ᠰᠢᠭᠤᠶᠢᠳᠤ ᠳᠤᠭᠤᠷᠢᠭ ᠠᠷᠪᠠᠨ ᠨᠢᠭᠡᠳᠤᠭᠡᠷ ᠤᠳᠠᠭᠠᠨ ᠤ ᠦᠨᠳᠤᠰᠤᠳᠡᠨ ᠤ ᠳᠦᠷᠦ ᠶᠢᠨ ᠪᠤᠳᠤᠯᠭ᠎ᠠ ᠶᠢ ᠤᠬᠠᠭᠤᠯᠬᠤ ᠠᠵᠢᠯᠯᠠᠭ᠎ᠠ ᠶᠢ ᠦᠷᠨᠢᠬᠦᠯᠪᠡ
ᠨᠡᠶᠢᠲᠡᠯᠡᠭᠰᠡᠨ ᠴᠠᠭ᠄
2019-04-18
       4 ᠰᠠᠷ᠎ᠠ ᠶᠢᠨ 16 ᠤ ᠡᠳᠤᠷ᠂ ᠰᠢᠭᠤᠶᠢᠳᠤ ᠳᠤᠭᠤᠷᠢᠭ ᠤᠨ ᠦᠨᠳᠤᠰᠤᠳᠡᠨ ᠤ ᠬᠡᠷᠡᠭ ᠡᠷᠬᠢᠯᠡᠬᠦ ᠬᠤᠷᠢᠶ᠎ᠡ ᠬᠢᠭᠡᠳ ᠳᠤᠭᠤᠷᠢᠭ ᠤᠨ ᠬᠠᠤᠯᠢ ᠴᠠᠭᠠᠵᠠ ᠶᠢᠨ ᠳᠤᠪᠴᠢᠶ᠎ᠡ ᠬᠠᠮᠳᠤᠷᠠᠨ ᠠᠷᠪᠠᠨ ᠨᠢᠭᠡᠳᠤᠭᠡᠷ ᠤᠳᠠᠭᠠᠨ ᠤ ᠦᠨᠳᠤᠰᠤᠳᠡᠨ ᠤ ᠳᠦᠷᠦ ᠶᠢᠨ ᠪᠤᠳᠤᠯᠭ᠎ᠠ ᠶᠢ ᠤᠬᠠᠭᠤᠯᠬᠤ ᠠᠵᠢᠯᠯᠠᠭ᠎ᠠ ᠦᠷᠨᠢᠬᠦᠯᠪᠡ᠃ ᠠᠵᠢᠯᠯᠠᠭᠠᠨ ᠤ ᠳᠠᠯᠠᠪᠤᠷ ᠲᠤ ᠤᠬᠠᠭᠤᠯᠭ᠎ᠠ ᠶᠢᠨ ᠰᠠᠮᠪᠠᠷ᠎ᠠ 3᠂ ᠬᠦᠨᠳᠡᠯᠡᠨ ᠪᠢᠴᠢᠭᠡᠰᠤ 18 ᠵᠤᠷᠪᠤᠰ ᠡᠯᠬᠦᠵᠦ ︽ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠦᠨᠳᠤᠰᠤᠳᠡᠨ ᠤ ᠤᠷᠤᠨ ᠤ ᠦᠪᠡᠷᠳᠡᠬᠡᠨ ᠵᠠᠰᠠᠬᠤ ᠬᠠᠤᠯᠢ︾ ᠵᠡᠷᠭᠡ ᠬᠠᠤᠯᠢ ᠳᠤᠭᠳᠠᠭᠠᠯ ᠤᠨ ᠤᠬᠠᠭᠤᠯᠭ᠎ᠠ ᠶᠢᠨ ᠬᠠᠭᠤᠳᠠᠰᠤ 2000 ᠬᠤᠪᠢ᠂ ᠤᠬᠠᠭᠤᠯᠭ᠎ᠠ ᠶᠢᠨ ᠤᠭᠤᠳᠠ 600 ᠭᠠᠷᠦᠢ᠂ ᠤᠬᠠᠭᠤᠯᠭ᠎ᠠ ᠶᠢᠨ ᠠᠯᠴᠢᠭᠤᠷ 300 ᠭᠠᠷᠤᠢ ᠳᠠᠷᠬᠠᠭᠠᠵᠦ᠂ ᠮᠤᠩᠭᠤᠯ᠂ ᠬᠢᠳᠡᠳ ᠬᠡᠯᠡᠨ ᠳᠤ ︽ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠮᠤᠩᠭᠤᠯ ᠦᠭᠡ ᠬᠡᠯᠡ ᠦᠰᠦᠭ ᠪᠢᠴᠢᠭ ᠤᠨ ᠠᠵᠢᠯ ᠤᠨ ᠳᠦᠷᠢᠮ︾ ᠪᠠ ︽ᠪᠤᠭᠤᠳᠤ ᠬᠤᠳᠠ ᠶᠢᠨ ᠨᠡᠶᠢᠭᠡᠮ ᠤᠨ ᠮᠤᠩᠭᠤᠯ ᠬᠢᠳᠡᠳ ᠬᠤᠶᠠᠷ ᠵᠤᠶᠢᠯ ᠤᠨ ᠦᠰᠦᠭ ᠪᠢᠴᠢᠭ ᠢ ᠵᠡᠷᠭᠡ ᠪᠠᠷ ᠬᠡᠷᠡᠭᠯᠡᠬᠦ ᠬᠠᠮᠢᠶᠠᠷᠤᠯᠳᠠ ᠶᠢᠨ ᠳᠦᠷᠢᠮ︾ ᠢ ᠨᠡᠪᠳᠡᠷᠡᠬᠦᠯᠵᠦ᠂ ᠤᠯᠠᠨ ᠳᠦᠮᠡᠨ ᠦᠨᠳᠤᠰᠤᠳᠡᠨ ᠤ ᠳᠦᠷᠦ ᠶᠢᠨ ᠪᠤᠳᠤᠯᠭ᠎ᠠ ᠶᠢ ᠪᠦᠬᠦ ᠳᠠᠯ᠎ᠠ ᠪᠠᠷ ᠤᠶᠢᠯᠠᠭᠠᠵᠦ᠂ ᠰᠠᠶᠢᠨ ᠰᠠᠶᠢᠬᠠᠨ ᠦᠨᠳᠤᠰᠦᠳᠡᠨ ᠤ ᠪᠦᠯᠬᠦᠮᠳᠡᠯ ᠤᠨ ᠠᠭᠤᠷ ᠠᠮᠢᠰᠬᠤᠯ ᠢ ᠪᠤᠢ ᠪᠤᠯᠭᠠᠬᠤ ᠳᠤ ᠰᠠᠭᠤᠷᠢ ᠳᠠᠯᠪᠢᠪᠠ᠃
 
ᠢᠷᠡᠯᠲᠡ᠄ ᠰᠢᠭᠤᠢ᠌ᠢᠳᠤ ᠳᠤᠭᠤᠷᠢᠭ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号