ᠰᠢᠨᠬᠤᠸᠠ ᠬᠤᠷᠢᠶᠠᠨ ᠤ ᠪᠡᠭᠡᠵᠢᠩ ᠤᠨ 12 ᠰᠠᠷ᠎ᠠ ᠶᠢᠨ 23 ᠤ ᠡᠳᠦᠷ ᠤᠨ ᠮᠡᠳᠡᠭᠡ ︵ᠰᠤᠷᠪᠤᠯᠵᠢᠯᠠᠭᠴᠢ | ᠬᠤ᠋ ᠬᠤᠤ︶ ᠲᠦᠷᠦᠭᠦᠬᠡᠨ ᠬᠤᠷᠠᠯᠳᠤᠭᠤᠯᠤᠭᠰᠠᠨ ᠶᠢᠰᠦᠳᠦᠭᠡᠷ ᠬᠤᠭᠤᠴᠠᠭᠠᠨ ᠤ ᠪᠥᠬᠦ ᠤᠯᠤᠰ ᠤᠨ | ᠪᠣᠯᠪᠠᠰᠤᠷᠠᠭᠤᠯᠤᠯ ᠬᠦᠮᠦᠵᠢᠭᠦᠯᠦᠯ ᠤᠨ ᠬᠥᠭᠵᠢᠯᠲᠡ ᠶᠢᠨ ᠶᠡᠭᠡ ᠬᠤᠷᠠᠯ ᠳᠡᠭᠡᠷ᠎ᠡ᠂ ᠰᠤᠷᠭᠠᠨ ᠬᠥᠮᠦᠵᠢᠯ ᠤᠨ ᠶᠠᠮᠤᠨ ᠤ | ᠰᠠᠭᠤᠷᠢ ᠰᠤᠷᠭᠠᠨ ᠬᠥᠮᠦᠵᠢᠯ ᠤᠨ ᠵᠤᠷᠭᠠᠨ ᠤ ᠰᠤᠷᠭᠠᠭᠤᠯᠢ ᠶᠢᠨ ᠭᠠᠳᠠᠨᠠᠭᠢ ᠰᠤᠷᠭᠠᠨ ᠬᠥᠮᠦᠵᠢᠯ ᠬᠢᠭᠡᠳ | ᠪᠣᠯᠪᠠᠰᠤᠷᠠᠭᠤᠯᠤᠯ ᠳᠤ ᠬᠢᠨᠠᠯᠲᠠ ᠲᠠᠯᠪᠢᠵᠤ ᠬᠠᠮᠢᠶᠠᠷᠬᠤ ᠭᠠᠵᠠᠷ ᠤᠨ ᠳᠠᠷᠤᠭ᠎ᠠ ᠰᠢᠤᠢ ᠫᠠᠨ ᠬᠡᠯᠡᠬᠦ ᠳᠡᠭᠡᠨ᠂ | ᠰᠤᠷᠭᠠᠭᠤᠯᠢ ᠶᠢᠨ ᠭᠠᠳᠠᠨᠠᠭᠢ ᠪᠣᠯᠪᠠᠰᠤᠷᠠᠭᠤᠯᠤᠯ ᠤᠨ ᠪᠠᠶᠢᠭᠤᠯᠤᠮᠵᠢ ᠨᠢ ᠨᠢᠭᠡ ᠳᠤ ᠰᠢᠯᠭᠠᠯᠲᠠ ᠶᠢ ᠠᠷᠭᠠᠴᠠᠬᠤ | ᠤᠳᠤᠷᠢᠳᠤᠮᠵᠢ ᠪᠠᠨ ᠡᠷᠡᠰ ᠬᠤᠪᠢᠷᠠᠭᠤᠯᠵᠤ᠂ ︽ᠤᠷᠢᠳᠴᠢᠯᠠᠨ ᠪᠣᠯᠪᠠᠰᠤᠷᠠᠭᠤᠯᠬᠤ ᠪᠠᠷᠢᠮᠵᠢᠶ᠎ᠠ ᠠᠴᠠ ᠲᠠᠪᠠᠭᠤᠯᠤᠨ | ᠪᠤᠯᠪᠠᠰᠤᠷᠠᠭᠤᠯᠬᠤ ᠪᠠ ᠰᠢᠯᠭᠠᠯᠲᠠ ᠶᠢ ᠠᠷᠭᠠᠴᠠᠬᠤ ᠵᠢᠭᠠᠨ ᠰᠤᠷᠭᠠᠯᠲᠠ ᠶᠢᠨ ᠬᠠᠭᠤᠴᠢᠨ ᠠᠷᠭ᠎ᠠ ᠶᠢ ᠳᠠᠬᠢᠵᠤ | ᠠᠪᠬᠤ ᠪᠠᠨ ᠪᠤᠯᠢᠵᠤ᠂ ᠰᠤᠷᠤᠭᠴᠢᠳ ᠤᠨ ᠬᠢᠴᠢᠶᠡᠯ ᠤᠨ ᠭᠠᠳᠠᠨᠠᠬᠢ ᠳᠠᠷᠤᠭᠠᠰᠤ ᠶᠢ ᠬᠦᠨᠳᠦᠷᠡᠭᠦᠯᠵᠦ ᠪᠤᠯᠬᠤ ᠦᠭᠡᠢ︾᠃ | ᠣᠳᠣᠬᠠᠨ ᠳᠤ᠂ ᠰᠤᠷᠭᠠᠭᠤᠯᠢ ᠶᠢᠨ ᠭᠠᠳᠠᠨᠠᠭᠢ ᠪᠤᠯᠪᠠᠰᠤᠷᠠᠭᠤᠯᠤᠯ ᠨᠢ ᠠᠭᠠᠵᠢᠮ ᠢᠶᠠᠷ ᠴᠢᠩᠭ᠎ᠠ ᠬᠠᠮᠢᠶᠠᠷᠴᠤ | ᠵᠢᠷᠤᠮᠵᠢᠭᠤᠯᠤᠨ ᠬᠦᠭᠵᠢᠭᠦᠯᠭᠦ ᠵᠠᠮ ᠲᠡᠶᠢᠰᠢ ᠶᠠᠪᠤᠵᠤ ᠪᠤᠢ᠃ ᠪᠣᠯᠪᠠᠰᠤᠷᠠᠭᠤᠯᠤᠯ ᠤᠨ ᠪᠠᠶᠢᠭᠤᠯᠤᠮᠵᠢ ᠨᠤᠭᠤᠳ ᠬᠡᠪ | ᠴᠢᠨᠠᠷ ᠤᠨ ᠰᠤᠷᠭᠠᠨ ᠬᠥᠮᠦᠵᠢᠯ ᠪᠣᠯᠤᠨ ᠲᠠᠪᠤᠨ ᠬᠥᠮᠦᠵᠢᠯ ᠢ ᠵᠡᠷᠭᠡ ᠳᠤᠨᠢ ᠴᠢᠬᠤᠯᠠᠴᠢᠯᠠᠬᠤ ᠱᠠᠭᠠᠷᠳᠠᠯᠭ᠎ᠠ ᠶᠢᠨ | ᠲᠣᠭᠤᠷᠢᠨ ᠳᠤ᠂ ᠭᠤᠤᠯᠳᠠᠯᠭ᠎ᠠ ᠪᠠᠨ ᠵᠢᠭᠠᠨ ᠰᠤᠷᠭᠠᠬᠤ ᠠᠷᠭ᠎ᠠ ᠶᠢ ᠰᠢᠯᠢᠳᠡᠭᠵᠢᠭᠦᠯᠬᠦ᠂ ᠥᠪᠡᠷᠮᠢᠴᠡᠵᠢᠭᠦᠯᠦᠭᠰᠡᠨ᠂ | ᠣᠯᠠᠨ ᠶᠠᠩᠵᠤᠴᠢᠯᠠᠬᠰᠠᠨ᠂ ᠴᠢᠨᠠᠷ ᠰᠠᠶᠢᠲᠠᠶ ᠦᠢᠯᠡᠴᠢᠯᠡᠭᠡ ᠬᠠᠩᠭᠠᠬᠤ ᠳᠡᠭᠡᠷ᠎ᠡ ᠲᠠᠯᠪᠢᠵᠤ᠂ ᠳᠤᠮᠳᠠᠳᠤ ᠪᠠᠭ᠎ᠠ | ᠰᠤᠷᠭᠠᠭᠤᠯᠢ ᠶᠢᠨ ᠰᠤᠷᠤᠭᠴᠢᠳ ᠤᠨ ᠰᠤᠩᠭᠤᠯᠳᠠ ᠶᠢᠨ ᠴᠢᠨᠠᠷᠲᠠᠢ ᠰᠤᠷᠤᠯᠴᠠᠯᠭ᠎ᠠ ᠶᠢᠨ ᠬᠡᠷᠡᠭᠴᠡᠭᠡ ᠱᠠᠭᠠᠷᠳᠠᠯᠭ᠎ᠠ ᠶᠢ | ᠬᠠᠩᠭᠠᠬᠤ ᠬᠡᠷᠡᠭᠲᠡᠶ᠃ ᠬᠤᠶᠠᠷ ᠲᠤ ᠰᠦᠢᠳᠬᠡᠯ ᠬᠤᠷᠢᠶᠠᠵᠤ ᠰᠦᠢᠳᠬᠡᠯ ᠪᠤᠴᠠᠭᠠᠬᠤ ᠦᠢᠯᠡ ᠠᠵᠢᠯᠯᠠᠭ᠎ᠠ ᠶᠢ | ᠵᠢᠷᠤᠮᠵᠢᠭᠤᠯᠬᠤ ᠬᠡᠷᠡᠭᠲᠡᠶ᠃ ᠬᠤᠯᠪᠣᠭᠳᠠᠯ ᠪᠦᠬᠦᠢ ᠲᠣᠭᠲᠠᠭᠠᠯ ᠢ ᠴᠢᠩᠭ᠎ᠠ ᠬᠡᠷᠡᠭᠵᠢᠭᠦᠯᠵᠦ᠂ ᠪᠣᠯᠪᠠᠰᠤᠷᠠᠭᠤᠯᠤᠯ ᠤᠨ | ᠪᠠᠶᠢᠭᠤᠯᠤᠮᠵᠢ ᠨᠢ 3 ᠰᠠᠷ᠎ᠠ ᠠᠴᠠ ᠬᠡᠲᠦᠷᠡᠭᠰᠡᠨ ᠵᠠᠷᠤᠳᠠᠯ ᠢ ᠨᠢᠭᠡ ᠤᠳᠠᠭ᠎ᠠ ᠶᠢᠨ ᠴᠢᠨᠠᠷᠲᠠᠶ ᠪᠠᠷ ᠬᠤᠷᠢᠶᠠᠵᠤ ᠪᠣᠯᠬᠤ | ᠦᠭᠡᠢ᠃ ᠪᠣᠯᠪᠠᠰᠤᠷᠠᠭᠤᠯᠤᠯ ᠤᠨ ᠪᠠᠶᠢᠭᠤᠯᠤᠮᠵᠢ ᠨᠢ ᠠᠵᠤ ᠠᠬᠤᠢ ᠶᠢᠨ ᠠᠰᠢᠭ ᠲᠤᠰᠠ ᠶᠢᠨ ᠲᠠᠳᠠᠯᠳᠠ ᠳᠤ | ᠨᠥᠯᠥᠭᠡᠯᠡᠭᠳᠡᠬᠦ ᠦᠭᠡᠢ ᠪᠠᠶᠢᠵᠤ᠂ ᠦᠨ᠎ᠡ ᠪᠠᠭᠤᠷᠠᠭᠤᠯᠬᠤ᠂ ᠪᠡᠯᠡᠨ ᠵᠣᠭᠤᠰ ᠪᠤᠴᠠᠭᠠᠬᠤ ᠵᠡᠷᠭᠡ ᠠᠷᠭ᠎ᠠ ᠬᠡᠯᠪᠡᠷᠢ ᠪᠠᠷ | ᠳᠠᠮᠵᠢᠭᠤᠯᠤᠨ ᠭᠡᠷ ᠤᠨ ᠠᠬᠠᠮᠠᠳ ᠢ ᠦᠲᠦᠭᠡᠨ ᠲᠠᠳᠠᠵᠤ ᠬᠤᠭᠤᠴᠠᠭ᠎ᠠ ᠠᠴᠠ ᠬᠡᠲᠦᠷᠡᠭᠦᠯᠦᠨ ᠰᠦᠢᠳᠬᠡᠯ | ᠲᠤᠰᠢᠶᠠᠯᠭᠠᠵᠤ ᠪᠤᠯᠬᠤ ᠦᠭᠡᠢ ᠪᠥᠭᠡᠳ ᠵᠠᠬ᠎ᠠ ᠳᠡᠯᠭᠡᠭᠦᠷ ᠤᠨ ᠵᠢᠮ᠎ᠡ ᠶᠣᠰᠣ ᠶᠢ ᠵᠥᠷᠢᠴᠡᠨ᠂ ᠥᠪᠡᠷ ᠤᠨ | ᠬᠥᠭᠵᠢᠯᠲᠡ ᠶᠢᠨ ᠪᠠᠶᠢᠳᠠᠯ ᠢᠶᠠᠨ ᠬᠠᠶᠢᠬᠤᠷᠤᠯ ᠦᠭᠡᠢ ᠪᠠᠷ ᠰᠣᠬᠤᠷ ᠪᠠᠯᠠᠶ ᠪᠠᠷ ᠥᠷᠭᠡᠳᠬᠡᠬᠦᠦᠭᠡᠢ ᠪᠠᠶᠢᠬᠤ ᠶᠢ | ᠬᠦᠰᠡᠵᠦ ᠪᠠᠶᠢᠨ᠎ᠠ ᠬᠡᠪᠡ᠃ | ᠲᠡᠷᠡ ᠢᠯᠡᠷᠬᠡᠶᠢᠯᠡᠬᠦ ᠳᠡᠭᠡᠨ᠂ ᠭᠤᠷᠪᠠ ᠳᠤ ᠰᠤᠷᠭᠠᠭᠤᠯᠢ ᠶᠢᠨ ᠭᠠᠳᠠᠨᠠᠭᠢ ᠪᠣᠯᠪᠠᠰᠤᠷᠠᠭᠤᠯᠤᠯ ᠢ | ᠰᠤᠷᠤᠭᠴᠢ ᠡᠯᠰᠡᠬᠦ ᠪᠠ ᠰᠤᠷᠭᠠᠭᠤᠯᠢ ᠳᠤ ᠣᠷᠣᠬᠤ ᠲᠠᠢ ᠬᠤᠯᠪᠣᠭᠳᠠᠭᠤᠯᠬᠤ ᠶᠢ ᠴᠢᠩᠭ᠎ᠠ ᠴᠠᠭᠠᠵᠠᠯᠠᠨ᠎ᠠ᠂ ︽ᠡᠨᠡ ᠪᠣᠯ | ᠨᠢᠭᠡᠨ ᠤᠯᠠᠭᠠᠨ ᠱᠤᠭᠤᠮ ᠮᠥᠨ᠂ ᠪᠠᠰᠠ ᠴᠤ ᠨᠢᠭᠡᠨ ᠨᠠᠭᠠᠳᠤ ᠵᠠᠬ᠎ᠠ ᠶᠢᠨ ᠬᠤᠷᠢᠭ᠎ᠠ ᠱᠤᠭᠤᠮ ᠮᠥᠨ︾᠃ | ᠪᠣᠯᠪᠠᠰᠤᠷᠠᠭᠤᠯᠤᠯ ᠤᠨ ᠪᠠᠶᠢᠭᠤᠯᠤᠮᠵᠢ ᠨᠤᠭᠤᠳ ᠰᠤᠷᠤᠭᠴᠢ ᠡᠯᠰᠡᠬᠦ ᠪᠠ ᠰᠤᠷᠭᠠᠭᠤᠯᠢ ᠳᠤ ᠣᠷᠣᠬᠤ ᠲᠠᠢ | ᠬᠤᠯᠪᠣᠭᠳᠠᠭᠤᠯᠤᠭᠰᠠᠨ ᠡᠯ᠎ᠡ ᠵᠦᠢᠯ ᠤᠨ ᠤᠷᠤᠯᠳᠤᠭᠠᠨ᠂ ᠵᠤᠰᠠᠭᠠᠯ᠂ ᠰᠤᠳᠤᠯᠤᠨ ᠰᠤᠷᠤᠯᠴᠠᠬᠤ ᠠᠵᠢᠯᠯᠠᠭ᠎ᠠ ᠶᠢ | ᠵᠣᠬᠢᠶᠠᠨ ᠪᠠᠶᠢᠭᠤᠯᠬᠤ ᠪᠤᠶᠤ ᠲᠤᠮᠳᠠᠳᠤ ᠪᠠᠭ᠎ᠠ ᠰᠤᠷᠭᠠᠭᠤᠯᠢ ᠲᠠᠢ ᠬᠠᠮᠲᠤᠷᠠᠨ ᠵᠣᠬᠢᠶᠠᠨ ᠪᠠᠶᠢᠭᠤᠯᠬᠤ ᠶᠢ ᠴᠢᠩᠭ᠎ᠠ | ᠴᠠᠭᠠᠵᠠᠯᠠᠵᠤ᠂ ᠣᠯᠵᠤ ᠮᠡᠳᠡᠮᠡᠭᠴᠡ ᠯᠠᠪᠲᠠᠶ ᠴᠢᠩᠭ᠎ᠠ ᠪᠠᠶᠢᠴᠠᠭᠠᠨ ᠰᠢᠢᠳᠪᠦᠷᠢᠯᠡᠵᠦ᠂ ᠪᠣᠯᠪᠠᠰᠤᠷᠠᠭᠤᠯᠤᠯ ᠤᠨ | ᠪᠠᠶᠢᠭᠤᠯᠤᠮᠵᠢ᠂ ᠬᠤᠯᠪᠣᠭᠳᠠᠯ ᠪᠦᠬᠦᠢ ᠰᠤᠷᠭᠠᠭᠤᠯᠢ ᠪᠣᠯᠤᠨ ᠬᠠᠮᠢᠶ᠎ᠠ ᠪᠦᠬᠦᠢ ᠬᠥᠮᠦᠰ ᠤᠨ ᠬᠠᠷᠢᠭᠤᠴᠠᠯᠭ᠎ᠠ ᠶᠢ | ᠬᠠᠤᠯᠢ ᠲᠣᠭᠲᠠᠭᠠᠯ ᠶᠣᠰᠣᠭᠠᠷ ᠨᠡᠭᠡᠮᠵᠢᠯᠡᠨ᠎ᠠ᠃ ᠵᠦᠢ ᠵᠣᠬᠢᠰᠲᠠᠶ ᠪᠠᠷ ᠤᠬᠠᠭᠤᠯᠵᠤ᠂ ᠪᠣᠯᠪᠠᠰᠤᠷᠠᠭᠤᠯᠤᠯ ᠤᠨ | ᠦᠢᠯᠡᠳᠦᠯ ᠢ ᠶᠡᠬᠡᠰᠬᠡᠵᠦ ᠪᠣᠯᠬᠤ ᠦᠭᠡᠢ ᠪᠦᠭᠡᠳ ᠥᠰᠬᠡᠭᠡᠨ ᠲᠥᠰᠬᠡᠭᠡᠨ ᠲᠠᠢ ᠶᠠᠷᠢᠵᠤ ᠪᠠᠴᠢᠮᠳᠠᠨ ᠵᠤᠪᠠᠨᠢᠬᠤ | ᠤᠷᠮᠠᠰ ᠲᠠᠢ ᠪᠤᠯᠭᠠᠵᠤ ᠪᠣᠯᠬᠤ ᠦᠭᠡᠢ᠃ ᠳᠥᠷᠪᠡ ᠳᠤ ᠰᠦᠯᠵᠢᠶᠡᠨ ᠳᠡᠭᠡᠷᠡᠬᠢ ᠪᠣᠯᠪᠠᠰᠤᠷᠠᠭᠤᠯᠤᠯ ᠤᠨ | ᠪᠠᠶᠢᠭᠤᠯᠤᠮᠵᠢ ᠨᠤᠭᠤᠳ ᠲᠠᠩᠰᠠᠨ ᠳᠤ ᠲᠡᠮᠳᠡᠭᠯᠡᠭᠦᠯᠭᠦ ᠠᠵᠢᠯ ᠢ ᠱᠠᠯᠠᠪᠳᠠᠨ ᠰᠠᠶᠢᠲᠤᠷ ᠬᠢᠬᠦ ᠬᠡᠷᠡᠭᠲᠡᠶ᠃ ᠰᠦᠯᠵᠢᠶᠡᠨ | ᠳᠡᠭᠡᠷᠡᠬᠢ ᠪᠣᠯᠪᠠᠰᠤᠷᠠᠭᠤᠯᠤᠯ ᠤᠨ ᠪᠠᠶᠢᠭᠤᠯᠤᠮᠵᠢ ᠶᠢ ᠲᠠᠩᠰᠠᠨ ᠳᠤ ᠲᠡᠮᠳᠡᠭᠯᠡᠭᠦᠯᠭᠦ ᠠᠵᠢᠯ ᠪᠣᠯ ᠲᠤᠯᠭᠠᠮ᠎ᠠ ᠡᠭᠦᠷᠭᠡ | ᠪᠤᠯᠬᠤ ᠶᠤᠮ᠂ ᠰᠦᠯᠵᠢᠶᠡᠨ ᠳᠡᠭᠡᠷᠡᠬᠢ ᠪᠣᠯᠪᠠᠰᠤᠷᠠᠭᠤᠯᠤᠯ ᠡᠷᠬᠢᠯᠡᠵᠦ ᠪᠠᠶᠢᠭ᠎ᠠ ᠪᠠᠶᠢᠭᠤᠯᠤᠮᠵᠢ ᠨᠤᠭᠤᠳ ᠢᠳᠡᠪᠬᠢᠲᠡᠢ | ᠰᠠᠨᠠᠭᠠᠴᠢᠯᠠᠭ᠎ᠠ ᠠᠴᠠ ᠪᠠᠨ ᠲᠠᠩᠰᠠᠨ ᠳᠤ ᠲᠡᠮᠳᠡᠭᠯᠡᠭᠦᠯᠭᠦ ᠪᠠᠷ ᠭᠤᠶᠤᠴᠢᠯᠠᠯ ᠭᠠᠷᠭᠠᠵᠤ᠂ ᠱᠠᠭᠠᠷᠳᠠᠯᠭ᠎ᠠ ᠶᠣᠰᠣᠭᠠᠷ | ᠲᠠᠩᠰᠠᠨ ᠳᠤ ᠲᠡᠮᠳᠡᠭᠯᠡᠭᠦᠯᠭᠦ ᠮᠠᠲ᠋ᠧᠷᠢᠶᠠᠯ ᠬᠠᠩᠭᠠᠵᠤ᠂ ᠬᠢᠨᠠᠯᠲᠠ ᠬᠠᠮᠢᠶᠠᠷᠤᠯᠲᠠ ᠶᠢ ᠤᠬᠠᠮᠰᠠᠷ ᠠᠴᠠ ᠪᠠᠨ ᠬᠦᠯᠢᠶᠡᠬᠦ | ᠬᠡᠷᠡᠭᠲᠡᠶ ᠬᠡᠪᠡ᠃ |