6 ᠰᠠᠷ᠎ᠠ ᠶᠢᠨ 22 ᠤ ᠡᠳᠣᠷ ᠣᠮᠠᠷᠠᠲᠦ ᠬᠤᠶᠠᠳᠤᠭᠠᠷ ᠨᠡᠶᠢᠭᠡᠮ ᠲᠣᠭᠤᠷᠢᠭ᠂ ᠪᠣᠭᠤᠲᠦ ᠬᠤᠲᠠ ᠶᠢᠨ ᠶᠠᠰᠣ | ᠴᠢᠨᠠᠷ ᠲᠤ ᠮᠡᠷᠭᠡᠵᠢᠯ ᠤᠨ ᠬᠢᠨᠡᠯᠲᠡ ᠲᠠᠯᠪᠢᠬᠤ ᠲᠣᠪᠴᠢᠶ᠎ᠠ᠂ ᠳ᠋ᠦᠩ ᠾᠧ ᠲᠣᠭᠤᠷᠢᠭ ᠤᠨ ᠵᠠᠬ᠎ᠠ ᠲᠡᠯᠭᠡᠭᠦᠷ ᠢ ᠬᠢᠨᠡᠨ | ᠪᠠᠶᠢᠴᠠᠭᠠᠬᠤ ᠲᠣᠪᠴᠢᠶ᠎ᠠ ᠵᠢᠴᠢ ᠬᠦᠷᠡᠯ ᠰᠢᠯᠢ ᠶᠢᠨ ᠡᠯ᠎ᠡ ᠡᠳᠡᠯᠡᠩ ᠤᠨ ᠺᠣᠮᠫᠠᠨᠢ᠂ ᠴᠠᠬᠢᠯᠭᠠᠨ ᠱᠠᠲᠤ ᠶᠢ ᠵᠠᠰᠠᠵᠦ | ᠬᠠᠮᠢᠶᠠᠷᠬᠤ ᠺᠣᠮᠫᠠᠨᠢ ᠲᠠᠢ ᠬᠤᠯᠪᠤᠭᠠᠯᠠᠨ ᠣᠨᠴᠠᠭᠠᠢ ᠲᠣᠨᠤᠭ ᠲᠦᠬᠦᠭᠡᠷᠤᠮᠵᠢ ᠠᠮᠤᠷ ᠲᠦᠪᠰᠢᠨ ᠢᠶᠠᠷ ᠨᠡᠶᠢᠭᠡᠮ | ᠲᠣᠭᠤᠷᠢᠭ ᠲᠤ ᠣᠷᠤᠬᠤ ᠣᠬᠠᠭᠤᠯᠤᠯᠭᠠ ᠶᠢᠨ ᠬᠦᠳᠡᠯᠭᠡᠭᠡᠨ ᠢ ᠦᠷᠨᠢᠭᠦᠯᠪᠡ᠃ | | ᠬᠦᠳᠡᠯᠭᠡᠭᠡᠨ ᠤ ᠲᠠᠯᠠᠪᠠᠢ ᠳᠤ ᠰᠠᠭᠤᠭᠠᠯᠢ ᠲᠣᠭᠤᠷᠢᠭ ᠤᠨ ᠴᠠᠬᠢᠯᠭᠠᠨ ᠱᠠᠲᠤ ᠶᠢ ᠭᠡᠷᠡᠭᠯᠡᠬᠦ ᠬᠠᠮᠢᠶ᠎ᠠ ᠲᠠᠢ | ᠠᠰᠠᠭᠤᠳᠡᠯ ᠳᠤ ᠲᠠᠶᠢᠯᠪᠦᠷᠢᠯᠡᠯᠳᠠ ᠬᠢᠵᠦ᠂ ᠡᠭᠦᠨ ᠤ ᠬᠠᠮᠲᠦ ᠴᠠᠬᠢᠯᠭᠠᠨ ᠱᠠᠲᠦ ᠶᠢ ᠵᠦᠪ ᠬᠡᠷᠡᠭᠯᠡᠬᠦ ᠦᠨᠳᠤᠰᠤᠨ | ᠮᠡᠳᠡᠯᠭᠡ᠂ ᠣᠨᠴᠠᠭᠠᠢ ᠪᠠᠶᠢᠳᠡᠯ ᠢ ᠠᠷᠭᠠᠴᠠᠬᠤ ᠲᠠᠷᠤᠭᠤᠯ ᠵᠡᠷᠭᠡ ᠴᠠᠬᠢᠯᠭᠠᠨ ᠱᠠᠲᠤ ᠶᠢ ᠬᠠᠮᠠᠭᠠᠯᠠᠬᠤ ᠲᠣᠨᠤᠭ | ᠲᠦᠬᠦᠭᠡᠷᠤᠮᠵᠢ ᠲᠤ ᠨᠠᠷᠠᠯᠢᠭ ᠲᠠᠶᠢᠯᠪᠤᠷᠢᠯᠠᠯᠲᠠ ᠬᠢᠭᠰᠡᠨ ᠪᠠᠶᠢᠨ᠎ᠠ᠃ | | ᠡᠭᠦᠨ ᠤ ᠬᠠᠮᠲᠦ᠂ ᠰᠢᠨ᠎ᠡ ᠶᠢᠷᠲᠢᠨᠴᠦ ᠡᠳᠡᠯᠡᠩ ᠤᠨ ᠺᠣᠮᠫᠠᠨᠢ ᠲᠠᠢ ᠬᠤᠯᠪᠤᠭᠠᠯᠠᠨ᠂ ᠬᠤᠶᠢᠲᠦ ᠨᠢᠭᠡᠳᠦᠭᠡᠷ | ᠰᠠᠭᠤᠭᠠᠯᠢ ᠲᠣᠭᠤᠷᠢᠭ ᠲᠤ ᠴᠠᠬᠢᠯᠭᠠᠨ ᠱᠠᠲᠦ ᠳᠤ ᠬᠦᠮᠦᠨ ᠬᠠᠰᠢᠭᠳᠠᠬᠤ ᠶᠢ ᠪᠣᠯᠪᠠᠰᠤᠷᠠᠵᠤ᠂ ᠬᠡᠮᠳᠡᠯ ᠠᠴᠠ ᠪᠣᠯᠵᠦ | ᠴᠠᠬᠢᠯᠭᠠᠨ ᠱᠠᠲᠦ ᠭᠡᠨᠡᠳᠲᠡ ᠵᠣᠭᠰᠣᠬᠤ ᠶᠢ ᠵᠠᠭᠪᠣᠷᠢᠴᠢᠯᠠᠬᠤ ᠰᠣᠷᠢᠯᠭ᠎ᠠ ᠬᠢᠵᠦ᠂ ᠪᠦᠬᠦᠶᠢᠯᠡ ᠠᠪᠣᠷᠡᠯᠲᠠ ᠶᠢᠨ | ᠶᠠᠪᠣᠴᠠ ᠳᠤ ᠠᠶᠣᠯ ᠠᠴᠠ ᠠᠷᠭᠠᠴᠠᠬᠤ ᠬᠦᠮᠦᠰ ᠲᠦᠷᠭᠡᠨ ᠠᠷᠭᠠᠴᠠᠵᠤ᠂ ᠲᠡᠰ ᠲᠠᠷᠠᠭ᠎ᠠ ᠨᠢ ᠬᠡᠪ ᠵᠢᠷᠤᠮ ᠲᠠᠢ᠂ | ᠠᠷᠭ᠎ᠠ ᠠᠪᠴᠠᠯ ᠨᠢ ᠰᠢᠨᠵᠢᠯᠡᠬᠦ ᠤᠬᠠᠭᠠᠨᠴᠢ ᠵᠣᠬᠢᠰᠲᠠᠢ᠂ ᠰᠣᠷᠢᠯᠭ᠎ᠠ ᠨᠢ ᠪᠦᠷᠢᠨ ᠠᠮᠵᠢᠯᠲᠠ ᠣᠯᠤᠭᠰᠠᠨ ᠪᠠᠶᠢᠨ᠎ᠠ᠃ | |