤᠯᠳᠠ | ︵ᠨᠢᠭᠡ︶᠂ 1 ᠳ᠋ᠤᠭᠡᠷ ᠠᠯᠪᠡᠨ ᠵᠢᠷᠦᠮ ᠤᠨ ᠮᠤᠳᠤ ᠳᠠᠷᠢᠬᠤ ᠰᠠᠭᠤᠷᠢᠨ ᠭᠠᠵᠠᠷ ︵50 ᠬᠦᠮᠦᠨ︶ | ᠰᠢᠶᠠᠨ ᠤ ᠱᠠᠳᠤᠨ ᠤ ᠤᠳᠤᠷᠢᠳᠤᠯᠭ᠎ᠠ ᠵᠢᠴᠢ ᠳᠤᠭᠤᠷᠢᠭ ᠤᠨ ᠳᠦᠷᠪᠡᠨ ᠶᠡᠭᠡ ᠤᠳᠤᠷᠢᠳᠬᠤ ᠪᠠᠭ ᠤᠨ | ᠨᠢᠭᠡᠴᠡ ᠪᠠᠷ ᠪᠦᠷᠢᠯᠳᠤᠵᠦ᠂ ᠬᠦᠮᠦᠨ ᠪᠦᠷᠢ ᠳᠤᠮᠳᠠᠴᠢ ᠪᠠᠷ 5 ᠰᠠᠭᠤᠷᠢ ᠳᠠᠷᠢᠵᠦ᠂ 250 ᠰᠠᠭᠤᠷᠢ ᠳᠠᠷᠢᠪᠠ᠃ | ︵ᠬᠤᠶᠠᠷ︶᠂ 2 ᠳ᠋ᠤᠭᠠᠷ ᠠᠯᠪᠡᠨ ᠵᠢᠷᠦᠮ ᠤᠨ ᠮᠤᠳᠤ ᠳᠠᠷᠢᠬᠤ ᠰᠠᠭᠤᠷᠢᠨ ᠭᠠᠵᠠᠷ ︵477 ᠬᠦᠮᠦᠨ︶ | ᠳᠤᠭᠤᠷᠢᠭ ᠤᠨ ᠡᠯ᠎ᠡ ᠪᠠᠶᠢᠭᠤᠯᠤᠯᠭ᠎ᠠ ᠨᠢᠭᠡᠴᠡ ᠪᠠᠷ ᠪᠦᠷᠢᠯᠳᠤᠵᠦ᠂ ᠬᠦᠮᠦᠨ ᠪᠦᠷᠢ ᠳᠤᠮᠳᠠᠴᠢ ᠪᠠᠷ 5 | ᠰᠠᠭᠤᠷᠢ ᠳᠠᠷᠢᠵᠦ᠂ 2260 ᠰᠠᠭᠤᠷᠢ ᠳᠠᠷᠢᠪᠠ᠃ | ︵ ᠭᠤᠷᠪᠠ︶᠂ 3 ᠳ᠋ᠤᠭᠠᠷ ᠠᠯᠪᠡᠨ ᠵᠢᠷᠦᠮ ᠤᠨ ᠮᠤᠳᠤ ᠳᠠᠷᠢᠬᠤ ᠰᠠᠭᠤᠷᠢᠨ ᠭᠠᠵᠠᠷ ︵195 | ᠬᠦᠮᠦᠨ︶ | ᠳᠤᠭᠤᠷᠢᠭ ᠤᠨ ᠰᠤᠷᠭᠠᠨ ᠬᠦᠮᠦᠵᠢᠯ ᠤᠨ ᠳᠤᠪᠴᠢᠶ᠎ᠡ᠂ ᠡᠷᠡᠬᠦᠯ ᠬᠠᠮᠠᠭᠠᠯᠠᠯ ᠡᠷᠡᠬᠦᠯ ᠮᠡᠨᠳᠤ ᠶᠢᠨ | ᠵᠦᠪᠯᠡᠯ ᠢᠶᠠᠷ ᠪᠦᠷᠢᠯᠳᠤᠵᠦ᠂ ᠬᠦᠮᠦᠨ ᠪᠦᠷᠢ ᠳᠤᠮᠳᠠᠴᠢ ᠪᠠᠷ 5 ᠰᠠᠭᠤᠷᠢ ᠳᠠᠷᠢᠵᠦ᠂ 975 ᠰᠠᠭᠤᠷᠢ ᠳᠠᠷᠢᠪᠠ᠃ | ︵ᠳᠦᠷᠪᠡ︶᠂ 4 ᠳ᠋ᠤᠭᠡᠷ ᠠᠯᠪᠡᠨ ᠵᠢᠷᠦᠮ ᠤᠨ ᠮᠤᠳᠤ ᠳᠠᠷᠢᠬᠤ ᠰᠠᠭᠤᠷᠢᠨ ᠭᠠᠵᠠᠷ ︵189 ᠬᠦᠮᠦᠨ︶ | | ᠵᠢᠪᠬᠤᠯᠠᠩᠳᠤ ᠰᠤᠮᠤ᠂ ᠪᠠᠳᠺᠠᠷ ᠰᠦᠮ᠎ᠡ ᠪᠠᠯᠭᠠᠰᠦ᠂ ᠰᠢᠭᠤᠶᠢᠳᠤ ᠵᠡᠭᠡᠯᠢ ᠭᠤᠳᠤᠮᠵᠢ᠂ ᠳ᠋ᠠ ᠹᠠ ᠵᠡᠭᠡᠯᠢ | ᠭᠤᠳᠤᠮᠵᠢ᠂ ᠳ᠋ᠠ ᠳ᠋ᠧ ᠡᠾᠧᠩ ᠵᠡᠭᠡᠯᠢ ᠭᠤᠳᠤᠮᠵᠢ᠂ ᠪᠠᠢ ᠬᠤ᠋ ᠭᠸᠦ ᠵᠡᠭᠡᠯᠢ ᠭᠤᠳᠤᠮᠵᠢ᠂ ᠳ᠋ᠠ ᠼᠢ ᠵᠡᠭᠡᠯᠢ | ᠭᠤᠳᠤᠮᠵᠢ᠂ ᠳᠤᠭᠤᠷᠢᠭ ᠤᠨ ᠡᠳ᠋ ᠤᠨ ᠵᠠᠰᠠᠭ ᠤᠨ ᠳᠤᠪᠴᠢᠶ᠎ᠡ᠂ ᠤᠷᠤᠨ ᠰᠠᠭᠤᠴᠠ ᠪᠠ ᠬᠤᠳᠠ ᠬᠦᠳᠡᠭᠡ ᠶᠢᠨ | ᠪᠦᠳᠦᠬᠡᠨ ᠪᠠᠶᠢᠭᠤᠯᠤᠯᠳᠠ ᠶᠢᠨ ᠳᠤᠪᠴᠢᠶ᠎ᠡ ᠪᠠᠷ ᠪᠦᠷᠢᠯᠳᠦᠵᠦ᠂ ᠬᠦᠮᠦᠨ ᠪᠦᠷᠢ ᠳᠤᠮᠳᠠᠴᠢ ᠪᠠᠷ 5 ᠰᠠᠭᠤᠷᠢ | ᠳᠠᠷᠢᠵᠦ᠂ 945 ᠰᠠᠭᠤᠷᠢ ᠳᠠᠷᠢᠪᠠ᠃ | ︵ᠳᠠᠪᠤ︶᠂ 5 ᠳ᠋ᠤᠭᠠᠷ ᠠᠯᠪᠡᠨ ᠵᠢᠷᠦᠮ ᠤᠨ ᠮᠤᠳᠤ ᠳᠠᠷᠢᠬᠤ ᠰᠠᠭᠤᠷᠢᠨ ᠭᠠᠵᠠᠷ ︵144 ᠬᠦᠮᠦᠨ︶ | ᠳᠤᠭᠤᠷᠢᠭ ᠤᠨ ᠰᠢᠬᠦᠬᠦ ᠬᠤᠷᠢᠶ᠎ᠠ᠂ ᠪᠠᠶᠢᠴᠠᠭᠠᠬᠤ ᠬᠤᠷᠢᠶ᠎ᠠ᠂ ᠨᠠᠮ ᠤᠨ ᠬᠤᠷᠢᠶ᠎ᠠ᠂ ᠳᠤᠳᠤᠭᠠᠳᠤ ᠶᠢ | ᠬᠠᠮᠠᠭᠠᠯᠠᠬᠤ ᠬᠤᠪᠢᠶᠠᠷᠢ ᠳᠤᠪᠴᠢᠶ᠎ᠡ ᠪᠠᠷ ᠪᠦᠷᠢᠯᠳᠤᠵᠦ᠂ ᠬᠦᠮᠦᠨ ᠪᠦᠷᠢ ᠳᠤᠮᠳᠠᠴᠢ ᠪᠠᠷ 5 ᠰᠠᠭᠤᠷᠢ ᠳᠠᠷᠢᠵᠦ᠂ | 720 ᠰᠠᠭᠤᠷᠢ ᠳᠠᠷᠢᠪᠠ᠃ | ︵ᠵᠢᠷᠭᠤᠭ᠎ᠠ︶᠂ 6 ᠳ᠋ᠤᠭᠠᠷ ᠠᠯᠪᠡᠨ ᠵᠢᠷᠦᠮ ᠤᠨ ᠮᠤᠳᠤ ᠳᠠᠷᠢᠬᠤ ᠰᠠᠭᠤᠷᠢᠨ ᠭᠠᠵᠠᠷ ︵300 ᠬᠦᠮᠦᠨ | ︶ | ᠪᠤᠭᠤᠳᠤ ᠶᠢᠨ ᠡᠳᠤᠷ ᠤᠨ ᠰᠤᠨᠢᠨ ᠤ ᠬᠤᠷᠢᠶᠠᠨ ᠤ ᠰᠤᠷᠪᠤᠯᠵᠢᠯᠠᠭᠴᠢ ᠪᠠᠷ ᠪᠦᠷᠢᠯᠳᠤᠵᠦ᠂ ᠬᠦᠮᠦᠨ | ᠪᠦᠷᠢ ᠳᠤᠮᠳᠠᠴᠢ ᠪᠠᠷ 5 ᠰᠠᠭᠤᠷᠢ ᠳᠠᠷᠢᠵᠦ᠂ 1500 ᠰᠠᠭᠤᠷᠢ ᠳᠠᠷᠢᠪᠠ᠃ | ︵ᠳᠤᠯᠤᠭ᠎ᠠ︶᠂ 7 ᠳ᠋ᠤᠭᠠᠷ ᠠᠯᠪᠡᠨ ᠵᠢᠷᠦᠮ ᠤᠨ ᠮᠤᠳᠤ ᠳᠠᠷᠢᠬᠤ ᠰᠠᠭᠤᠷᠢᠨ ᠭᠠᠵᠠᠷ ︵200 ᠬᠦᠮᠦᠨ | ︶ | ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠪᠠᠭᠰᠢ ᠰᠤᠷᠤᠭᠴᠢ ᠪᠠᠷ ᠪᠦᠷᠢᠯᠳᠤᠵᠦ᠂ ᠬᠦᠮᠦᠨ ᠪᠦᠷᠢ | ᠳᠤᠮᠳᠠᠴᠢ ᠪᠠᠷ 5 ᠰᠠᠭᠤᠷᠢ ᠳᠠᠷᠢᠵᠦ᠂ 1000 ᠰᠠᠭᠤᠷᠢ ᠳᠠᠷᠢᠪᠠ᠃ | ᠵᠢᠷᠭᠤᠭ᠎ᠠ᠂ ᠵᠤᠬᠢᠶᠠᠨ ᠪᠠᠶᠢᠭᠤᠯᠤᠯᠳᠠ ᠶᠢᠨ ᠪᠠᠶᠢᠭᠤᠯᠤᠮᠵᠢ | ᠶᠡᠷᠦᠩᠭᠡᠢ ᠵᠢᠯᠤᠭᠤᠳᠤᠭᠴᠢ᠄ ᠭᠠᠢ ᠢᠤᠢ | ᠳᠡᠳ᠋ ᠶᠡᠷᠦᠩᠭᠡᠢ ᠵᠢᠯᠤᠭᠤᠳᠤᠭᠴᠢ᠄ ᠬᠤᠤ ᠴᠦᠨ ᠭᠤᠸᠠᠩ᠂ ᠳ᠋ᠦᠩ ᠺᠠᠢ | ᠵᠢᠯᠤᠭᠤᠳᠬᠤ ᠭᠠᠵᠠᠷ ᠤᠨ ᠪᠦᠷᠢᠯᠳᠦᠬᠦᠨ ᠨᠢ ᠠᠵᠢᠯᠯᠠᠭ᠎ᠠ ᠳᠤ ᠤᠷᠤᠯᠴᠠᠭᠰᠠᠨ ᠭᠠᠵᠠᠷ ᠤᠷᠤᠨ᠂ ᠰᠠᠯᠠᠭ᠎ᠠ | ᠮᠦᠴᠢᠷ ᠤᠨ ᠬᠤᠪᠢᠳᠡᠨ ᠬᠠᠮᠢᠶᠠᠷᠴᠦ ᠪᠦᠬᠦᠢ ᠤᠳᠤᠷᠢᠳᠤᠯᠭ᠎ᠠ ᠪᠠᠷ ᠪᠦᠷᠢᠯᠳᠤᠨ᠎ᠡ᠃ ᠵᠢᠯᠤᠭᠤᠳᠬᠤ ᠭᠠᠵᠠᠷ ᠤᠨ | ᠳᠤᠤᠷ᠎ᠠ ᠠᠯᠪᠠᠨ ᠭᠡᠷ ᠪᠠᠶᠢᠭᠤᠯᠵᠦ᠂ ᠠᠯᠪᠡᠨ ᠭᠡᠷ ᠤᠨ ᠡᠷᠬᠢᠯᠡᠭᠴᠢ ᠶᠢᠨ ᠳᠤᠰᠢᠶᠠᠯ ᠢ ᠬᠤᠤ ᠴᠦᠨ ᠭᠤᠸᠠᠩ᠂ ᠳᠡᠳ᠋ | ᠡᠷᠬᠢᠯᠡᠭᠴᠢ ᠶᠢᠨ ᠳᠤᠰᠢᠶᠠᠯ ᠢ ᠳ᠋ᠦᠩ ᠺᠠᠢ ᠬᠠᠪᠰᠤᠷᠭᠠᠨ ᠬᠠᠷᠢᠭᠤᠴᠠᠪᠠ᠃ | ᠳᠤᠯᠤᠭ᠎ᠠ᠂ ᠠᠵᠢᠯᠯᠠᠭ᠎ᠠ ᠶᠢᠨ ᠱᠠᠭᠠᠷᠳᠠᠯᠭ᠎ᠠ | 1᠂ ᠳᠤᠰ ᠤᠳᠠᠭᠠᠨ ᠤ ᠠᠵᠢᠯᠯᠠᠭ᠎ᠠ ᠳᠤ ᠤᠷᠤᠯᠴᠠᠬᠤ ᠨᠢᠭᠡᠴᠡ ᠨᠢ 1 ᠬᠤᠯᠪᠤᠭᠠᠴᠢᠨ ︵ᠠᠯᠪᠡᠨ | ᠭᠡᠷ ᠤᠨ ᠡᠷᠬᠢᠯᠡᠭᠴᠢ ᠬᠠᠷᠢᠭᠤᠴᠠᠨ᠎ᠠ︶ ᠢ ᠳᠤᠭᠳᠠᠭᠠᠠᠵᠦ᠂ 4 ᠰᠠᠷ᠎ᠠ ᠶᠢᠨ 12 ᠤ ᠡᠳᠤᠷ ︵ᠭᠠᠷᠠᠭ ᠤᠨ ᠳᠠᠪᠤᠨ︶ | ᠤᠨ ᠦᠳᠡ ᠶᠢᠨ 12:00 ᠠᠴᠠ ᠡᠮᠤᠨ᠎ᠡ ᠬᠤᠯᠪᠤᠭᠠᠴᠢᠨ ᠤ ᠤᠪᠤᠭ ᠨᠡᠷ᠎ᠡ ᠵᠢᠴᠢ ᠬᠠᠷᠢᠯᠴᠠᠬᠤ ᠬᠠᠶ᠋ᠢᠭ ᠢ | ᠳᠤᠭᠤᠷᠢᠭ ᠤᠨ ᠪᠠᠶᠢᠭᠠᠯᠢ ᠶᠢᠨ ᠡᠬᠢ ᠪᠠᠶᠠᠯᠢᠭ ᠤᠨ ᠳᠤᠪᠴᠢᠶ᠎ᠡ ᠶᠢᠨ ᠠᠯᠪᠠᠨ ᠭᠡᠷ ᠲᠤ ᠮᠡᠳᠡᠬᠦᠯᠦᠨ ᠬᠦᠷᠭᠡᠬᠦ | ᠬᠡᠷᠡᠭᠳᠡᠢ᠂ ᠬᠠᠷᠢᠯᠴᠠᠬᠤ ᠤᠳᠠᠰᠦ᠄ 8728083᠃ | 2᠂ ᠤᠷᠤᠯᠴᠠᠭᠰᠠᠨ ᠬᠦᠮᠦᠰ ᠢ ᠡᠯ᠎ᠡ ᠨᠢᠭᠡᠴᠡ ᠦᠪᠡᠷᠳᠡᠭᠡᠨ ᠵᠤᠬᠢᠶᠠᠨ ᠪᠠᠶᠢᠭᠤᠯᠵᠦ᠂ 4 ᠰᠠᠷ᠎ᠠ ᠶᠢᠨ | 13 ᠤ ᠦᠳᠡ ᠶᠢᠨ ᠡᠮᠤᠨ᠎ᠡ 8:40 ᠠᠴᠠ ᠡᠮᠤᠨ᠎ᠡ ᠮᠤᠳᠤ ᠳᠠᠷᠢᠬᠤ ᠳᠠᠯᠠᠪᠠᠢ ᠳᠤ ᠬᠦᠷᠦᠨ᠎ᠡ᠃ | 3᠂ ᠠᠯᠪᠠᠨ ᠵᠢᠷᠦᠮ ᠤᠨ ᠮᠤᠳᠤ ᠳᠠᠷᠢᠬᠤ ᠳᠤ ᠤᠷᠤᠯᠴᠠᠬᠤ ᠨᠢᠭᠡᠴᠡ ᠬᠦᠷᠵᠡ ᠵᠡᠷᠭᠡ ᠮᠤᠳᠤ ᠳᠠᠷᠢᠬᠤ | ᠪᠠᠭᠠᠵᠢ ᠶᠢ ᠦᠪᠡᠰᠦᠪᠡᠨ ᠪᠡᠯᠡᠳᠭᠡᠨ᠎ᠡ᠃ | 4᠂ ᠪᠠᠶᠢᠭᠠᠯᠢ ᠶᠢᠨ ᠡᠬᠢ ᠪᠠᠶᠠᠯᠢᠭ ᠤᠨ ᠳᠤᠪᠴᠢᠶ᠎ᠡ ᠳᠤᠬᠠᠢ ᠶᠢᠨ ᠭᠠᠵᠠᠷ ᠤᠨ ᠪᠠᠶᠢᠷᠢᠭᠤᠯᠤᠯᠳᠠ ᠶᠢ | ᠬᠠᠷᠢᠭᠤᠴᠠᠨ ᠪᠠᠶᠢᠷᠢᠯᠠᠭᠤᠯᠵᠦ᠂ ᠠᠯᠪᠡᠨ ᠵᠢᠷᠦᠮ ᠤᠨ ᠮᠤᠳᠤ ᠳᠠᠷᠢᠬᠤ ᠳᠤ ᠬᠡᠷᠡᠭᠰᠡᠬᠦ ᠵᠤᠯᠵᠠᠭ᠎ᠠ ᠮᠤᠳᠤ ᠶᠢ | ᠪᠡᠯᠡᠳᠭᠡᠨ ᠮᠤᠳᠤ ᠳᠠᠷᠢᠬᠤ ᠠᠵᠢᠯᠯᠠᠭ᠎ᠠ ᠶᠢᠨ ᠮᠡᠷᠭᠡᠵᠢᠯ ᠤᠨ ᠵᠢᠯᠤᠭᠤᠳᠤᠯᠭ᠎ᠠ ᠵᠡᠷᠭᠡ ᠠᠵᠢᠯ ᠢ ᠰᠠᠶᠢᠳᠤᠷ ᠬᠢᠯᠭᠡᠬᠦ | ᠬᠡᠷᠡᠭᠳᠡᠢ᠃ | 5᠂ ᠪᠠᠳᠺᠠᠷ ᠰᠦᠮ᠎ᠡ ᠪᠠᠯᠭᠠᠰᠦ ᠠᠯᠪᠠᠨ ᠵᠢᠷᠦᠮ ᠤᠨ ᠮᠤᠳᠤ ᠳᠠᠷᠢᠬᠤ ᠰᠠᠭᠤᠷᠢᠨ ᠭᠠᠵᠠᠷ ᠤᠨ | ᠳᠤᠰᠬᠤᠨ ᠤ ᠠᠷᠠᠳ ᠤᠨ ᠭᠠᠵᠠᠷ ᠰᠢᠷᠦᠢ ᠶᠢᠨ ᠠᠵᠢᠯ ᠢ ᠵᠤᠬᠢᠴᠠᠭᠤᠯᠬᠤ ᠶᠢ ᠬᠠᠷᠢᠭᠤᠴᠠᠨ᠎ᠠ᠃ | 6᠂ ᠳᠤᠭᠤᠷᠢᠭ ᠤᠨ ᠨᠠᠮ ᠤᠨ ᠬᠤᠷᠢᠶᠠᠨ ᠤ ᠤᠬᠠᠭᠤᠯᠬᠤ ᠬᠡᠯᠳᠡᠰ ᠰᠤᠨᠢᠨ ᠮᠡᠳᠡᠭᠡᠨ ᠤ ᠵᠠᠭᠤᠴᠢᠯᠠᠭᠤᠷ ᠢ | ᠵᠤᠬᠢᠶᠠᠨ ᠪᠠᠶᠢᠭᠤᠯᠵᠦ ᠤᠬᠠᠭᠤᠯᠤᠨ ᠮᠡᠳᠡᠭᠡᠯᠡᠬᠦ ᠠᠵᠢᠯ ᠢ ᠰᠠᠶᠢᠳᠤᠷ ᠬᠢᠬᠦ ᠶᠢ ᠬᠠᠷᠢᠭᠤᠴᠠᠨ᠎ᠠ᠃ | 7᠂ ᠳᠤᠭᠤᠷᠢᠭ ᠤᠨ ᠳᠤᠳᠤᠭᠠᠳᠤ ᠶᠢ ᠬᠠᠮᠠᠭᠠᠯᠠᠬᠤ ᠬᠤᠪᠢᠶᠠᠷᠢ ᠳᠤᠪᠴᠢᠶ᠎ᠡ ᠠᠵᠢᠯᠯᠠᠭᠠᠨ ᠤ ᠳᠤᠬᠠᠢ ᠶᠢᠨ | ᠳᠠᠯᠠᠪᠠᠢ ᠶᠢᠨ ᠠᠮᠤᠷ ᠳᠦᠪᠰᠢᠨ ᠢ ᠪᠠᠳᠤᠯᠠᠬᠤ ᠠᠵᠢᠯ ᠢ ᠬᠠᠷᠢᠭᠤᠴᠠᠨ᠎ᠠ᠃ | 8᠂ ᠳᠤᠭᠤᠷᠢᠭ ᠤᠨ ᠡᠷᠡᠬᠦᠯ ᠬᠠᠮᠠᠭᠠᠯᠠᠯ ᠡᠷᠡᠬᠦᠯ ᠮᠡᠨᠳᠤ ᠶᠢᠨ ᠵᠦᠪᠯᠡᠯ ᠠᠵᠢᠯᠯᠠᠭᠠᠨ ᠤ ᠳᠤᠬᠠᠢ ᠶᠢᠨ | ᠳᠠᠯᠠᠪᠠᠢ ᠶᠢᠨ ᠡᠮᠴᠢᠯᠡᠭᠡᠨ ᠤ ᠪᠠᠳᠤᠯᠠᠭ᠎ᠠ ᠶᠢᠨ ᠠᠵᠢᠯ ᠢ ᠬᠠᠷᠢᠭᠤᠴᠠᠨ ᠰᠠᠶᠢᠳᠤᠷ ᠬᠢᠬᠦ ᠬᠡᠷᠡᠭᠳᠡᠢ᠃ | 9᠂ ᠳᠤᠭᠤᠷᠢᠭ ᠤᠨ ᠵᠠᠮ ᠬᠠᠷᠢᠯᠴᠠᠭᠠᠨ ᠤ ᠬᠠᠮᠢᠶᠠᠷᠤᠯᠳᠠ ᠶᠢᠨ ᠶᠡᠭᠡ ᠠᠩᠭᠢ ᠨᠢ ᠠᠵᠢᠯᠯᠠᠭᠠᠨ ᠤ | ᠳᠤᠬᠠᠢ ᠶᠢᠨ ᠳᠠᠯᠠᠪᠠᠢ ᠶᠢᠨ ᠵᠠᠮ ᠬᠠᠷᠢᠯᠴᠠᠭ᠎ᠠ ᠶᠢ ᠵᠢᠯᠤᠭᠤᠳᠬᠤ ᠠᠵᠢᠯ ᠢ ᠬᠠᠷᠢᠭᠤᠴᠠᠨ᠎ᠠ᠃ | 10᠂ ᠳᠤᠭᠤᠷᠢᠭ ᠤᠨ ᠨᠡᠶᠢᠳᠡ ᠶᠢᠨ ᠡᠷᠡᠬᠦᠯ ᠬᠠᠮᠠᠭᠠᠯᠠᠯ ᠤᠨ ᠦᠷᠳᠡᠭᠡ ᠨᠢ ᠠᠵᠢᠯᠯᠠᠭᠠᠨ ᠤ ᠳᠤᠬᠠᠢ ᠶᠢᠨ | ᠳᠠᠯᠠᠪᠠᠢ ᠶᠢᠨ ᠠᠷᠢᠭᠤᠨ ᠴᠡᠪᠡᠷ ᠢ ᠬᠠᠷᠢᠭᠤᠴᠠᠨ᠎ᠠ᠃ | ᠨᠠᠢᠮᠠ᠂ ᠪᠤᠰᠤᠳ ᠵᠤᠶᠢᠯ | 1᠂ ᠡᠯ᠎ᠡ ᠰᠠᠯᠠᠭ᠎ᠠ ᠮᠦᠴᠢᠷ᠂ ᠨᠢᠭᠡᠴᠡ ᠪᠤᠯᠤᠨ ᠦᠷᠭᠡᠨ ᠤᠯᠠᠨ ᠺᠠᠳᠡᠷ ᠤᠯᠤᠰ ᠳᠦᠷᠦ ᠶᠢ ᠡᠷᠬᠢᠮᠯᠡᠬᠦ | ᠳᠡᠭᠡᠳᠤ ᠬᠡᠮᠵᠢᠶᠡᠨ ᠠᠴᠠ ᠡᠨᠡᠬᠦ ᠠᠵᠢᠯ ᠢ ᠦᠨᠡᠨ ᠬᠦ ᠴᠢᠬᠤᠯᠠᠴᠢᠯᠠᠨ ᠦᠵᠡᠵᠦ᠂ ᠤᠳᠤᠷᠢᠳᠤᠯᠭ᠎ᠠ ᠪᠠᠨ | ᠴᠢᠩᠭᠠᠳᠬᠠᠵᠦ ︽ᠦᠵᠡᠰᠬᠦᠯᠡᠩᠳᠤ ᠰᠠᠶᠢᠬᠠᠨ ᠠᠭᠤᠯᠠ ᠤᠰᠤ ᠲᠠᠢ ᠰᠢᠨ᠎ᠡ ᠰᠢᠭᠤᠶᠢᠳᠤ︾ ᠶᠢ ᠪᠦᠳᠦᠭᠡᠨ | ᠪᠠᠶᠢᠭᠤᠯᠬᠤ ᠳᠤ ᠬᠤᠪᠢ ᠨᠡᠮᠡᠷᠢ ᠦᠵᠡᠬᠦᠯᠦᠨ᠎ᠡ᠃ | 2᠂ ᠠᠯᠪᠡᠨ ᠵᠢᠷᠦᠮ ᠤᠨ ᠮᠤᠳᠤ ᠳᠠᠷᠢᠬᠤ ᠳᠤ ᠤᠷᠤᠯᠴᠠᠭᠰᠠᠨ ᠬᠦᠮᠦᠰ ᠢ ᠰᠠᠶᠢᠳᠤᠷ ᠵᠤᠬᠢᠶᠠᠨ | ᠪᠠᠶᠢᠭᠤᠯᠵᠦ᠂ ᠠᠵᠢᠯᠯᠠᠭᠠᠨ ᠤ ᠪᠦᠬᠦ ᠶᠠᠪᠤᠴᠠ ᠳᠤ ᠬᠦᠮᠦᠰ ᠤᠨ ᠠᠮᠤᠷ ᠳᠦᠪᠰᠢᠨ ᠢ ᠦᠨᠡᠨ ᠬᠦ ᠪᠠᠳᠤᠯᠠᠵᠦ᠂ | ᠬᠡᠮᠳᠤᠭᠡᠬᠦ ᠪᠠ ᠡᠳ᠋ ᠬᠦᠷᠦᠩᠭᠡ ᠶᠢᠨ ᠬᠤᠬᠢᠷᠠᠯ ᠠᠴᠠ ᠵᠠᠶᠢᠯᠠᠰᠬᠢᠬᠦ ᠬᠡᠷᠡᠭᠳᠡᠢ᠃ | 3᠂ ᠠᠯᠪᠡᠨ ᠵᠢᠷᠦᠮ ᠤᠨ ᠮᠤᠳᠤ ᠳᠠᠷᠢᠬᠤ ᠠᠵᠢᠯᠯᠠᠭ᠎ᠠ ᠳᠤ ᠤᠶᠢᠵᠢᠭᠤᠯᠬᠤ ᠮᠡᠷᠭᠡᠵᠢᠯ ᠤᠨ ᠮᠤᠳᠤ ᠳᠠᠷᠢᠬᠤ | ᠳᠦᠷᠢᠮ ᠳᠤᠭᠳᠠᠭᠠᠯ ᠶᠤᠰᠤᠭᠠᠷ ᠮᠤᠳᠤ ᠳᠠᠷᠢᠬᠤ ᠠᠵᠢᠯᠯᠠᠭ᠎ᠠ ᠦᠷᠨᠢᠬᠦᠯᠵᠦ᠂ ᠴᠢᠬᠢ ᠮᠤᠳᠤᠨ ᠤ ᠡᠳᠡᠭᠡᠷᠡᠯᠳᠡ ᠶᠢ | ᠦᠨᠡᠨ ᠬᠦ ᠪᠠᠳᠤᠯᠠᠬᠤ ᠶᠢᠨ ᠬᠠᠮᠳᠤ ᠭᠠᠯ ᠢ ᠰᠡᠷᠭᠡᠶᠢᠯᠡᠬᠦ ᠶᠢ ᠠᠩᠬᠠᠷᠴᠦ ᠬᠤᠭ ᠨᠤᠪᠰᠢ ᠶᠢ ᠳᠤᠷ᠎ᠠ ᠪᠠᠷ ᠬᠠᠶᠠᠵᠦ | ᠪᠤᠯᠬᠤ ᠦᠭᠡᠢ ᠶᠤᠮ᠃ | |