ᠡᠪᠦᠯ ᠤᠨ ᠴᠠᠭ ᠲᠤ ᠪᠡᠶ᠎ᠡ ᠪᠠᠨ ᠪᠣᠯᠪᠠᠰᠤᠷᠠᠭᠤᠯᠬᠤ ᠳᠤ ᠳᠠᠭᠠᠷᠠᠭᠰᠠᠨ ᠦᠶᠡᠰ ᠭᠠᠯ ᠳᠤ ᠡᠭᠡᠭᠡᠵᠦ ᠪᠣᠯᠬᠤ | ᠦᠭᠡᠢ ᠭᠠᠯ ᠬᠦᠯ ᠶᠠᠩᠭᠢᠨᠡᠵᠦ ᠳᠠᠭᠠᠷᠠᠭᠰᠠᠨ ᠦᠶᠡᠰ ᠭᠠᠯ ᠳᠡᠭᠡᠷ᠎ᠠ ᠡᠭᠡᠭᠡᠵᠦ ᠳᠤᠯᠠᠭᠠᠴᠠᠬᠤ ᠨᠢ ᠵᠣᠬᠢᠰ ᠲᠠᠢ ᠰᠢᠭ᠋ | ᠪᠣᠯᠪᠠᠴᠤ ᠢᠩᠬᠢᠵᠦ ᠪᠣᠯᠳᠠᠭ ᠦᠭᠡᠢ᠃ ᠤᠴᠢᠷ ᠨᠢ ᠡᠪᠦᠯ ᠭᠠᠷ ᠬᠦᠯ ᠢᠶᠠᠨ ᠭᠠᠳᠠᠨ᠎ᠠ ᠤᠳᠠᠭᠠᠨ ᠪᠠᠶᠢᠯᠭᠠᠪᠠᠯ᠂ | ᠴᠢᠰᠤᠨ ᠰᠤᠳᠠᠯ ᠠᠪᠴᠢᠵᠦ ᠴᠢᠰᠤᠨ ᠬᠦᠶᠦᠳᠡᠯ ᠤᠳᠠᠭᠠᠰᠢᠷᠠᠨ᠎ᠠ᠂ ᠡᠨᠡ ᠦᠶ᠎ᠡ ᠳᠤ ᠬᠡᠷᠪᠡ ᠳᠣᠣᠷ᠎ᠠ ᠨᠢ ᠭᠠᠯ ᠳᠤ | ᠡᠭᠡᠭᠡᠪᠡᠯ ᠴᠢᠰᠤᠨ ᠰᠤᠳᠠᠯ ᠮᠢᠨᠴᠦᠭᠦᠷᠡᠵᠦ᠂ ᠠᠪᠴᠢᠬᠤ ᠴᠢᠳᠠᠯ ᠢᠶᠠᠨ ᠠᠯᠳᠠᠨ᠂ ᠯᠤᠭᠰᠢᠭᠤᠨ ᠰᠤᠳᠠᠯ ᠳᠤ ᠴᠢᠰᠤ | ᠪᠦᠭᠯᠡᠷᠡᠵᠦ᠂ ᠬᠢᠯᠭᠠᠰᠤᠨ ᠰᠤᠳᠠᠯ ᠲᠡᠯᠡᠵᠦ᠂ ᠨᠡᠪᠴᠢᠬᠦ ᠴᠢᠨᠠᠷ ᠨᠢ ᠴᠢᠩᠭᠠᠷᠠᠵᠤ᠂ ᠭᠡᠰᠡᠭ ᠭᠠᠵᠠᠷ ᠲᠤ ᠴᠢᠰᠤ | ᠬᠤᠷᠠᠨ᠎ᠠ᠃ ᠬᠦᠩᠭᠡᠨ ᠳᠡᠭᠡᠨ ᠬᠦᠯᠳᠡᠭᠰᠡᠨ ᠰᠤᠷᠪᠢ ᠦᠯᠡᠳᠡᠵᠦ᠂ ᠬᠦᠨᠳᠦ ᠳᠡᠭᠡᠨ ᠨᠡᠭᠡᠳᠡᠰᠦ ᠨᠢ ᠦᠬᠦᠴᠢᠨᠠ᠃ | ᠲᠡᠶᠢᠮᠦ ᠠᠴᠠ ᠬᠦᠯᠳᠡᠭᠰᠡᠨ ᠭᠠᠷ ᠭᠦᠯ ᠢ ᠬᠦᠩᠭᠡᠭᠡᠨ ᠨᠤᠬᠤᠯᠠᠨ ᠱᠦᠷᠭᠦᠭᠡᠵᠦ ᠪᠠᠶᠢᠭᠠᠳ ᠠᠭᠠᠵᠢᠮ ᠢᠶᠠᠷ | ᠳᠤᠯᠠᠭᠠᠴᠠᠭᠤᠯᠤᠨ᠎ᠠ᠃ ᠤᠷᠤᠭᠤᠯ ᠬᠠᠳᠠᠭᠰᠠᠨ ᠴᠤ ᠳᠣᠯᠢᠶᠠᠵᠦ ᠪᠣᠯᠬᠤ ᠦᠭᠡᠢ ᠡᠪᠦᠯ ᠤᠨ ᠴᠠᠭ ᠲᠤ ᠤᠷᠤᠭᠤᠯ | ᠬᠠᠲᠠᠪᠠᠯ ᠬᠡᠯᠡ ᠪᠠᠷ ᠢᠶᠠᠨ ᠳᠣᠯᠢᠶᠠᠵᠦ ᠨᠣᠷᠭᠠᠵᠤ ᠪᠣᠯᠬᠤ ᠦᠭᠡᠢ᠃ ᠤᠴᠢᠷ ᠨᠢ ᠰᠢᠯᠦᠰᠦ ᠪᠣᠯ ᠰᠢᠯᠦᠰᠦᠨ | ᠪᠣᠯᠴᠢᠷᠬᠠᠢ ᠠᠴᠠ ᠰᠢᠭᠦᠷᠡᠵᠦ᠂ ᠠᠮᠠᠨ ᠤ ᠬᠦᠨᠳᠡᠢ ᠶᠢ ᠨᠦᠢᠲᠠᠨ ᠪᠣᠯᠭᠠᠬᠤ ᠪᠠ ᠢᠳᠡᠰᠢ ᠰᠢᠩᠭᠡᠭᠡᠬᠦ ᠳᠤ ᠭᠡᠷᠡᠭ ᠲᠠᠢ | ᠪᠠᠶᠢᠵᠤ᠂ ᠲᠡᠭᠦᠨ ᠤ ᠳᠣᠲᠤᠷ᠎ᠠ ᠴᠠᠷᠳᠠᠭᠤᠯ ᠤᠨ ᠢᠰᠭᠡᠭᠦᠷ ᠮᠡᠲᠦ ᠶᠢᠨ ᠪᠣᠳᠠᠰ ᠠᠭᠤᠯᠤᠭᠳᠠᠵᠤ ᠨᠢᠯᠴᠠᠭᠠᠶᠢᠪᠲᠦᠷ | ᠪᠠᠶᠢᠳᠠᠭ᠃ ᠤᠷᠤᠭᠤᠯ ᠢᠶᠠᠨ ᠳᠣᠯᠢᠶᠠᠬᠤ ᠳᠤ ᠶᠠᠭ ᠨᠢᠭᠡᠨ ᠳᠠᠪᠬᠤᠷ ᠨᠠᠭᠠᠯᠲᠠ ᠲᠦᠷᠬᠢᠭᠰᠡᠨ ᠰᠢᠭ ᠪᠣᠯᠵᠤ᠂ | ᠰᠠᠯᠬᠢᠨ ᠦᠵᠡᠪᠡᠯ ᠤᠰᠤ ᠨᠢ ᠠᠭᠤᠷᠰᠢᠵᠦ ᠴᠠᠷᠳᠠᠭᠤᠯ ᠤᠨ ᠢᠰᠭᠡᠭᠦᠷ ᠨᠢ ᠤᠷᠤᠭᠤᠯ ᠳᠡᠭᠡᠷ᠎ᠡ ᠨᠠᠭᠠᠯᠳᠤᠵᠦ ᠨᠡᠩ | ᠬᠡᠴᠡᠭᠦᠦ ᠬᠠᠳᠠᠨ᠎ᠠ᠂ ᠴᠢᠨᠠᠭᠰᠢᠯᠠᠪᠠᠯ ᠤᠷᠤᠭᠤᠯ ᠬᠠᠨᠭᠠᠷᠠᠨ ᠴᠢᠰᠦ ᠭᠠᠷᠴᠤ᠂ ᠢᠳᠡᠭᠡ ᠰᠢᠭᠦᠰᠦ ᠭᠠᠷᠤᠨ᠎ᠠ᠃ | ᠡᠶᠢᠮᠦ ᠠᠴᠠ ᠤᠷᠤᠭᠤᠯ ᠬᠠᠭᠠᠷᠠᠬᠤ ᠦᠶᠡᠰ᠂ ᠪᠦᠯᠢᠶᠡᠨ ᠤᠰᠤ ᠪᠠᠷ ᠰᠠᠶᠢᠲᠤᠷ ᠤᠬᠢᠶᠠᠵᠦ ᠴᠡᠪᠡᠷᠯᠡᠨ ᠡᠩᠭᠡᠰᠭᠡ | ᠪᠣᠶᠤ ᠤᠷᠤᠭᠤᠯ ᠤᠨ ᠳᠤᠰᠤ ᠲᠦᠷᠬᠢᠨ᠎ᠡ᠃ ᠪᠠᠰᠠ ᠶᠡᠷᠦ ᠳᠡᠭᠡᠨ ᠪᠤᠴᠠᠯᠤᠭᠰᠠᠨ ᠤᠰᠤ ᠠᠷᠪᠢᠨ ᠤᠤᠭᠤᠵᠦ ᠬᠦᠭᠡ | ᠨᠣᠭᠤᠭ᠎ᠠ ᠵᠢᠮᠢᠰ ᠠᠷᠪᠢᠨ ᠢᠳᠡᠪᠡᠯ ᠵᠣᠬᠢᠨ᠎ᠠ᠃ ᠵᠠᠭᠠᠲᠤᠨᠠᠭᠰᠠᠨ ᠴᠤ ᠮᠡᠭᠠᠵᠢᠵᠦ ᠪᠣᠯᠬᠤ ᠦᠭᠡᠢ ᠡᠪᠦᠯ ᠤᠨ ᠠᠭᠤᠷ | ᠠᠮᠢᠰᠬᠤᠯ ᠬᠠᠭᠤᠷᠡᠢ ᠠᠴᠠ ᠪᠣᠯᠵᠤ ᠪᠦᠬᠦ ᠪᠡᠶ᠎ᠡ ᠵᠠᠭᠠᠲᠤᠨᠠᠳᠠᠭ ᠶᠤᠮ᠃ ᠡᠨᠡ ᠦᠶᠡᠰ ᠶᠠᠭᠠᠬᠢᠭᠰᠠᠨ ᠴᠤ ᠮᠠᠭᠠᠵᠢᠵᠤ | ᠪᠣᠯᠬᠤ ᠦᠭᠡᠢ᠂ ᠡᠰᠡ ᠲᠡᠶᠢᠮᠦ ᠪᠣᠯ ᠠᠷᠠᠰᠤ ᠴᠢᠨᠢ ᠠᠮᠠᠷᠬᠠᠨ ᠰᠢᠯᠪᠤᠷᠢᠵᠦ ᠬᠤᠪᠢᠯᠤᠨ᠎ᠠ᠃ ᠰᠡᠷᠭᠡᠶᠢᠯᠡᠨ ᠵᠠᠰᠠᠬᠤ | ᠠᠷᠭ᠎ᠠ ᠭᠡᠪᠡᠯ᠂ ᠤᠰᠤ ᠠᠷᠪᠢᠨ ᠤᠤᠭᠤᠵᠤ᠂ ᠰᠢᠨ᠎ᠡ ᠰᠤᠷᠭᠤᠭ ᠬᠦᠭᠡ ᠨᠣᠭᠤᠭ᠎ᠠ᠂ ᠵᠢᠮᠢᠰ ᠠᠷᠪᠢᠨ ᠢᠳᠡᠵᠦ | ᠬᠦᠴᠢᠯᠯᠢᠭ᠂ ᠭᠤᠰᠤᠭᠤᠨ ᠵᠡᠷᠭᠡ ᠰᠡᠳᠡᠯᠳᠡ ᠶᠢᠨ ᠴᠢᠨᠡᠷᠲᠡᠢ ᠢᠳᠡᠭᠡᠨ ᠢ ᠳᠤᠲᠠᠭᠤ ᠢᠳᠡᠪᠡᠯ ᠵᠣᠬᠢᠨ᠎ᠠ᠃ ᠪᠡᠶ᠎ᠡ ᠪᠠᠨ | ᠦᠷᠭᠦᠯᠵᠢ ᠤᠬᠢᠶᠠᠨ᠂ ᠳᠣᠲᠤᠷ ᠬᠤᠪᠴᠠᠰᠤ ᠢᠶᠠᠨ ᠦᠷᠬᠦᠯᠵᠢ ᠰᠣᠯᠢᠬᠤ ᠬᠡᠷᠡᠭᠲᠡᠢ᠃ ᠵᠠᠭᠠᠲᠤᠨᠠᠬᠤ ᠨᠢ | ᠠᠬᠠᠲᠠᠬᠰᠠᠨ ᠪᠠᠶᠢᠪᠠᠯ ᠡᠮᠴᠢ ᠪᠠᠷ ᠦᠵᠡᠭᠦᠯᠵᠦ᠂ ᠡᠮ ᠲᠦᠷᠬᠢᠪᠡᠯ ᠵᠣᠬᠢᠨ᠎ᠠ᠃ | | |