ᠠᠮᠢ ᠠᠬᠤᠢ ᠶᠢ ᠳᠡᠷᠢᠬᠦᠨ ᠳᠤ ᠳᠠᠯᠪᠢᠵᠦ ᠪᠤᠬᠢᠷᠳᠤᠯ ᠦᠭᠡᠢ ᠬᠦᠭᠵᠢᠬᠦᠯᠬᠦ ᠰᠢᠨ᠎ᠡ ᠤᠶᠢᠯᠠᠭᠠᠭᠳᠠᠬᠤᠨ ᠢᠶᠠᠷ ᠰᠢᠭᠤᠶᠢᠳᠤ ᠳᠤᠭᠤᠷᠢᠭ ᠤᠨ ᠬᠡᠯᠪᠡᠷᠢ ᠪᠠᠨ ᠬᠤᠪᠢᠷᠠᠭᠤᠯᠤᠨ ᠬᠦᠭᠵᠢᠬᠦᠯᠬᠦ ᠰᠢᠨ᠎ᠡ ᠬᠠᠭᠤᠳᠠᠰᠤ ᠶᠢ ᠪᠢᠴᠢᠭᠯᠡᠶ᠎ᠡ
ᠨᠡᠶᠢᠲᠡᠯᠡᠭᠰᠡᠨ ᠴᠠᠭ᠄
2019-06-20
ᠬᠦᠳᠦᠯᠦᠭᠴᠢ᠄ ᠬᠦᠸᠧ ᠶᠠᠨᠵᠤᠴᠢᠨ᠄ ᠴᠧᠨ ᠵᠢᠶᠠᠨ ᠵᠦᠩ        ᠬᠤᠳᠠ ᠶᠢᠨ ᠨᠠᠮ ᠤᠨ ᠬᠤᠷᠢᠶ᠎ᠠ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠪᠠᠶᠢᠷᠢᠯᠠᠭᠤᠯᠤᠯᠳᠠ ᠶᠤᠰᠤᠭᠠᠷ ᠶᠠᠷᠢᠯᠴᠠᠭ᠎ᠠ ᠶᠢ ᠬᠦᠨᠵᠡᠭᠡᠢ ᠦᠷᠨᠢᠬᠦᠯᠵᠦ᠂ ᠶᠡᠷᠦᠩᠭᠡᠢ ᠱᠦᠵᠢ ᠰᠢ ᠶᠢᠨ ᠫᠢᠩ ᠤᠨ ᠦᠪᠤᠷ ᠮᠤᠩᠭᠤᠯ ᠤᠨ ᠠᠵᠢᠯ ᠤᠨ ᠴᠢᠬᠤᠯᠠ ᠶᠠᠷᠢᠶᠠᠨ ᠤ ᠵᠤᠷᠢᠭ ᠰᠠᠨᠠᠭᠠᠨ ᠤ ᠳᠤᠬᠠᠢ ᠤᠶᠢᠯᠠᠭᠠᠯᠳᠠ ᠳᠠᠨᠢᠯᠳᠠ ᠪᠠᠨ ᠤᠯᠠᠮ ᠨᠢᠭᠡ ᠠᠯᠬᠤᠮ ᠬᠦᠨᠵᠡᠭᠡᠶᠢᠷᠡᠬᠦᠯᠪᠡ᠃ ᠰᠢᠭᠤᠶᠢᠳᠤ ᠳᠤᠭᠤᠷᠢᠭ ︿ᠠᠮᠢ ᠠᠬᠤᠢ ᠶᠢᠨ ᠰᠤᠶᠤᠯ ᠤᠨ ᠵᠤᠭᠠᠴᠠᠯ ᠤᠨ ᠤᠷᠤᠨ﹀ ᠤ ᠬᠦᠭᠵᠢᠯᠳᠡ ᠶᠢᠨ ᠪᠠᠶᠢᠯᠳᠤᠬᠤ ᠪᠤᠳᠤᠯᠭ᠎ᠠ ᠶᠢ ᠡᠷᠡᠰ ᠬᠡᠷᠡᠭᠵᠢᠬᠦᠯᠵᠦ᠂ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢ ᠠᠵᠦ ᠠᠬᠤᠢ ᠨᠡᠶᠢᠭᠡᠮ ᠤᠨ ᠬᠦᠭᠵᠢᠯᠳᠡ ᠶᠢᠨ ᠪᠦᠬᠦ ᠶᠠᠪᠤᠴᠠ ᠳᠤ ᠳᠤᠭᠤᠰᠢᠯᠠᠭᠤᠯᠵᠠᠢ᠃ ᠠᠮᠢ ᠠᠬᠤᠢ ᠶᠢ ᠳᠡᠷᠢᠬᠦᠨ ᠳᠤ ᠳᠠᠯᠪᠢᠬᠤ᠂ ᠪᠤᠬᠢᠷᠳᠤᠯ ᠦᠭᠡᠢ ᠬᠦᠭᠵᠢᠯᠳᠡ ᠪᠠᠷ ᠤᠳᠤᠷᠢᠳᠤᠮᠵᠢ ᠪᠤᠯᠭᠠᠭᠰᠠᠨ ᠴᠢᠨᠠᠷ ᠰᠠᠶᠢᠳᠠᠢ ᠬᠦᠭᠵᠢᠯᠳᠡ ᠶᠢᠨ ᠰᠢᠨ᠎ᠡ ᠵᠠᠮ ᠢ ᠬᠠᠶᠢᠨ ᠰᠦᠪᠡᠭᠴᠢᠯᠠᠵᠦ᠂ ᠪᠤᠬᠢᠷᠳᠤᠯ ᠦᠭᠡᠢ ᠬᠦᠭᠵᠢᠯᠳᠡ ᠶᠢᠨ ᠰᠢᠨ᠎ᠡ ᠬᠦᠳᠡᠯᠭᠡᠬᠦ ᠡᠨᠧᠷᠬᠢ ᠶᠢ ᠬᠦᠴᠦᠯᠡᠨ ᠪᠤᠶᠢᠵᠢᠭᠤᠯᠤᠨ ᠪᠤᠵᠠᠭᠠᠶᠢᠷᠠᠭᠤᠯᠵᠦ᠂ ᠰᠢᠭᠤᠶᠢᠳᠤ ᠳᠤᠭᠤᠷᠢᠭ ᠤᠨ ᠬᠦᠭᠡᠮᠳᠦᠭ ᠨᠤᠭᠤᠭᠠᠨ ᠠᠭᠤᠯᠠ ᠤᠰᠤ ᠪᠤᠯ ᠳᠠᠷᠤᠢ ᠠᠯᠳᠠ ᠮᠦᠩᠬᠦᠨ ᠠᠭᠤᠯᠠ ᠶᠢᠨ ᠠᠰᠢᠭ ᠳᠤᠰᠠ ᠶᠢ ᠳᠠᠰᠤᠷᠠᠯᠳᠠ ᠦᠭᠡᠢ ᠪᠠᠳᠠᠷᠠᠭᠤᠯᠤᠨ᠎ᠠ᠃ᠵᠤᠴᠢᠨ᠄ ᠴᠧᠨ ᠵᠢᠶᠠᠨ ᠵᠦᠩ        ᠰᠢᠭᠤᠶᠢᠳᠤ ᠳᠤᠭᠤᠷᠢᠭ ᠤᠯᠤᠰ ᠳᠦᠷᠦ ᠶᠢᠨ ᠵᠤᠭᠰᠤᠴᠠ ᠪᠠᠨ ᠴᠢᠨᠠᠭᠰᠢᠳᠠ ᠳᠡᠭᠡᠭᠰᠢᠯᠡᠬᠦᠯᠵᠦ᠂ ᠶᠡᠷᠦᠩᠭᠡᠢ ᠱᠦᠵᠢ ᠰᠢ ᠶᠢᠨ ᠫᠢᠩ ᠤᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠶᠢ ᠨᠠᠷᠢᠨ ᠬᠢᠨᠠᠮᠠᠭᠠᠢ ᠳᠤᠭᠤᠰᠢᠯᠠᠭᠤᠯᠤᠨ ᠨᠠᠶᠢᠳᠠᠪᠤᠷᠢᠵᠢᠭᠤᠯᠵᠦ ︽ᠠᠮᠢ ᠠᠬᠤᠢ ᠶᠢᠨ ᠰᠤᠶᠤᠯ ᠤᠨ ᠵᠤᠭᠠᠴᠠᠯ ᠤᠨ ᠤᠷᠤᠨ︾ ᠤ ᠬᠡᠯᠪᠡᠷᠢ ᠪᠠᠨ ᠬᠤᠪᠢᠷᠠᠭᠤᠯᠤᠨ ᠬᠦᠭᠵᠢᠬᠦ ᠭᠤᠤᠯ ᠱᠤᠭᠤᠮ ᠪᠤᠯᠭᠠᠵᠦ᠂ ᠠᠮᠢ ᠠᠬᠤᠢ ᠶᠢᠨ ᠤᠷᠴᠢᠨ ᠳᠤᠭᠤᠷᠢᠨ ᠤ ᠬᠠᠮᠠᠭᠠᠯᠠᠯᠳᠠ ᠶᠢᠨ ᠭᠤᠤᠯᠳᠠᠯᠭ᠎ᠠ ᠲᠠᠢ ᠳᠦᠰᠦᠯ ᠤᠨ ᠪᠦᠳᠦᠭᠡᠨ ᠪᠠᠶᠢᠭᠤᠯᠤᠯᠳᠠ ᠶᠢ ᠶᠡᠭᠡᠪᠡᠷ ᠠᠬᠢᠭᠤᠯᠤᠨ᠎ᠠ᠃ ᠠᠮᠢ ᠠᠬᠤᠢ ᠶᠢ ᠳᠡᠷᠢᠬᠦᠨ ᠳᠤ ᠳᠠᠯᠪᠢᠬᠤ᠂ ᠪᠤᠬᠢᠷᠳᠤᠯ ᠦᠭᠡᠢ ᠬᠦᠭᠵᠢᠬᠦᠯᠬᠦ ᠵᠠᠮ ᠢᠶᠠᠷ ᠡᠷᠡᠰ ᠭᠤᠶᠢᠪᠢᠰᠢ ᠦᠭᠡᠢ ᠵᠠᠮᠨᠠᠵᠦ ᠂ ᠤᠯᠠᠮᠵᠢᠯᠠᠯᠳᠤ ᠠᠵᠦ ᠤᠶᠢᠯᠡᠰ ᠤᠨ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠬᠦ ᠶᠢ ᠬᠦᠴᠦᠯᠡᠨ ᠠᠬᠢᠭᠤᠯᠵᠦ᠂ ᠪᠤᠬᠢᠷᠳᠤᠯ ᠦᠭᠡᠢ ᠡᠨᠧᠷᠬᠢ ᠠᠷᠪᠢᠯᠠᠬᠤ ᠤᠷᠴᠢᠨ ᠳᠤᠭᠤᠷᠢᠨ ᠢ ᠬᠠᠮᠠᠭᠠᠯᠠᠬᠤ ᠠᠵᠦ ᠤᠶᠢᠯᠡᠰ ᠢ ᠬᠦᠴᠦᠯᠡᠨ ᠬᠦᠭᠵᠢᠬᠦᠯᠵᠦ᠂ ᠰᠤᠶᠤᠯ ᠵᠢᠭᠤᠯᠴᠢᠯᠠᠯ ᠤᠨ ᠠᠵᠦ ᠤᠶᠢᠯᠡᠰ ᠢ ᠬᠦᠴᠦᠯᠡᠨ ᠪᠤᠶᠢᠵᠢᠭᠤᠯᠤᠨ ᠦᠷᠭᠡᠨ ᠤᠯᠠᠨ ᠠᠷᠠᠳ ᠳᠦᠮᠡᠨ ᠤ ᠰᠠᠶᠢᠨ ᠰᠠᠶᠢᠬᠠᠨ ᠠᠮᠢ ᠠᠬᠤᠢ ᠤᠷᠴᠢᠨ ᠳᠤᠭᠤᠷᠢᠨ ᠤ ᠳᠤᠬᠠᠢ ᠬᠦᠰᠡᠯ ᠡᠷᠡᠮᠡᠯᠵᠡᠯ ᠢᠶᠠᠷ ᠵᠤᠷᠢᠯᠳᠠ ᠪᠤᠯᠭᠠᠵᠦ᠂ ᠪᠤᠬᠢᠷᠳᠤᠯ ᠢ ᠰᠡᠷᠭᠡᠶᠢᠯᠡᠨ ᠵᠠᠰᠠᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠢ ᠡᠷᠡᠰ ᠰᠠᠶᠢᠳᠤᠷ ᠬᠢᠵᠦ᠂ ᠤᠮᠠᠷᠠᠳᠤ ᠶᠢᠨ ᠦᠵᠡᠰᠬᠦᠯᠡᠩᠳᠤ ᠰᠠᠶᠢᠬᠠᠨ ᠦᠵᠡᠮᠵᠢ ᠶᠢᠨ ᠤᠷᠤᠨ ᠢ ᠰᠠᠶᠢᠳᠤᠷ ᠰᠠᠬᠢᠨ ᠬᠠᠮᠠᠭᠠᠯᠠᠵᠦ᠂ ᠤᠯᠠᠮᠵᠢᠯᠠᠯᠳᠤ ᠤᠶᠢᠯᠠᠳᠪᠤᠷᠢ ᠠᠭᠤᠷᠬᠠᠢ ᠶᠢᠨ ᠤᠷᠤᠨ ᠠᠴᠠ ᠰᠢᠨ᠎ᠡ ᠮᠠᠶ᠋ᠢᠭ ᠤᠨ ᠠᠮᠢ ᠠᠬᠤᠢ ᠶᠢᠨ ᠬᠤᠳᠠ ᠪᠤᠯᠭᠠᠨ ᠬᠤᠪᠢᠷᠠᠭᠤᠯᠬᠤ ᠬᠦᠭᠵᠢᠯᠳᠡ ᠶᠢᠨ ᠵᠠᠮ ᠢ ᠨᠡᠭᠡᠭᠡᠨ᠎ᠡ᠃        ᠴᠧᠨ ᠵᠢᠶᠠᠨ ᠵᠦᠩ ᠠᠴᠠ ᠡᠩ ᠳᠡᠷᠢᠬᠦᠨ ᠳᠤ ᠦᠵᠡᠯ ᠰᠠᠨᠠᠭ᠎ᠠ ᠪᠠᠨ ᠴᠢᠯᠤᠭᠡᠯᠡᠵᠦ᠂ ᠳᠠᠨᠢᠯᠳᠠ ᠪᠠᠨ ᠨᠢᠭᠡᠳᠭᠡᠬᠦ ᠬᠡᠷᠡᠭᠳᠡᠢ ᠭᠡᠪᠡ᠃ ᠶᠡᠷᠦᠩᠭᠡᠢ ᠱᠦᠵᠢ ᠰᠢ ᠶᠢᠨ ᠫᠢᠩ ᠤᠨ ᠦᠪᠤᠷ ᠮᠤᠩᠭᠤᠯ ᠤᠨ ᠠᠵᠢᠯ ᠤᠨ ᠳᠤᠬᠠᠢ ᠴᠢᠬᠤᠯᠠ ᠶᠠᠷᠢᠶᠠᠨ ᠤ ᠵᠤᠷᠢᠭ ᠰᠠᠨᠠᠭ᠎ᠠ ᠪᠤᠯ ᠦᠪᠤᠷ ᠮᠤᠩᠭᠤᠯ ᠤᠨ ᠴᠢᠨᠠᠷ ᠰᠠᠶᠢᠳᠠᠢ ᠬᠦᠭᠵᠢᠯᠳᠡ ᠳᠤ ᠬᠡᠪ ᠳᠦᠷᠢᠮ ᠦᠵᠡᠬᠦᠯᠬᠦ ᠠᠵᠢᠯᠯᠠᠭᠠᠨ ᠤ ᠬᠦᠳᠤᠯᠪᠤᠷᠢ ᠮᠦᠨ᠃ ᠪᠢᠳᠡᠨ ᠤ ᠠᠯᠢᠪᠠ ᠠᠵᠢᠯ ᠢᠶᠠᠨ ᠰᠠᠶᠢᠳᠤᠷ ᠬᠢᠬᠦ ᠶᠢᠨ ᠰᠢᠨᠵᠢᠯᠡᠬᠦ ᠤᠬᠠᠭᠠᠨᠴᠢ ᠠᠵᠢᠯᠯᠠᠭᠠᠨ ᠤ ᠵᠦᠭᠯᠡᠬᠦᠷ ᠪᠤᠯᠤᠨ᠎ᠠ᠃ ᠮᠠᠨ ᠤ ᠦᠨᠳᠦᠰᠦᠨ ᠱᠠᠳᠤᠨ ᠤ ᠨᠦᠬᠦᠳ ︽ᠳᠦᠷᠪᠡᠨ ᠤᠬᠠᠮᠰᠡᠷ︾ ᠢᠶᠠᠨ ᠴᠢᠩᠭᠠᠳᠬᠠᠵᠦ᠂ ︽ᠳᠦᠷᠪᠡᠨ ᠢᠳᠡᠭᠡᠯ︾ ᠢᠶᠠᠨ ᠪᠠᠳᠤᠳᠬᠠᠵᠦ᠂ ︽ᠬᠤᠶᠠᠷ ᠢ ᠬᠠᠮᠠᠭᠠᠯᠠᠬᠤ︾ ᠶᠢ ᠪᠡᠶᠡᠯᠡᠬᠦᠯᠵᠦ᠂ ᠤᠯᠠᠮ ᠨᠢᠭᠡ ᠠᠯᠬᠤᠮ ᠡᠷᠴᠢ ᠵᠤᠷᠢᠭ ᠢᠶᠠᠨ ᠬᠦᠢᠴᠡᠳ ᠪᠠᠳᠠᠷᠠᠭᠤᠯᠵᠦ ᠠᠵᠢᠯ ᠤᠶᠢᠯᠡᠰ ᠪᠦᠳᠦᠭᠡᠬᠦ ᠪᠠᠷ ᠬᠦᠴᠦᠯᠡᠨ ᠴᠢᠷᠮᠡᠶᠢᠨ᠎ᠠ᠃        ᠶᠡᠭᠡ ᠰᠤᠷᠤᠯᠴᠠᠯᠭ᠎ᠠ ᠶᠡᠭᠡ ᠶᠠᠷᠢᠯᠴᠠᠯᠭ᠎ᠠ ᠪᠤᠯ ᠴᠢᠨᠠᠷ ᠰᠠᠶᠢᠳᠠᠢ ᠬᠦᠭᠵᠢᠯᠳᠡ ᠶᠢᠨ ᠠᠷᠭ᠎ᠠ ᠵᠠᠮ ᠢ ᠦᠨᠡᠨ ᠬᠦ ᠰᠠᠶᠢᠳᠤᠷ ᠳᠦᠯᠦᠪᠵᠢᠬᠦᠯᠬᠦ ᠶᠢᠨ ᠳᠦᠯᠦᠭᠡ ᠶᠤᠮ᠃ ᠰᠢᠭᠤᠶᠢᠳᠤ ᠳᠤᠭᠤᠷᠢᠭ ᠤᠶᠢᠷ᠎ᠠ ᠶᠢᠨ ᠬᠡᠳᠤᠨ ᠵᠢᠯ ᠳᠤ ᠠᠮᠢ ᠠᠬᠤᠢ ᠶᠢ ᠳᠡᠷᠢᠬᠦᠨ ᠳᠤ ᠳᠠᠯᠪᠢᠬᠤ᠂ ᠪᠤᠬᠢᠷᠳᠤᠯ ᠦᠬᠡᠢ ᠬᠦᠭᠵᠢᠬᠦᠯᠬᠦ ᠵᠠᠮ ᠢᠶᠠᠨ ᠡᠷᠡᠰ ᠭᠤᠶᠢᠪᠢᠰᠢ ᠦᠭᠡᠢ ᠵᠠᠮᠨᠠᠵᠦ ᠢᠳᠡᠪᠬᠢᠳᠠᠢ ᠦᠷ᠎ᠡ ᠪᠦᠳᠦᠮᠵᠢ ᠤᠯᠵᠠᠢ᠃ ᠴᠧᠨ ᠵᠢᠶᠠᠨ ᠵᠦᠩ ᠤᠨ ᠦᠵᠡᠬᠦ ᠪᠠᠷ᠂ ᠰᠢᠭᠤᠶᠢᠳᠤ ᠳᠤᠭᠤᠷᠢᠭ ᠤᠨ ᠴᠢᠨᠠᠷ ᠰᠠᠶᠢᠳᠠᠢ ᠬᠦᠭᠵᠢᠯᠳᠡ ᠳᠤ ︽ᠪᠤᠬᠢᠷᠳᠤᠯ ᠦᠭᠡᠢ +︾ ᠬᠡᠬᠦ ᠵᠤᠬᠢᠶᠠᠯ ᠢ ᠦᠷᠬᠦᠯᠵᠢᠯᠡᠨ ᠰᠠᠶᠢᠳᠤᠷ ᠬᠢᠬᠦ ᠬᠡᠷᠡᠭᠳᠡᠢ᠃ ᠨᠢᠭᠡ ᠳᠤ᠂ ᠪᠤᠬᠢᠷᠳᠤᠯ ᠦᠭᠡᠢ + ᠤᠯᠠᠮᠵᠢᠯᠠᠯᠳᠤ ᠠᠵᠦ ᠤᠶᠢᠯᠠᠡᠰ ᠤᠨ ᠬᠦᠭᠵᠢᠯᠳᠡ ᠶᠢ ᠰᠠᠶᠢᠳᠤᠷ ᠬᠢᠵᠦ᠂ ᠪᠤᠯᠤᠳ ᠳᠡᠮᠤᠷ᠂ ᠳᠡᠮᠤᠷ ᠤᠨ ᠬᠠᠶᠢᠯᠤᠰᠢ ᠵᠡᠷᠭᠡ ᠤᠯᠠᠮᠵᠢᠯᠠᠯᠳᠤ ᠠᠵᠦ ᠤᠶᠢᠯᠡᠰ ᠤᠨ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠬᠦ ᠪᠤᠵᠠᠭᠠᠶᠢᠷᠠᠨ ᠬᠦᠴᠦᠷᠭᠡᠭᠵᠢᠬᠦ ᠶᠢ ᠬᠦᠴᠦᠯᠡᠨ ᠠᠬᠢᠭᠤᠯᠵᠦ᠂ ᠤᠷᠴᠢᠨ ᠳᠤᠭᠤᠷᠢᠨ ᠤ ᠬᠠᠮᠠᠭᠠᠯᠠᠯᠳᠠ᠂ ᠦᠷ᠎ᠡ ᠪᠦᠳᠦᠮᠵᠢ᠂ ᠶᠠᠰᠦ ᠴᠢᠨᠠᠷ ᠡᠯ᠎ᠡ ᠳᠠᠯ᠎ᠠ ᠶᠢᠨ ᠠᠵᠢᠯ ᠳᠦᠷᠦᠯ ᠤᠨ ᠳᠠᠭᠠᠭᠤᠯᠤᠭᠴᠢ ᠪᠤᠯᠬᠤ ᠪᠠᠷ ᠴᠢᠷᠮᠠᠶᠢᠨ᠎ᠠ᠃ ᠬᠤᠶᠠᠷ ᠲᠤ᠂ ᠪᠤᠬᠢᠷᠳᠤᠯ ᠦᠭᠡᠢ + ᠡᠨᠧᠷᠬᠢ ᠠᠷᠪᠢᠯᠠᠵᠦ ᠤᠷᠴᠢᠨ ᠳᠤᠭᠤᠷᠢᠨ ᠢ ᠬᠠᠮᠠᠭᠠᠯᠠᠬᠤ ᠠᠵᠦ ᠤᠶᠢᠯᠡᠰ ᠢ ᠬᠦᠴᠦᠯᠡᠨ ᠬᠦᠭᠵᠢᠬᠦᠯᠵᠦ᠂ ᠠᠶᠠᠯᠠᠯ ᠨᠡᠪᠳᠡᠷᠡᠬᠦ ᠠᠵᠦ ᠤᠶᠢᠯᠡᠰ ᠤᠨ ᠬᠦᠷᠢᠶᠡᠯᠡᠩ ᠤᠨ ᠪᠦᠳᠦᠭᠡᠨ ᠪᠠᠶᠢᠭᠤᠯᠤᠯᠳᠠ ᠪᠠ ᠡᠷᠡᠬᠦᠯ ᠮᠠᠨᠳᠤ ᠪᠠᠨ ᠠᠰᠠᠷᠠᠨ ᠳᠡᠵᠢᠭᠡᠬᠦ ᠳᠦᠰᠦᠯ ᠤᠨ ᠨᠠᠶᠢᠳᠠᠪᠤᠷᠢᠵᠢᠭᠤᠯᠤᠯᠳᠠ ᠶᠢ ᠳᠦᠷᠭᠡᠳᠭᠡᠨ ᠠᠬᠢᠭᠤᠯᠵᠦ᠂ ᠠᠵᠦ ᠤᠶᠢᠯᠡᠳᠪᠤᠷᠢ ᠶᠢᠨ ᠡᠬᠦᠯᠡᠨ ᠪᠤᠳᠤᠯᠳᠠ ᠶᠢᠨ ᠳᠡᠪᠴᠡᠩ ᠪᠠ ᠳᠤᠮᠤ ᠳ᠋ᠡᠶᠢᠲ᠋ᠠ ᠶᠢᠨ ᠠᠵᠦ ᠤᠶᠢᠯᠡᠰ ᠤᠨ ᠬᠦᠷᠢᠶᠡᠯᠡᠩ ᠵᠡᠷᠭᠡ ᠭᠤᠤᠯᠳᠠᠯᠭᠠᠳᠤ ᠳᠦᠰᠦᠯ ᠤᠨ ᠪᠦᠳᠦᠭᠡᠨ ᠪᠠᠶᠢᠭᠤᠯᠤᠯᠳᠠ ᠶᠢ ᠳᠦᠷᠭᠡᠳᠭᠡᠨ ᠰᠤᠷᠭᠠᠨ ᠬᠦᠮᠦᠵᠢᠯ ᠤᠨ ᠶᠡᠷᠦᠩᠭᠡᠶᠢᠯᠡᠭᠰᠡᠨ ᠴᠤᠭᠴᠠ ᠶᠢᠨ ᠪᠦᠳᠦᠭᠡᠨ ᠪᠠᠶᠢᠭᠤᠯᠤᠯᠳᠠ ᠶᠢ ᠪᠦᠬᠦ ᠳᠠᠯ᠎ᠠ ᠪᠠᠷ ᠠᠬᠢᠭᠤᠯᠤᠨ᠎ᠠ᠃ ᠭᠤᠷᠪᠠ ᠳᠤ᠂ ᠪᠤᠬᠢᠷᠳᠤᠯ ᠦᠭᠡᠢ + ᠵᠢᠭᠤᠯᠴᠢᠯᠠᠯ ᠤᠨ ᠠᠵᠦ ᠤᠶᠢᠯᠡᠰ ᠢ ᠬᠦᠴᠦᠯᠡᠨ ᠪᠤᠶᠢᠵᠢᠭᠤᠯᠤᠨ ᠪᠤᠵᠠᠭᠠᠶᠢᠷᠠᠭᠤᠯᠵᠦ᠂ ᠤᠯᠤᠰ ᠤᠨ ᠪᠦᠬᠦ ᠴᠠᠷᠠᠭᠠᠨ ᠤ ᠵᠢᠭᠤᠯᠴᠢᠯᠠᠯ ᠤᠨ ᠵᠢᠱᠢᠶ᠎ᠡ ᠦᠵᠡᠬᠦᠯᠬᠦ ᠤᠷᠤᠨ ᠪᠠ ᠪᠠᠳᠺᠠᠷ ᠰᠦᠮ᠎ᠡ ᠶᠢᠨ 5A ᠳᠡᠰ ᠤᠨ ᠦᠵᠡᠮᠵᠢ ᠶᠢ ᠡᠬᠦᠳᠦᠨ ᠪᠠᠶᠢᠭᠤᠯᠬᠤ ᠶᠢ ᠪᠦᠬᠦ ᠬᠦᠴᠦᠨ ᠢᠶᠠᠷ ᠳᠦᠯᠬᠢᠨ ᠠᠬᠢᠭᠤᠯᠤᠨ᠎ᠠ᠃ ᠴᠧᠨ ᠵᠢᠶᠠᠨ ᠵᠦᠩ ᠬᠡᠯᠡᠬᠦ ᠳᠤ ᠪᠠᠨ᠂ 2019 ᠤᠨ ᠳᠤ ᠰᠢᠭᠤᠶᠢᠳᠤ ᠳᠤᠭᠤᠷᠢᠭ ᠪᠤᠬᠢᠷᠳᠤᠯ ᠦᠬᠡᠢ ᠠᠮᠢ ᠠᠬᠤᠢ ᠶᠢᠨ ᠠᠵᠦ ᠤᠶᠢᠯᠡᠰ ᠤᠨ 25 ᠭᠤᠤᠯᠳᠠᠯᠭ᠎ᠠ ᠲᠠᠢ ᠳᠦᠰᠦᠯ ᠢ ᠬᠡᠷᠡᠭᠵᠢᠬᠦᠯᠵᠦ᠂ 23.82 ᠳ᠋ᠦᠩᠰᠢᠭᠤᠷ ᠳᠦᠬᠦᠷᠢᠭ ᠤᠨ ᠪᠡᠯᠡ ᠤᠷᠤᠭᠤᠯᠬᠤ ᠪᠠᠷ ᠳᠦᠯᠦᠪᠯᠡᠵᠦ᠂ ᠭᠤᠤᠯᠳᠠᠯᠭ᠎ᠠ ᠲᠠᠢ ᠳᠦᠰᠦᠯ ᠤᠨ ᠪᠦᠳᠦᠭᠡᠨ ᠪᠠᠶᠢᠭᠤᠯᠤᠯᠳᠠ ᠳᠤ ᠬᠦᠴᠦ ᠪᠠᠨ ᠳᠦᠪᠯᠡᠷᠡᠬᠦᠯᠦᠨ ᠪᠤᠬᠢᠷᠳᠤᠯ ᠦᠭᠡᠢ ᠬᠦᠭᠵᠢᠯᠳᠡ ᠶᠢᠨ ᠰᠢᠨ᠎ᠡ ᠡᠨᠧᠷᠬᠢ ᠶᠢ ᠬᠤᠷᠠᠮᠳᠤᠭᠤᠯᠵᠦ ᠠᠮᠢ ᠠᠬᠤᠢ ᠶᠢᠨ ᠠᠵᠦ ᠠᠬᠤᠶᠢᠴᠢᠯᠠᠯᠳᠠ᠂ ᠠᠵᠦ ᠠᠬᠤᠢ ᠶᠢᠨ ᠠᠮᠢ ᠠᠬᠤᠶᠢᠵᠢᠯᠳᠠ ᠶᠢ ᠳᠠᠰᠤᠷᠠᠯᠳᠠ ᠦᠭᠡᠢ ᠳᠦᠯᠬᠢᠨ ᠠᠬᠢᠭᠤᠯᠤᠨ᠎ᠠ ᠭᠡᠵᠡᠢ᠃        ᠶᠡᠭᠡ ᠰᠤᠷᠤᠯᠴᠠᠯᠭ᠎ᠠ ᠶᠡᠭᠡ ᠶᠠᠷᠢᠯᠴᠠᠯᠭ᠎ᠠ ᠪᠤᠯ ᠳᠠᠷᠦᠢ ᠡᠷᠴᠢ ᠵᠤᠷᠢᠭ ᠢᠶᠠᠨ ᠬᠦᠢᠴᠡᠳ ᠪᠠᠳᠠᠷᠠᠭᠤᠯᠵᠦ ᠬᠠᠷᠢᠭᠤᠴᠠᠯᠭ᠎ᠠ ᠪᠠᠨ ᠴᠢᠩᠭᠠᠳᠬᠠᠬᠤ ᠶᠠᠪᠤᠳᠠᠯ ᠪᠤᠯᠤᠨ᠎ᠠ᠃ ᠴᠧᠨ ᠵᠢᠶᠠᠨ ᠵᠦᠩ ᠠᠴᠠ᠂ ᠰᠢᠭᠤᠶᠢᠳᠤ ᠳᠤᠭᠤᠷᠢᠭ ᠤᠨ ᠡᠯ᠎ᠡ ᠱᠠᠳᠤᠨ ᠤ ᠤᠳᠤᠷᠢᠳᠬᠤ ᠺᠠᠳᠡᠷ ᠪᠤᠯ ᠴᠢᠨᠠᠷ ᠰᠠᠶᠢᠳᠠᠢ ᠬᠦᠭᠵᠢᠯᠳᠡ ᠶᠢ ᠠᠬᠢᠭᠤᠯᠬᠤ ᠬᠤᠰᠢᠭᠤᠴᠢ ᠠᠩᠭᠢ ᠪᠠ ᠬᠤᠰᠢᠭᠤᠴᠢ ᠴᠡᠷᠢᠭ ᠮᠦᠨ ᠭᠡᠪᠡ᠃ ᠪᠢᠳᠠ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢᠨ ᠴᠢᠬᠤᠯᠠ ᠶᠡᠭᠡ ᠤᠯᠤᠰ ᠳᠦᠷᠦ ᠶᠢᠨ ᠬᠠᠷᠢᠭᠤᠴᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠦ᠂ ᠭᠤᠤᠯᠳᠠᠯᠭᠠᠳᠤ ᠳᠦᠰᠦᠯ ᠤᠨ ᠤᠳᠤᠷᠢᠳᠬᠤ ᠺᠠᠳᠡᠷ ᠤᠨ ᠳᠠᠭᠠᠭᠠᠴᠢᠯᠠᠨ ᠬᠤᠯᠪᠤᠭᠠᠯᠠᠬᠤ ᠬᠠᠷᠢᠭᠤᠴᠠᠯᠭ᠎ᠠ ᠶᠢᠨ ᠳᠦᠷᠢᠮ ᠪᠤᠯᠤᠨ ︽ᠭᠤᠤᠯᠳᠠᠯᠭᠠᠳᠤ ᠳᠦᠰᠦᠯ ᠤᠨ ᠠᠰᠠᠷᠠᠭᠴᠢ ᠮᠠᠶ᠋ᠢᠭ ᠤᠨ ᠤᠶᠢᠯᠡᠴᠢᠯᠡᠭᠡᠨ ᠤ ᠳᠦᠷ ᠬᠡᠷᠡᠭᠵᠢᠬᠦᠯᠬᠦ ᠠᠷᠭ᠎ᠠ︾ ᠶᠢ ᠪᠦᠷᠢᠨ ᠪᠤᠯᠭᠠᠨ ᠳᠡᠬᠦᠯᠳᠡᠷᠵᠢᠬᠦᠯᠵᠦ ᠠᠵᠦ ᠠᠬᠤᠶᠢᠯᠠᠯ ᠤᠨ ︽ᠠᠰᠠᠷᠠᠭᠴᠢ︾ ᠪᠤᠯᠵᠦ᠂ ᠳᠦᠰᠦᠯ ᠤᠨ ᠪᠦᠬᠦ ᠶᠠᠪᠤᠴᠠ ᠳᠤ ᠤᠶᠢᠯᠡᠴᠢᠯᠡᠭᠡ ᠬᠠᠩᠭᠠᠵᠦ᠂ ︽ᠨᠢᠭᠡ ᠠᠵᠦ ᠠᠬᠤᠶᠢᠯᠠᠯ ᠨᠢᠭᠡ ᠳᠦᠷᠦ ᠶᠢᠨ ᠪᠤᠳᠤᠯᠭ᠎ᠠ︾ ᠪᠠᠷ ᠪᠤᠳᠠᠳᠠᠢ ᠠᠰᠠᠭᠤᠳᠠᠯ ᠢ ᠰᠢᠢᠳᠪᠤᠷᠢᠯᠡᠨ᠎ᠡ᠃ ᠪᠢᠳᠠ ᠠᠮᠢ ᠠᠬᠤᠢ ᠤᠷᠴᠢᠨ ᠳᠤᠭᠤᠷᠢᠨ ᠢ ᠳᠤᠰᠬᠠᠶᠢᠯᠠᠨ ᠴᠡᠭᠴᠡᠯᠡᠨ ᠵᠠᠰᠠᠬᠤ ᠠᠵᠢᠯᠯᠠᠭ᠎ᠠ ᠶᠢ ᠦᠷᠬᠦᠯᠵᠢᠯᠡᠨ ᠦᠷᠨᠢᠬᠦᠯᠵᠦ᠂ ᠤᠷᠴᠢᠨ ᠳᠤᠭᠤᠷᠢᠨ ᠤ ᠬᠠᠤᠯᠢ ᠬᠡᠷᠡᠭᠵᠢᠬᠦᠯᠦᠯᠳᠡ ᠶᠢᠨ ᠪᠠᠶᠢᠴᠠᠭᠠᠯᠳᠠ ᠶᠢᠨ ᠠᠵᠢᠯᠯᠠᠭ᠎ᠠ ᠶᠢ ᠴᠢᠩᠭᠠᠳᠬᠠᠵᠦ᠂ ᠬᠠᠮᠳᠤᠷᠠᠨ ᠬᠠᠤᠯᠢ ᠬᠡᠷᠡᠭᠵᠢᠬᠦᠯᠬᠦ᠂ ᠤᠯᠠᠨ ᠳᠦᠮᠡᠨ ᠢᠯᠡᠴᠢᠯᠡᠨ ᠮᠡᠳᠡᠬᠦᠯᠬᠦ᠂ ᠤᠷᠴᠢᠨ ᠳᠤᠭᠤᠷᠢᠨ ᠢ ᠪᠤᠬᠢᠷᠳᠤᠭᠤᠯᠬᠤ ᠠᠮᠢ ᠠᠬᠤᠢ ᠶᠢ ᠡᠪᠳᠡᠬᠦ ᠠᠵᠢᠯᠯᠠᠭ᠎ᠠ ᠶᠢ ᠴᠢᠩᠭ᠎ᠠ ᠵᠠᠯᠬᠠᠭᠠᠨ ᠰᠢᠢᠳᠭᠡᠨ᠎ᠡ᠃ ᠬᠠᠷᠢᠴᠠᠭᠤᠯᠭ᠎ᠠ ᠪᠠᠨ ᠰᠠᠶᠢᠳᠤᠷ ᠬᠦᠢᠴᠡᠳᠭᠡᠭᠰᠡᠨ ᠦᠭᠡᠢ᠂ ᠠᠵᠢᠯ ᠢᠶᠠᠨ ᠬᠠᠷᠢᠯᠴᠠᠨ ᠳᠦᠯᠬᠢᠯᠴᠡᠵᠦ᠂ ᠠᠯᠪᠠ ᠬᠠᠰᠢᠵᠦ ᠠᠮᠠ ᠪᠦᠭᠯᠡᠨ᠂ ᠠᠵᠢᠯ ᠬᠢᠬᠦ ᠦᠭᠡᠢ᠂ ᠳᠤᠷ᠎ᠠ ᠪᠠᠷ ᠬᠢᠭᠰᠡᠨ ᠡᠰᠡᠬᠦᠯ᠎ᠡ ᠴᠠᠭ ᠳᠠᠷᠠᠭᠠᠯᠠᠭᠰᠠᠨ ᠠᠬᠢᠴᠠ ᠳᠤ ᠬᠦᠷᠦᠭᠰᠡᠨ ᠦᠭᠡᠢ ᠬᠠᠷᠢᠭᠤᠴᠠᠯᠭᠠᠳᠤ ᠨᠢᠭᠡᠴᠡ ᠪᠤᠯᠤᠨ ᠬᠠᠷᠢᠭᠤᠴᠠᠯᠭ᠎ᠠ ᠲᠠᠢ ᠬᠦᠮᠦᠨ ᠳᠤ ᠬᠠᠷᠢᠭᠤᠴᠠᠯᠭ᠎ᠠ ᠶᠢ ᠴᠢᠩᠭ᠎ᠠ ᠨᠡᠭᠡᠮᠵᠢᠯᠡᠵᠦ᠂ ᠰᠢᠭᠤᠶᠢᠳᠤ ᠳᠤᠭᠤᠷᠢᠭ ᠤᠨ ᠠᠮᠢ ᠠᠬᠤᠢ ᠶᠢᠨ ᠤᠷᠴᠢᠨ ᠳᠤᠭᠤᠷᠢᠨ ᠢ ᠦᠨᠳᠤᠷ ᠳᠦᠪᠰᠢᠨ ᠢᠶᠠᠷ ᠬᠠᠮᠠᠭᠠᠯᠠᠬᠤ᠂ ᠭᠠᠵᠠᠷ ᠤᠷᠤᠨ ᠤ ᠬᠡᠯᠪᠡᠷᠢ ᠪᠠᠨ ᠬᠤᠪᠢᠷᠠᠭᠤᠯᠤᠨ ᠴᠢᠨᠠᠷ ᠰᠠᠶᠢᠳᠠᠢ ᠬᠦᠭᠵᠢᠬᠦ ᠶᠢ ᠪᠦᠬᠦ ᠬᠦᠴᠦᠨ ᠢᠶᠠᠷ ᠢᠶᠠᠨ ᠠᠬᠢᠭᠤᠯᠤᠨ᠎ᠠ᠃
 
ᠢᠷᠡᠯᠲᠡ᠄ ᠪᠤᠭᠤᠳᠤ ᠶᠢᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号