ᠰᠢᠭᠤᠶᠢᠳᠦ ᠲᠤᠭᠤᠷᠢᠭ ᠤᠨ ᠠᠷᠠᠳ ᠤᠨ ᠵᠠᠰᠠᠭ ᠤᠨ ᠭᠠᠵᠠᠷ ᠤᠨ 2017 ᠤᠨ ᠤ ᠵᠠᠰᠠᠭ ᠤᠨ ᠮᠡᠳᠡᠬᠡᠯᠡᠯ ᠤᠨ ᠵᠢᠯ ᠤᠨ ᠨᠡᠶᠢᠳᠡᠯᠡᠯ ᠤᠨ ᠠᠵᠢᠯ ᠤᠨ ᠲᠤᠬᠠᠢ ᠬᠠᠷᠢᠭᠤ ᠮᠡᠳᠡᠬᠦᠯᠦᠯᠳᠡ
ᠨᠡᠶᠢᠲᠡᠯᠡᠭᠰᠡᠨ ᠴᠠᠭ᠄
2018-04-28
2017 ᠤᠨ ᠳᠤ᠂ ᠰᠢᠭᠤᠶᠢᠳᠦ ᠲᠤᠭᠤᠷᠢᠭ ᠤᠨ ᠠᠷᠠᠳ ᠤᠨ ᠵᠠᠰᠠᠭ ᠤᠨ ᠭᠠᠵᠠᠷ ᠠᠴᠠ ︽ᠪᠦᠬᠦᠳᠡ ᠨᠠᠶᠢᠷᠠᠮᠲᠠᠬᠤ ᠲᠤᠮᠲᠠᠳᠦ ᠠᠷᠠᠳ ᠤᠯᠤᠰ ᠤᠨ ᠵᠠᠰᠠᠭ ᠤᠨ ᠭᠠᠵᠠᠷ ᠤᠨ ᠮᠡᠳᠡᠬᠡᠯᠡᠯ ᠨᠡᠶᠢᠳᠡᠯᠡᠯ ᠤᠨ ᠲᠦᠷᠢᠮ ᠲᠤᠭᠲᠠᠭᠠᠯ︾ ᠢ ᠨᠢᠮᠪᠠᠶᠢᠴᠢᠯᠡᠨ ᠨᠠᠶᠢᠲᠠᠪᠤᠷᠢᠵᠢᠭᠤᠯᠵᠦ᠂ ᠪᠤᠭᠤᠳᠦ ᠬᠤᠲᠠ ᠶᠢᠨ ᠨᠢᠬᠡᠳᠦᠯᠳᠡᠢ ᠲᠤᠭᠢᠷᠠᠭᠤᠯᠤᠯᠲᠠ ᠵᠢᠴᠢ ᠠᠵᠢᠯ ᠤᠨ ᠱᠠᠭᠠᠷᠲᠠᠯᠭ᠎ᠠ ᠪᠠᠷ᠂ ᠵᠠᠰᠠᠭ ᠤᠨ ᠭᠠᠵᠠᠷ ᠤᠨ ᠮᠡᠳᠡᠬᠡᠯᠡᠯ ᠨᠡᠶᠢᠳᠡᠯᠡᠯ ᠤᠨ ᠠᠵᠢᠯ ᠢᠶᠠᠨ ᠨᠠᠷᠢᠨ ᠬᠢᠨᠠᠮᠠᠭᠠᠢ ᠪᠠᠶᠠᠯᠠᠬᠦᠯᠵᠡᠢ᠃ ᠲᠤᠤᠷ᠎ᠠ 2017 ᠤᠨ ᠤ ᠵᠠᠰᠠᠭ ᠤᠨ ᠭᠠᠵᠠᠷ ᠤᠨ ᠮᠡᠳᠡᠬᠡᠯᠡᠯ ᠨᠡᠶᠢᠳᠡᠯᠡᠯ ᠤᠨ  ᠠᠵᠢᠯ  ᠤᠨ ᠳ᠋ᠦᠩᠨᠠᠯᠳᠡ ᠪᠠᠨ ᠲᠤᠯᠢᠯᠠᠭᠤᠯᠤᠶ᠎ᠠ᠄ᠨᠢᠬᠡ᠂ ᠪᠦᠳᠦᠬᠡᠨ ᠪᠠᠶᠢᠭᠤᠯᠤᠯᠲᠠ ᠪᠠ ᠲᠦᠷᠢᠮ ᠲᠤᠭᠲᠠᠭᠠᠯ ᠢᠶᠠᠨ ᠲᠡᠭᠦᠯᠳᠡᠷᠵᠢᠬᠦᠯᠵᠦ᠂ ᠵᠠᠰᠠᠭ ᠤᠨ ᠭᠠᠵᠠᠷ ᠤᠨ ᠮᠡᠳᠡᠬᠡᠯᠡᠯ ᠤᠨ ᠨᠡᠶᠢᠳᠡᠯᠡᠯ ᠤᠨ ᠠᠵᠢᠯ ᠳᠤ ᠪᠠᠲᠤᠯᠠᠭ᠎ᠠ ᠬᠠᠩᠭᠠᠪᠠ᠃    ︽ᠵᠠᠰᠠᠭ ᠤᠨ ᠭᠠᠵᠠᠷ ᠤᠨ ᠮᠡᠳᠡᠬᠡᠯᠡᠯ ᠤᠨ ᠨᠡᠶᠢᠳᠡᠯᠡᠯ ᠤᠨ ᠲᠦᠷᠢᠮ ᠲᠤᠭᠲᠠᠭᠠᠯ︾ ᠤᠨ ᠨᠠᠶᠢᠳᠡᠯᠡᠭᠰᠡᠨ ᠪᠠ ᠬᠡᠷᠡᠭᠵᠢᠬᠦᠯᠦᠭᠰᠡᠨ ᠨᠢ ᠦᠢᠯᠡ ᠠᠵᠢᠯᠯᠠᠭᠠᠨ ᠤ ᠲᠦᠷᠢᠮᠵᠢᠯ᠂ ᠲᠤᠭᠢᠷᠠᠭᠤᠯᠤᠯᠲᠠ ᠵᠤᠬᠢᠴᠡᠭᠤᠯᠤᠯ᠂ ᠠᠷᠢᠭᠤᠨ ᠴᠢᠬᠡᠴᠢ᠂ ᠦᠨᠳᠦᠷ ᠠᠰᠢᠭᠯᠠᠮᠵᠢ ᠪᠦᠬᠦᠢ ᠵᠠᠰᠠᠭ ᠵᠠᠬᠢᠷᠭᠠᠨ ᠤ ᠪᠦᠳᠦᠴᠡ ᠶᠢᠨ ᠴᠢᠬᠤᠯᠠ ᠠᠭᠤᠯᠭ᠎ᠠ᠂ ᠮᠦᠨ ᠴᠦ ᠬᠠᠤᠯᠢ ᠴᠠᠭᠠᠵᠢᠳᠦ ᠵᠠᠰᠠᠭ᠂ ᠦᠢᠯᠡᠴᠢᠯᠡᠯᠬᠡᠳᠦ ᠵᠠᠰᠠᠭ᠂ ᠠᠰᠢᠭᠯᠠᠮᠵᠢᠳᠦ ᠵᠠᠰᠠᠭ ᠢ ᠪᠠᠶᠢᠭᠤᠯᠬᠤ ᠶᠢᠨ ᠴᠢᠬᠤᠯᠠ ᠠᠷᠭ᠎ᠠ ᠬᠡᠮᠵᠢᠶ᠎ᠡ ᠪᠤᠯᠤᠨ᠎ᠠ᠃ ᠡᠨᠡᠬᠦ ᠦᠢᠯᠡ ᠠᠵᠢᠯᠯᠠᠭ᠎ᠠ ᠪᠠᠨ ᠨᠠᠶᠢᠲᠠᠪᠤᠷᠢᠳᠠᠢ ᠶᠠᠪᠤᠭᠲᠠᠭᠤᠯᠬᠤ ᠶᠢᠨ ᠲᠤᠯᠠᠲᠠ᠂ ᠰᠢᠭᠤᠶᠢᠳᠦ ᠶᠢᠨ ᠠᠷᠠᠳ ᠤᠨ ᠵᠠᠰᠠᠭ ᠤᠨ ᠤᠷᠳᠦᠨ ᠠᠴᠠ ᠪᠤᠭᠤᠳᠦ ᠬᠤᠲᠠ ᠶᠢᠨ ᠠᠵᠢᠯ ᠤᠨ ᠶᠠᠷᠦᠩᠭᠡᠢ ᠱᠠᠭᠠᠷᠲᠠᠯᠭ᠎ᠠ ᠶᠢ ᠲᠠᠭᠠᠨ᠂ ᠵᠠᠰᠠᠭ ᠤᠨ ᠭᠠᠵᠠᠷ ᠠᠴᠠ ᠮᠡᠳᠡᠬᠡᠯᠡᠯ ᠤᠨ ᠨᠡᠶᠢᠳᠡᠯᠡᠯ ᠤᠨ ᠲᠤᠰᠬᠠᠢ ᠲᠤᠭᠤᠶᠢᠯᠠᠩ ᠢ ᠵᠤᠬᠢᠶᠠᠨ ᠪᠠᠶᠢᠭᠤᠯᠵᠦ᠂ ᠬᠠᠷᠢᠭᠤᠯᠴᠠᠭ᠎ᠠ ᠲᠤᠲᠤᠷᠬᠠᠢ ᠪᠠᠶᠢᠬᠤ᠂ ᠠᠵᠢᠯ ᠤᠨ ᠶᠠᠪᠤᠴᠠ ᠶᠢᠨ ᠲᠡᠭᠦᠯᠳᠡᠷᠵᠢᠬᠦ ᠵᠡᠷᠬᠡ  ᠳᠤ ᠢᠯᠡ ᠲᠤᠲᠤ ᠠᠷᠭ᠎ᠠ ᠬᠡᠮᠵᠢᠶ᠎ᠡ ᠶᠢ ᠵᠢᠭᠠᠵᠦ᠂ ᠲᠤᠭᠲᠠᠭᠠᠯ ᠤᠨ ᠬᠡᠷᠡᠭᠵᠢᠬᠦᠯᠭᠦ ᠳᠤ ᠬᠦᠢᠴᠡᠳ ᠪᠡᠯᠡᠳᠬᠡᠯ ᠬᠠᠩᠭᠠᠵᠠᠢ᠃︵ᠨᠢᠬᠡ︶ ᠵᠤᠬᠢᠶᠠᠨ ᠪᠠᠶᠢᠭᠤᠯᠬᠤ᠂ ᠤᠲᠤᠷᠢᠲᠤᠨ ᠵᠢᠯᠤᠭᠤᠳᠬᠤ ᠶᠢ ᠴᠢᠩᠭᠠᠳᠬᠠᠵᠦ᠂ ᠠᠵᠢᠯ ᠬᠠᠷᠢᠭᠤᠴᠠᠯᠭ᠎ᠠ   ᠪᠠᠨ ᠲᠤᠲᠤᠷᠬᠠᠢ ᠶᠠᠪᠤᠭᠲᠠᠭᠤᠯᠪᠠ᠃     ᠠᠵᠢᠯ ᠪᠠᠨ ᠠᠯᠬᠤᠮ ᠲᠠᠷᠠᠭ᠎ᠠ ᠲᠠᠢ ᠦᠷᠨᠢᠭᠦᠯᠬᠦ ᠶᠢ ᠪᠠᠲᠤᠯᠠᠬᠤ ᠶᠢᠨ ᠲᠤᠯᠠᠲᠠ᠂ ᠰᠢᠭᠤᠶᠢᠳᠦ ᠲᠤᠭᠤᠷᠢᠭ ᠤᠨ ᠠᠷᠠᠳ ᠤᠨ ᠵᠠᠰᠠᠭ ᠤᠨ ᠭᠠᠵᠠᠷ ᠤᠨ ᠠᠯᠪᠠᠨ ᠬᠡᠷ ᠠᠴᠠ ᠮᠡᠳᠡᠬᠡᠯᠡᠯ ᠤᠨ ᠲᠠᠰᠤᠭ ᠢ ᠤᠨᠴᠠᠯᠠᠨ ᠭᠠᠷᠭᠠᠵᠦ᠂ ᠪᠦᠬᠦ ᠲᠤᠭᠤᠷᠢᠭ ᠤᠨ ᠠᠷᠠᠳ ᠤᠨ ᠵᠠᠰᠠᠭ ᠤᠨ ᠭᠠᠵᠠᠷ ᠤᠨ ᠮᠡᠳᠡᠬᠡᠯᠡᠯ ᠤᠨ ᠨᠡᠶᠢᠳᠡᠯᠡᠯ ᠤᠨ ᠠᠵᠢᠯ ᠤᠨ ᠠᠬᠢᠴᠠ᠂ ᠵᠢᠯᠤᠭᠤᠲᠤᠯᠭ᠎ᠠ᠂ ᠲᠤᠬᠢᠷᠠᠭᠤᠯᠤᠯᠲᠠ᠂ ᠬᠢᠨᠠᠯᠲᠠ ᠵᠡᠷᠬᠡ ᠶᠢ ᠬᠠᠷᠢᠭᠤᠴᠠᠵᠦ᠂ ᠮᠡᠳᠡᠬᠡᠯᠡᠯ ᠤᠨ ᠨᠡᠶᠢᠳᠡᠯᠡᠯ ᠤᠨ ᠬᠠᠷᠢᠭᠤᠴᠠᠯᠭᠠᠲᠠᠨ ᠢ ᠲᠤᠲᠤᠷᠬᠠᠶᠢᠯᠠᠨ ᠲᠤᠭᠲᠠᠭᠠᠭᠰᠠᠨ ᠪᠦᠬᠡᠳ ᠪᠦᠬᠦ ᠲᠤᠭᠤᠷᠢᠭ ᠤᠨ ᠮᠡᠳᠡᠬᠡᠯᠡᠯ ᠢ ᠢᠯᠡ ᠪᠠᠷ ᠵᠠᠷᠯᠠᠬᠤ ᠲᠤᠭᠲᠠᠭᠠᠯ ᠭᠠᠷᠭᠠᠵᠦ᠂ ᠮᠠᠨ ᠤ ᠲᠤᠭᠤᠷᠢᠭ ᠤᠨ ᠵᠠᠰᠠᠭ ᠤᠨ ᠭᠠᠵᠠᠷ ᠤᠨ ᠮᠡᠳᠡᠬᠡᠯᠡᠯ ᠨᠡᠶᠢᠳᠡᠯᠡᠯ ᠤᠨ ᠠᠵᠢᠯ ᠢ ᠨᠢᠵᠢᠬᠢᠷ ᠡᠷᠴᠢᠮᠯᠡᠵᠡᠢ᠃︵ᠬᠤᠶᠠᠷ︶ ᠲᠦᠷᠢᠮ ᠲᠤᠭᠲᠠᠭᠠᠯ ᠭᠠᠷᠭᠠᠵᠦ᠂ ᠠᠵᠢᠯ ᠤᠨ ᠶᠠᠪᠤᠴᠠ ᠶᠢ ᠲᠦᠷᠢᠮᠵᠢᠬᠦᠯᠪᠡ      ᠵᠠᠰᠠᠭ ᠤᠨ ᠠᠵᠢᠯ ᠤᠨ ᠢᠯᠡ ᠲᠤᠳᠦ ᠶᠢ ᠠᠬᠢᠭᠤᠯᠵᠦ᠂ ᠠᠷᠠᠳ ᠲᠦᠮᠡᠨ ᠤ ᠤᠶᠢᠯᠠᠭᠠᠵᠦ ᠮᠡᠳᠡᠬᠦ ᠡᠷᠬᠡ᠂ ᠤᠷᠤᠯᠴᠠᠬᠤ ᠡᠷᠬᠡ᠂ ᠬᠢᠨᠠᠯᠲᠠ ᠲᠠᠯᠪᠢᠬᠤ ᠡᠷᠬᠡ ᠶᠢ ᠪᠠᠲᠤᠯᠠᠨ ᠬᠠᠮᠠᠭᠠᠯᠠᠬᠤ ᠶᠢᠨ ᠲᠦᠯᠦᠬᠡ᠂ ᠵᠠᠰᠠᠭ ᠤᠨ ᠭᠠᠵᠠᠷ  ᠤᠨ ᠮᠡᠳᠡᠭᠡ ᠵᠠᠩᠬᠢ ᠶᠢᠨ ᠨᠡᠶᠢᠳᠡᠯᠡᠯ ᠤᠨ ᠠᠵᠢᠯ ᠳᠤ ᠬᠠᠮᠢᠶ᠎ᠠ ᠪᠦᠬᠦᠢ ᠲᠦᠷᠢᠮ ᠲᠤᠭᠲᠠᠭᠠᠯ ᠢ ᠦᠨᠳᠦᠰᠦᠯᠡᠵᠦ᠂ ᠮᠠᠨ ᠤ ᠲᠤᠭᠤᠷᠢᠭ ᠤᠨ ᠢᠶᠠᠨ ᠪᠤᠲᠠᠲᠠᠢ ᠪᠠᠶᠢᠲᠠᠯ ᠢ ᠦᠨᠳᠦᠰᠦᠯᠡᠨ᠂ ᠠᠵᠢᠯ ᠤᠨ ᠪᠦᠳᠦᠴᠡ ᠠᠵᠢᠯᠯᠠᠭ᠎ᠠ ᠪᠠᠨ ᠲᠦᠷᠢᠮᠵᠢᠭᠦᠯᠵᠦ᠂ ᠬᠤᠯᠪᠤᠭᠲᠠᠯ ᠪᠦᠬᠦᠢ ᠲᠦᠷᠢᠮ ᠢ ᠲᠤᠭᠲᠠᠭᠠᠵᠦ᠂ ᠵᠠᠰᠠᠭ ᠤᠨ ᠠᠵᠢᠯ ᠤᠨ ᠰᠦᠯᠵᠢᠶᠡᠨ ᠳᠠᠬᠢ  ᠨᠡᠶᠢᠳᠡᠯᠡᠯ ᠢᠶᠠᠨ ᠴᠠᠭ ᠲᠤᠬᠠᠢ ᠳᠤ ᠨᠢ ᠰᠢᠨᠡᠴᠢᠯᠡᠬᠦ ᠶᠢ ᠪᠠᠲᠤᠯᠠᠵᠠᠢ᠃ ᠵᠠᠰᠠᠭ ᠤᠨ ᠠᠵᠢᠯ ᠤᠨ ᠨᠠᠶᠢᠳᠡᠯᠡᠯ ᠤᠨ ᠰᠦᠯᠵᠢᠶᠡᠨ ᠤ ᠨᠢᠬᠡᠳᠦᠬᠡᠷ ᠲᠠᠪᠴᠡᠩ ᠤᠨ ᠦᠢᠯᠡᠳᠦᠯ ᠢ ᠪᠠᠲᠠᠷᠠᠭᠤᠯᠵᠦ᠂ ᠲᠦᠪ ᠴᠢᠩᠭ᠎ᠠ ᠪᠠᠷ ᠬᠠᠤᠯᠢ ᠶᠢᠨ ᠬᠦᠷᠢᠶ᠎ᠡ ᠬᠡᠪᠴᠢᠶ᠎ᠡ ᠪᠠ ᠴᠠᠭ ᠤᠨ ᠬᠢᠵᠠᠭᠠᠷᠯᠠᠯ ᠤᠨ ᠱᠠᠭᠠᠷᠲᠠᠯᠭ᠎ᠠ ᠶᠢ ᠦᠨᠳᠦᠰᠦᠯᠡᠵᠦ ᠬᠠᠮᠢᠶ᠎ᠠ ᠪᠦᠬᠦᠢ ᠠᠭᠤᠯᠭ᠎ᠠ  ᠪᠠᠨ ᠨᠠᠶᠢᠲᠡᠯᠡᠵᠡᠢ᠃ ᠰᠢᠨ᠎ᠡ ᠮᠡᠳᠡᠭᠡ ᠵᠠᠩᠬᠢ ᠶᠢᠨ ᠲᠠᠪᠴᠡᠩ ᠢ ᠢᠳᠡᠪᠬᠢᠳᠡᠢ ᠠᠰᠢᠭᠯᠠᠵᠦ᠂ ᠴᠠᠭ ᠲᠤᠬᠠᠢ ᠰᠢᠨ᠎ᠡ ᠮᠡᠳᠡᠬᠡᠯᠡᠯ ᠤᠨ ᠠᠭᠤᠯᠭ᠎ᠠ ᠶᠠᠪᠤᠭᠤᠯᠵᠦ᠂ ᠴᠠᠭ ᠲᠤᠬᠠᠢ ᠰᠦᠯᠵᠢᠶᠡᠨ ᠳᠤ ᠪᠠᠨ ᠠᠷᠠᠳ ᠤᠨ ᠠᠰᠠᠭᠤᠯᠲᠠ ᠳᠤ ᠬᠠᠷᠢᠭᠤᠯᠲᠠ ᠦᠭᠴᠡᠢ᠃︵ᠭᠤᠷᠪᠠ︶ ᠪᠤᠯᠪᠠᠰᠤᠷᠠᠯ ᠰᠤᠷᠤᠯᠴᠠᠯᠭ᠎ᠠ ᠶᠢ ᠴᠢᠩᠭᠠᠳᠬᠠᠵᠦ᠂ ᠠᠵᠢᠯ ᠤᠨ ᠢᠶᠠᠨ ᠶᠠᠪᠤᠭᠲᠠᠬᠤ ᠶᠢ ᠠᠬᠢᠭᠤᠯᠵᠠᠢ      ᠮᠠᠨ ᠤ ᠲᠤᠭᠤᠷᠢᠭ ᠤᠨ ᠡᠯ᠎ᠡ ᠪᠠᠶᠢᠭᠤᠯᠭ᠎ᠠ ᠨᠢᠬᠡᠴᠡ ᠶᠢᠨ ᠠᠵᠢᠯ ᠤᠨ ᠤᠨᠴᠠᠯᠢᠭ ᠪᠠ ᠬᠠᠷᠢᠭᠤᠴᠠᠯᠭ᠎ᠠ ᠶᠢ ᠦᠨᠳᠦᠰᠦᠯᠡᠨ᠂ ᠵᠠᠩᠬᠢ ᠶᠢᠨ ᠨᠠᠶᠢᠳᠡᠯᠡᠭᠴᠢ ᠶᠢᠨ ᠠᠵᠢᠯ ᠳᠤ ᠲᠤᠰᠬᠠᠢ ᠪᠤᠯᠪᠠᠰᠤᠷᠠᠯ ᠬᠢᠵᠦ᠂ ᠪᠤᠭᠤᠳᠦ ᠬᠤᠲᠠ ᠶᠢᠨ ᠶᠠᠪᠤᠭᠲᠠᠭᠤᠯᠤᠭᠰᠠᠨ ᠪᠤᠯᠪᠠᠰᠤᠷᠠᠯ ᠰᠤᠷᠤᠯᠴᠠᠯᠭ᠎ᠠ ᠳᠤ ᠢᠳᠡᠪᠬᠢᠲᠡᠢ ᠤᠷᠤᠯᠴᠠᠭᠤᠯᠵᠦ᠂ ᠲᠤᠰᠬᠠᠢ ᠠᠵᠢᠯᠲᠠᠨ ᠢ ᠲᠤᠮᠢᠯᠠᠵᠦ ᠬᠤᠲᠠ ᠶᠢᠨ ᠵᠠᠰᠠᠭ ᠤᠨ ᠭᠠᠵᠠᠷ ᠤᠨ ᠠᠯᠪᠠᠨ ᠲᠢᠩᠬᠢᠮ ᠲᠤ ᠰᠤᠷᠤᠯᠴᠠᠭᠤᠯᠵᠦ᠂ ᠲᠡᠭᠡᠳᠦ ᠱᠠᠳᠦ ᠶᠢᠨ ᠠᠵᠢᠯ ᠤᠨ ᠲᠦᠷᠢᠮᠵᠢᠯ ᠢ ᠰᠤᠷᠤᠯᠴᠠᠵᠦ᠂ ᠠᠵᠢᠯ ᠤᠨ ᠪᠦᠳᠦᠴᠡ ᠪᠠᠨ ᠴᠡᠭᠴᠡᠯᠡᠵᠦ᠂ ᠲᠤᠭᠤᠷᠢᠭ ᠤᠨ ᠵᠠᠰᠠᠭ ᠤᠨ ᠭᠠᠵᠠᠷ ᠤᠨ ᠮᠡᠳᠡᠬᠡᠯᠡᠯ ᠤᠨ ᠨᠡᠶᠢᠳᠡᠯᠡᠯ ᠤᠨ ᠠᠵᠢᠯ ᠤᠨ ᠲᠦᠷᠢᠮᠵᠢᠯ ᠢ ᠠᠬᠢᠭᠤᠯᠪᠠ᠃ ︵ᠲᠦᠷᠪᠡ︶ ᠵᠠᠰᠠᠭ ᠤᠨ ᠮᠡᠳᠡᠬᠡᠯᠡᠯ ᠢ ᠴᠡᠭᠴᠡᠯᠡᠭᠰᠡᠨ ᠪᠠ ᠴᠠᠭ ᠲᠤᠬᠠᠢ ᠲᠡᠭᠡᠭᠰᠢ ᠪᠠᠨ ᠮᠡᠳᠡᠬᠦᠯᠵᠡᠢ     ︽ᠤᠶᠢᠷ᠎ᠡ ᠠᠴᠠ ᠬᠤᠯᠠ᠂ ᠭᠤᠤᠯᠲᠠᠯᠭ᠎ᠠ ᠶᠢ ᠲᠤᠪᠤᠶᠢᠯᠭᠠᠬᠤ᠂ ᠲᠤᠬᠠᠶᠢᠯᠠᠭᠰᠠᠨ ᠠᠵᠢᠯ ᠢᠶᠠᠨ ᠬᠠᠷᠢᠭᠤᠴᠠᠬᠤ ︾ ᠵᠠᠷᠴᠢᠮ ᠢ ᠪᠠᠷᠢᠮᠲᠠᠯᠠᠵᠦ᠂ ᠮᠠᠨ ᠤ ᠲᠤᠭᠤᠷᠢᠭ ᠠᠴᠠ 2017 ᠤᠨ ᠤ ᠵᠢᠯ ᠤᠨ ᠡᠬᠢᠨ ᠤ ᠵᠠᠰᠠᠭ ᠤᠨ ᠭᠠᠵᠠᠷ  ᠤᠨ ᠮᠡᠳᠡᠬᠡᠯᠡᠯ ᠢ ᠭᠤᠤᠯᠲᠠᠯᠭ᠎ᠠ ᠲᠠᠢ ᠪᠠᠷ ᠠᠩᠬᠢᠯᠠᠨ ᠵᠤᠬᠢᠴᠠᠭᠤᠯᠵᠦ᠂ ᠡᠬᠦᠨ ᠤ ᠰᠠᠭᠤᠷᠢᠨ ᠳᠤ ᠲᠠᠭᠠᠭᠤᠯᠤᠨ ᠠᠵᠢᠯᠯᠠᠬᠤ ᠲᠠᠰᠤᠭ ᠢ ᠭᠠᠷᠭᠠᠵᠦ᠂ ᠵᠠᠰᠠᠭ ᠤᠨ ᠭᠠᠵᠠᠷ ᠤᠨ ᠮᠡᠳᠡᠬᠡᠯᠡᠯ ᠢ ᠲᠦᠪᠯᠡᠷᠡᠬᠦᠯᠦᠨ ᠴᠡᠭᠴᠡᠯᠡᠵᠦ᠂ ᠴᠠᠭ ᠲᠤᠬᠠᠢ ᠳᠤ ᠨᠢ ᠲᠡᠭᠡᠭᠰᠢ ᠪᠠᠨ ᠮᠡᠳᠡᠭᠦᠯᠭᠦ ᠶᠢ ᠪᠠᠲᠤᠯᠠᠵᠠᠢ᠃ ᠬᠤᠶᠠᠷ᠂ ᠬᠠᠤᠯᠢ ᠶᠢ ᠲᠠᠭᠠᠨ ᠲᠦᠷᠢᠮ ᠢ ᠰᠠᠬᠢᠵᠦ᠂ ᠢᠯᠡ ᠲᠤᠩᠭᠠᠯᠠᠭ ᠵᠠᠰᠠᠭ ᠪᠠᠷᠢᠵᠦ᠂ ᠴᠠᠭ ᠲᠤᠬᠠᠢ ᠵᠠᠰᠠᠭ ᠤᠨ ᠭᠠᠵᠠᠷ ᠤᠨ ᠮᠡᠳᠡᠬᠡᠯᠡᠯ ᠢ ᠨᠠᠶᠢᠳᠡᠯᠡᠬᠦ ᠠᠵᠢᠯ ᠢᠶᠠᠨ ᠰᠠᠶᠢᠳᠦᠷ ᠬᠢᠪᠠ︵ᠨᠢᠬᠡ︶ ᠵᠠᠰᠠᠭ ᠤᠨ ᠭᠠᠵᠠᠷ ᠤᠨ ᠮᠡᠳᠡᠬᠡᠯᠡᠯ ᠢ ᠰᠠᠨᠠᠭᠠᠴᠢᠯᠠᠭ᠎ᠠ ᠠᠴᠠ ᠪᠠᠨ ᠨᠡᠶᠢᠳᠡᠯᠡᠵᠡᠢ      2017 ᠤᠨ ᠳᠤ᠂ ᠰᠢᠭᠤᠶᠢᠳᠦ ᠲᠤᠭᠤᠷᠢᠭ ᠤᠨ ᠠᠷᠠᠳ ᠤᠨ ᠵᠠᠰᠠᠭ ᠤᠨ ᠭᠠᠵᠠᠷ ᠠᠴᠠ 1132 ᠬᠤᠪᠢ ᠮᠡᠳᠡᠬᠡᠯᠡᠯ ᠢ ᠰᠠᠨᠠᠭᠠᠴᠢᠯᠠᠭ᠎ᠠ ᠠᠴᠠ ᠪᠠᠨ ᠨᠡᠶᠢᠳᠡᠯᠡᠵᠦ᠂ ᠡᠬᠦᠨ ᠳᠤ᠄ ᠪᠠᠶᠢᠭᠤᠯᠭ᠎ᠠ ᠶᠢᠨ ᠲᠤᠭᠢᠷᠠᠭᠤᠯᠤᠯᠲᠠ᠂ ᠡᠬᠦᠷᠬᠡᠴᠢᠯᠡᠯ᠂ ᠮᠡᠳᠡᠬᠡᠯᠡᠯ ᠤᠨ ᠪᠠᠶᠢᠲᠠᠯ︔ ᠰᠢᠭᠤᠶᠢᠳᠦ ᠲᠤᠭᠤᠷᠢᠭ ᠤᠨ ᠠᠵᠦ ᠠᠬᠤᠢ ᠪᠠ ᠨᠡᠶᠢᠬᠡᠮ ᠤᠨ ᠶᠠᠷᠦᠩᠭᠡᠢ ᠲᠤᠭᠢᠷᠠᠭᠤᠯᠲᠠ ᠶᠢ ᠲᠦᠰᠦᠪᠯᠡᠨ ᠲᠤᠭᠲᠠᠭᠠᠬᠤ ᠪᠤᠶᠦ ᠲᠦᠷᠦᠬᠦᠯᠡᠨ ᠬᠠᠷᠢᠭᠤᠴᠠᠵᠦ ᠲᠦᠰᠤᠪᠯᠠᠨ ᠲᠤᠭᠲᠠᠭᠠᠬᠤ︔ ᠮᠠᠨ ᠤ ᠲᠤᠭᠤᠷᠢᠭ ᠠᠴᠠ ᠶᠠᠲᠠᠭᠤ ᠶᠢ ᠲᠡᠳᠬᠦᠬᠦ᠂ ᠰᠤᠷᠭᠠᠨ ᠬᠦᠮᠦᠵᠢᠯ᠂ ᠡᠮ ᠡᠮᠨᠠᠯᠬᠡ᠂ ᠨᠡᠶᠢᠬᠡᠮ ᠤᠨ ᠲᠠᠭᠠᠳᠬᠠᠯ ᠂ ᠠᠵᠢᠯ ᠤᠯᠭᠤᠬᠤ ᠶᠢ ᠠᠬᠢᠭᠤᠯᠬᠤ᠂ ᠡᠨᠧᠷᠬᠢ ᠠᠷᠪᠢᠯᠠᠵᠦ ᠪᠤᠬᠢᠷᠳᠦᠯ ᠢ ᠪᠠᠭᠠᠰᠬᠠᠬᠤ᠂ ᠤᠷᠴᠢᠨ ᠲᠤᠭᠤᠷᠢᠨ ᠢ ᠰᠠᠶᠢᠵᠢᠷᠠᠭᠤᠯᠬᠤ ᠵᠡᠷᠬᠡ ᠶᠢ ᠪᠠᠭᠲᠠᠭᠠᠨ᠎ᠠ᠃ ᠵᠠᠰᠠᠭ ᠤᠨ ᠬᠠᠯᠠᠮᠰᠢᠯ ᠤᠲᠠᠰᠦ︔ ᠠᠷᠠᠳ ᠤᠨ ᠠᠮᠢᠲᠤᠷᠠᠯ ᠤᠨ ᠬᠠᠯᠠᠮᠰᠢᠯ ᠤᠲᠠᠰᠦ︔ ᠬᠡᠨᠡᠳᠳᠡ ᠶᠢᠨ ᠴᠢᠨᠠᠷᠲᠠᠢ ᠨᠡᠶᠢᠬᠡᠮ ᠤᠨ ᠤᠨᠴᠠᠭᠠᠢ ᠠᠵᠢᠯ ᠢ ᠰᠡᠢᠳᠪᠦᠷᠢᠯᠡᠬᠦ︔ ᠮᠠᠨ ᠤ ᠲᠤᠭᠤᠷᠢᠭ ᠠᠴᠠ ᠬᠢᠨᠠᠯᠲᠠ ᠲᠠᠯᠪᠢᠭᠰᠠᠨ ᠦᠨᠳᠦᠰᠦᠨ ᠬᠦᠷᠦᠩᠭᠡ ᠶᠢᠨ ᠪᠡᠯᠡ ᠤᠷᠤᠭᠤᠯᠬᠤ ᠲᠦᠰᠦᠯ ᠤᠨ ᠵᠦᠪᠰᠢᠷᠡᠯ ᠤᠨ ᠲᠤᠬᠠᠢ︔ ᠮᠠᠨ ᠤ ᠲᠤᠭᠤᠷᠢᠭ ᠤᠨ ᠵᠠᠰᠠᠭ ᠠᠴᠠ ᠵᠦᠪᠰᠢᠶᠡᠷᠡᠭᠰᠡᠨ ᠲᠦᠰᠦᠯ ᠤᠨ ᠠᠵᠢᠯ ᠤᠨ ᠰᠡᠢᠳᠪᠤᠷᠢ ᠶᠢᠨ ᠪᠠᠷᠢᠮᠲᠠ᠂ ᠠᠯᠬᠤᠮ ᠲᠠᠷᠠᠭ᠎ᠠ ᠵᠢᠴᠢ ᠰᠠᠢᠳᠪᠤᠷᠢᠯᠡᠭᠰᠡᠨ ᠪᠠᠶᠢᠲᠠᠯ︔ ︽ᠰᠢᠳᠢᠳᠦ ᠰᠢᠭᠤᠶᠢᠳᠦ︾ ᠸᠢᠴᠠᠲ ᠵᠡᠷᠬᠡ︔ ᠰᠢᠨ ᠬᠤᠸᠠ ᠭᠠᠷ ᠤᠲᠠᠰᠤᠨ ᠤ ᠵᠠᠭᠤᠴᠢᠯᠠᠭᠤᠷ︔ ᠦᠨᠦᠳᠦᠷ ᠤᠨ ᠰᠢᠨ᠎ᠡ ᠮᠡᠳᠡᠭᠡ ᠵᠡᠷᠬᠡ ᠰᠢᠨ᠎ᠡ ᠮᠡᠳᠡᠭᠡ ᠵᠠᠩᠬᠢ ᠶᠢᠨ ᠲᠠᠪᠴᠠᠩ ᠵᠡᠷᠬᠡ  ᠲᠡᠭᠡᠷᠡᠬᠢ ᠲᠤᠷᠠᠲᠤᠭᠰᠠᠳ ᠲᠤ᠂ ᠮᠠᠨ ᠤ ᠲᠤᠭᠤᠷᠢᠭ ᠠᠴᠠ ᠲᠡᠭᠡᠳᠦ ᠱᠠᠳᠦ ᠶᠢᠨ ᠱᠠᠭᠠᠷᠲᠠᠯᠭ᠎ᠠ ᠪᠠᠷ ᠨᠢᠬᠡᠳᠦᠯᠳᠡᠢ ᠲᠤᠷᠢᠮᠵᠢᠭᠦᠯᠵᠦ᠂ ᠲᠦᠷᠦᠯ ᠵᠦᠢᠯ ᠠᠩᠬᠢᠯᠠᠵᠦ᠂ ᠲᠦᠷᠢᠮᠵᠢᠬᠦᠯᠦᠨ ᠴᠡᠭᠴᠡᠯᠡᠵᠦ᠂ ᠮᠡᠳᠡᠬᠡᠯᠡᠯ ᠢ ᠨᠢ ᠰᠢᠯᠵᠢᠬᠦᠯᠦᠨ ᠲᠤᠰᠢᠶᠠᠬᠤ ᠢᠯᠡ ᠭᠠᠷᠴᠠᠭ ᠭᠠᠷᠭᠠᠵᠦ᠂ ᠨᠡᠶᠢᠬᠡᠮ ᠡᠳᠡᠬᠡᠳ ᠠᠴᠠ ᠢᠯᠡ ᠲᠤᠳᠦ ᠪᠠᠷ ᠤᠯᠵᠦ ᠬᠠᠷᠠᠬᠤ ᠳᠤ ᠲᠦᠬᠦᠮ ᠦᠵᠡᠬᠦᠯᠪᠡ᠃︵ᠬᠤᠶᠠᠷ︶  ᠬᠠᠤᠯᠢ ᠶᠤᠰᠤᠭᠠᠷ ᠡᠷᠬᠦᠮᠵᠢᠯᠡᠭᠰᠡᠳ ᠤᠨ ᠮᠡᠳᠡᠬᠡᠯᠡᠯ ᠢ ᠨᠠᠶᠢᠳᠡᠯᠡᠬᠦ      2017 ᠤᠨ ᠳᠤ ᠬᠠᠤᠯᠢ ᠶᠤᠰᠤᠭᠠᠷ ᠡᠷᠬᠦᠮᠵᠢᠯᠡᠭᠰᠡᠳ ᠤᠨ ᠮᠡᠳᠡᠬᠡᠯᠡᠯ ᠨᠠᠶᠢᠳᠡᠯᠡᠬᠦ ᠶᠢ ᠬᠠᠷᠠᠭᠠᠨ ᠬᠦᠯᠢᠶᠡᠵᠦ ᠠᠪᠤᠭ᠎ᠠ ᠦᠬᠡᠢ᠃ ︵ᠭᠤᠷᠪᠠ︶ ᠵᠠᠰᠠᠭ ᠤᠨ ᠮᠡᠳᠡᠬᠡᠯᠡᠯ ᠢ ᠨᠡᠶᠢᠳᠡᠯᠡᠬᠦ ᠶᠢᠨ ᠰᠦᠢᠳᠬᠡᠯ ᠤᠨ ᠲᠤᠬᠠᠢ     ᠮᠠᠨ ᠤ ᠲᠤᠭᠤᠷᠢᠭ ᠤᠨ ᠪᠤᠢ ᠪᠦᠬᠦᠢ ᠵᠠᠰᠠᠭ ᠤᠨ ᠮᠡᠳᠡᠬᠡᠯᠡᠯ ᠤᠨ ᠨᠡᠶᠢᠳᠡᠯᠡᠬᠦ ᠨᠢ ᠴᠦᠮ ᠰᠦᠢᠳᠬᠡᠯ ᠬᠤᠷᠢᠶᠠᠭᠰᠠᠨ ᠦᠬᠡᠢ᠃︵ᠲᠦᠷᠪᠡ︶  ᠮᠠᠨ ᠤ ᠮᠡᠳᠡᠬᠡᠯᠡᠯ ᠳᠤ ᠵᠠᠰᠠᠭ ᠵᠠᠬᠢᠷᠭᠠᠨ ᠤ ᠲᠠᠬᠢᠨᠲᠠ ᠬᠡᠯᠡᠯᠴᠡᠬᠦ᠂ ᠠᠯᠪᠠᠨ ᠤ ᠵᠠᠭᠠᠯᠲᠤᠯᠭ᠎ᠠ ᠪᠠ ᠵᠠᠭᠠᠯᠲᠤᠭ᠎ᠠ ᠶᠢᠨ ᠪᠠᠶᠢᠲᠠᠯ ᠭᠠᠷᠤᠭ᠎ᠠ ᠦᠬᠡᠢ     2017 ᠤᠨ ᠤ ᠵᠢᠯ ᠤᠨ ᠡᠴᠦᠰ ᠪᠤᠯᠲᠠᠯ᠎ᠠ᠂ ᠮᠠᠨ ᠤ ᠲᠤᠭᠤᠷᠢᠭ ᠲᠤ ᠨᠠᠶᠢᠬᠡᠮ ᠨᠡᠶᠢᠳᠡ ᠠᠴᠠ ᠵᠠᠰᠠᠭ ᠤᠨ ᠮᠡᠳᠡᠬᠡᠯᠡᠯ ᠢ ᠨᠡᠶᠢᠳᠡᠯᠡᠭᠰᠡᠨ ᠪᠠᠶᠢᠲᠠᠯ ᠳᠤ ᠶᠠᠷᠦ ᠠᠴᠠ ᠲᠡᠬᠢᠨᠲᠠ ᠬᠡᠯᠡᠯᠴᠡᠬᠦ ᠪᠤᠶᠦ ᠠᠯᠪᠠᠨ ᠤ ᠵᠠᠭᠠᠯᠲᠤᠯᠭ᠎ᠠ ᠪᠠ ᠵᠠᠭᠠᠯᠲᠤᠭ᠎ᠠ ᠭᠠᠷᠴᠦ ᠦᠵᠡᠭᠡ ᠦᠬᠡᠢ᠃ ︵ᠲᠠᠪᠤ︶ ᠵᠠᠰᠠᠭ ᠤᠨ ᠮᠡᠳᠡᠬᠡᠯᠡᠯ ᠢ ᠨᠡᠶᠢᠳᠡᠯᠡᠬᠦ ᠳᠤ ᠤᠷᠤᠰᠢᠵᠦ ᠪᠠᠶᠢᠭ᠎ᠠ ᠠᠰᠠᠭᠤᠲᠠᠯ     ᠨᠢᠬᠡ ᠳᠤ ᠵᠠᠰᠠᠭ ᠤᠨ ᠮᠡᠳᠡᠬᠡᠯᠡᠯ ᠢ ᠨᠡᠶᠢᠳᠡᠯᠡᠬᠦ ᠳᠤ ᠵᠠᠰᠠᠭ ᠤᠨ ᠭᠠᠵᠡᠷ ᠤᠨ ᠨᠡᠶᠢᠳᠡ ᠶᠢᠨ ᠲᠠᠪᠴᠡᠩ ᠪᠠ ᠦᠬᠡᠷ᠎ᠡ ᠡᠳᠡᠬᠡᠳ ᠤᠨ ᠰᠦᠯᠵᠢᠶᠡᠨ ᠬᠠᠶ᠋ᠢᠭ ᠲᠠᠢ ᠪᠦᠷᠢᠮᠦᠰᠦᠨ ᠮᠡᠳᠡᠬᠡᠯᠡᠯ ᠤᠨ ᠬᠤᠯᠪᠤᠯᠳᠡ ᠨᠤᠭᠤᠳ ᠪᠤᠢ ᠪᠤᠯᠤᠭᠠᠲᠤᠢ ᠪᠠᠶᠢᠨ᠎ᠠ᠃ ᠵᠠᠰᠠᠭ ᠤᠨ ᠭᠠᠵᠠᠷ ᠤᠨ ᠬᠤᠲᠠᠯᠲᠤᠨ ᠠᠪᠬᠤ ᠲᠦᠰᠦᠯ᠂ ᠴᠢᠬᠤᠯᠡ ᠢᠨᠵᠧᠨᠧᠷᠢᠩ ᠤᠨ ᠪᠠᠶᠢᠭᠤᠯᠤᠯᠲᠠ᠂ ᠴᠢᠬᠤᠯᠠ ᠲᠦᠰᠦᠯ ᠤᠨ ᠠᠬᠢᠴᠠ᠂ ᠦᠨᠳᠦᠰᠦᠨ ᠪᠦᠳᠦᠬᠡᠨ ᠪᠠᠶᠢᠭᠤᠯᠤᠯᠲᠠ ᠵᠡᠷᠬᠡ ᠳᠤ ᠬᠠᠷᠠᠬᠠᠨ ᠴᠠᠭ ᠲᠤᠬᠠᠢ ᠮᠡᠳᠡᠬᠡᠯᠡᠵᠦ ᠴᠢᠲᠠᠭ᠎ᠠ ᠦᠬᠡᠢ ᠪᠠᠶᠢᠭᠰᠠᠭᠠᠷ᠃ ᠬᠤᠶᠠᠷ ᠲᠤ᠂ ᠵᠠᠰᠠᠭ ᠤᠨ ᠮᠡᠳᠡᠬᠡᠯᠡᠯ ᠢ ᠨᠡᠶᠢᠳᠡᠯᠡᠬᠦ  ᠠᠵᠢᠯᠯᠠᠭ᠎ᠠ ᠪᠠᠰᠠ ᠨᠠᠷᠢᠨ ᠲᠡᠭᠦᠯᠳᠡᠷᠵᠢᠬᠦᠯᠬᠦ ᠬᠡᠷᠡᠭᠳᠡᠢ ᠪᠠᠶᠢᠨ᠎ᠠ᠃ ᠵᠠᠰᠠᠭ ᠤᠨ ᠮᠡᠳᠡᠬᠡᠯᠡᠯ ᠢ ᠨᠡᠶᠢᠳᠡᠯᠡᠬᠦ ᠠᠵᠢᠯ ᠨᠢ ᠰᠢᠰᠲ᠋ᠧᠮᠳᠦ ᠠᠵᠢᠯᠯᠠᠭ᠎ᠠ ᠪᠤᠯᠤᠨ᠎ᠠ᠂ ᠴᠠᠭ ᠲᠠᠷᠦᠢ ᠨᠡᠶᠢᠳᠡᠯᠡᠵᠦ᠂ ᠤᠨᠤᠪᠴᠢᠳᠡᠢ ᠪᠠ ᠢᠯᠡ ᠲᠤᠳᠦ᠂ ᠬᠠᠤᠯᠢ ᠶᠤᠰᠤ  ᠶᠢ ᠪᠠᠷᠢᠮᠲᠠᠯᠠᠵᠦ᠂ ᠡᠯ᠎ᠡ ᠲᠠᠯ᠎ᠠ ᠶᠢᠨ ᠠᠰᠠᠭᠤᠲᠠᠯ ᠳᠤ ᠬᠠᠷᠢᠭᠤ ᠦᠭᠬᠦ ᠠᠵᠢᠯ ᠢ ᠤᠯᠠᠮ ᠨᠢᠬᠡ ᠠᠯᠬᠤᠮ ᠢᠶᠠᠷ ᠴᠢᠨᠠᠷᠵᠢᠭᠤᠯᠬᠤ ᠬᠡᠷᠡᠭᠳᠡᠢ ᠪᠠᠶᠢᠨ᠎ᠠ᠃ ᠭᠤᠷᠪᠠ᠂ ᠡᠬᠦᠷᠬᠡ ᠬᠠᠷᠢᠭᠤᠴᠠᠯᠭ᠎ᠠ ᠪᠠᠨ ᠰᠠᠶᠢᠳᠦᠷ ᠬᠦᠢᠴᠡᠳᠬᠡᠵᠦ᠂ ᠨᠠᠷᠢᠨ ᠬᠢᠨᠠᠭᠤᠷ ᠵᠤᠬᠢᠴᠠᠭᠤᠯᠵᠦ᠂ ᠲᠠᠷᠠᠭᠠᠴᠢ ᠶᠢᠨ ᠵᠠᠰᠠᠭ ᠤᠨ ᠮᠡᠳᠡᠬᠡᠯᠡᠯ ᠢ ᠨᠡᠶᠢᠳᠡᠯᠡᠬᠦ ᠠᠵᠢᠯ ᠢᠶᠠᠨ ᠬᠢᠴᠢᠶᠡᠩᠭᠦᠢ ᠬᠢᠨ᠎ᠡ᠃ ︵ᠨᠢᠬᠡ︶ ᠴᠠᠭ ᠲᠤᠬᠠᠢ ᠵᠠᠰᠠᠭ ᠤᠨ ᠮᠡᠳᠡᠬᠡᠯᠡᠯ ᠢ ᠨᠡᠶᠢᠳᠡᠯᠡᠬᠦ ᠠᠵᠢᠯ ᠢᠶᠠᠨ ᠴᠢᠨᠠᠷᠯᠢᠭ ᠬᠢᠨ᠎ᠡ     ︽ᠲᠤᠭᠲᠠᠭᠠᠯ︾ ᠢ ᠦᠨᠳᠦᠰᠦᠯᠡᠵᠦ᠂ ᠰᠢᠨᠵᠢᠯᠡᠬᠦ ᠤᠬᠠᠭᠠᠨᠴᠢ ᠪᠠᠷ ᠵᠠᠰᠠᠭ ᠤᠨ ᠭᠠᠵᠠᠷ ᠠᠴᠠ ᠮᠡᠳᠡᠬᠡᠯᠡᠯ  ᠨᠡᠶᠢᠳᠡᠯᠡᠬᠦ ᠬᠦᠷᠢᠶ᠎ᠡ ᠬᠡᠪᠴᠢᠶ᠎ᠡ ᠶᠢ ᠲᠤᠭᠲᠠᠭᠠᠵᠦ᠂ ᠠᠷᠠᠳ ᠢᠷᠬᠡᠨ ᠪᠠ ᠬᠠᠦᠯᠢ ᠶᠢᠨ ᠡᠷᠬᠡᠳᠡᠨ ᠪᠤᠶᠦ ᠪᠤᠰᠤᠳ ᠵᠤᠬᠢᠶᠠᠨ ᠪᠠᠶᠢᠭᠤᠯᠤᠯᠲᠠ ᠶᠢᠨ ᠡᠷᠬᠡ ᠠᠰᠢᠭ ᠲᠤ ᠬᠤᠯᠪᠤᠭᠲᠠᠬᠤ ᠵᠢᠴᠢ᠂ ᠠᠯᠪᠠᠨ ᠪᠠᠶᠢᠭᠤᠯᠭ᠎ᠠ ᠶᠢᠨ ᠠᠵᠢᠯᠯᠠᠭ᠎ᠠ  ᠶᠢᠨ ᠪᠠᠶᠢᠷᠢᠯᠠᠭᠤᠯᠭ᠎ᠠ᠂ ᠠᠵᠢᠯ ᠤᠨ ᠡᠬᠦᠷᠬᠡᠴᠢᠯᠡᠯ᠂ ᠰᠡᠢᠳᠪᠦᠷᠢᠯᠡᠭᠰᠡᠨ ᠠᠯᠬᠤᠮ ᠲᠠᠷᠠᠭ᠎ᠠ ᠵᠡᠷᠬᠡ ᠲᠠᠢ ᠬᠤᠯᠪᠤᠭᠲᠠᠬᠤ ᠶᠢᠨ ᠮᠡᠳᠡᠬᠡᠯᠡᠯ ᠢ ᠦᠷᠬᠦᠯᠵᠢᠯᠡᠨ ᠵᠠᠰᠠᠭ ᠤᠨ ᠰᠦᠯᠵᠢᠶᠡᠨ ᠤ ᠦᠷᠳᠡᠭᠡ ᠪᠠᠷ ᠲᠠᠮᠵᠢᠨ ᠢᠳᠡᠪᠭᠢᠳᠡᠢ ᠮᠡᠳᠡᠬᠡᠯᠡᠵᠦ᠂ ᠤᠯᠠᠨ ᠨᠡᠶᠢᠳᠡ ᠶᠢᠨ ᠤᠩᠰᠢᠨ ᠯᠠᠪᠯᠠᠬᠤ ᠪᠤᠯᠤᠮᠵᠢᠲᠠᠢ ᠤᠷᠴᠢᠨ ᠢ ᠬᠠᠩᠭᠠᠵᠦ᠂ ᠴᠠᠭ ᠲᠠᠷᠦᠶᠢᠬᠠᠨ ᠵᠦᠪ ᠤᠨᠤᠪᠴᠢᠲᠠᠢ ᠪᠠᠷ ᠨᠡᠶᠢᠳᠡᠯᠠᠨ᠎ᠠ᠃ ᠰᠢᠨ᠎ᠡ ᠪᠠᠷ ᠭᠠᠷᠤᠭᠰᠠᠨ ᠮᠡᠳᠡᠬᠡᠯᠡᠯ ᠢ 15 ᠠᠵᠢᠯ ᠤᠨ ᠡᠳᠦᠷ ᠲᠤ ᠴᠡᠭᠴᠡᠯᠡᠨ ᠭᠠᠷᠭᠠᠬᠤ ᠪᠠᠷ ᠲᠤᠰᠬᠠᠢ ᠠᠵᠢᠯᠲᠠᠨ ᠲᠤᠮᠢᠯᠠᠨ ᠠᠵᠢᠯᠯᠠᠭᠤᠯᠤᠨ᠎ᠠ᠃ ᠨᠡᠶᠢᠬᠡᠮ ᠤᠨ ᠲᠤᠭᠲᠠᠭᠤᠨ ᠢ ᠨᠦᠯᠦᠬᠡᠯᠡᠭᠰᠡᠨ᠂ ᠨᠡᠶᠢᠬᠡᠮ ᠤᠨ ᠬᠠᠮᠢᠶᠠᠷᠦᠯᠲᠠ ᠳᠤ ᠬᠠᠯᠲᠠᠭᠰᠠᠨ ᠬᠤᠲᠠᠯ ᠬᠠᠭᠤᠷᠮᠠᠭ ᠮᠡᠳᠡᠬᠡᠯᠡᠯ ᠪᠤᠶᠦ ᠬᠠᠭᠠᠰ ᠲᠤᠷᠭᠤᠨ ᠮᠡᠳᠡᠬᠡᠯᠡᠯ ᠢ ᠪᠦᠷ ᠮᠠᠨ ᠤ ᠲᠤᠭᠤᠷᠢᠭ ᠤᠨ ᠠᠵᠢᠯ ᠤᠨ ᠬᠠᠷᠢᠭᠤᠴᠠᠯᠭ᠎ᠠ ᠳᠤ ᠪᠠᠨ ᠪᠠᠭᠲᠠᠭᠠᠵᠦ᠂ ᠵᠦᠪ ᠤᠨᠤᠪᠴᠢᠳᠡᠢ ᠮᠡᠳᠡᠬᠡᠯᠡᠯ ᠢ ᠨᠢ ᠭᠠᠷᠭᠠᠵᠦ ᠪᠤᠷᠤᠭᠤ ᠮᠡᠳᠡᠬᠡᠯᠡᠯ ᠢ ᠨᠢ ᠲᠤᠲᠤᠯᠠᠵᠦ ᠲᠠᠶᠢᠯᠪᠤᠷᠢᠯᠠᠵᠦ ᠦᠭᠬᠦᠨ᠎ᠡ᠃ ᠡᠬᠦᠨ ᠤ ᠵᠡᠷᠬᠡ ᠪᠦᠬᠦᠶᠢᠯᠡ ᠵᠠᠰᠠᠭ ᠤᠨ ᠮᠡᠳᠡᠬᠡᠯᠡᠯ ᠢ ᠢᠯᠡ ᠪᠠᠷ ᠨᠡᠶᠢᠳᠡᠯᠡᠵᠦ᠂  ᠬᠠᠷᠭᠤᠴᠠᠨ ᠬᠠᠮᠠᠭᠠᠯᠠᠵᠦ᠂ ᠲᠠᠷᠦᠶᠢᠬᠠᠨ ᠰᠢᠨᠠᠴᠢᠯᠡᠬᠦ ᠪᠡ ᠬᠠᠮᠢᠶᠠᠷᠦᠯᠲᠠ ᠪᠠᠨ ᠴᠢᠩᠭᠠᠳᠬᠠᠵᠦ᠂ ᠠᠵᠢᠯ ᠤᠨ ᠠᠰᠢᠭᠯᠠᠮᠵᠢ ᠪᠡ ᠢᠯᠡ ᠲᠤᠳᠦ ᠶᠢ ᠠᠩᠬᠠᠷᠤᠯ ᠳᠤ ᠪᠠᠨ ᠲᠠᠯᠪᠢᠨ᠎ᠠ᠃︵ᠬᠤᠶᠠᠷ︶ ᠬᠠᠤᠯᠢ ᠶᠤᠰᠤᠭᠠᠷ ᠡᠷᠬᠦᠮᠵᠢᠯᠡᠯ ᠭᠠᠷᠭᠠᠭᠰᠠᠳ ᠤᠨ ᠮᠡᠳᠡᠬᠡᠯᠡᠯ ᠢ ᠨᠠᠶᠢᠳᠡᠯᠡᠬᠦ ᠠᠵᠢᠯᠯᠠᠭ᠎ᠠ ᠪᠠᠨ ᠲᠠᠭᠦᠯᠳᠡᠷᠵᠢᠬᠦᠯᠦᠨ᠎ᠠ᠃     ᠠᠷᠠᠳ ᠢᠷᠬᠡᠨ᠂ ᠬᠠᠤᠯᠢ ᠶᠢᠨ ᠡᠷᠬᠡᠳᠡᠨ ᠵᠢᠴᠢ ᠪᠤᠰᠤᠳ ᠵᠤᠬᠢᠶᠠᠨ ᠪᠠᠶᠢᠭᠤᠯᠤᠯᠲᠠ ᠶᠢᠨ ᠦᠢᠯᠡᠳᠪᠦᠷᠢᠯᠡᠯ᠂ ᠠᠵᠦ ᠠᠮᠢᠲᠤᠷᠠᠯ᠂ ᠰᠢᠨᠵᠢᠯᠡᠬᠦ ᠤᠬᠠᠭᠠᠨ ᠤ ᠰᠤᠲᠤᠯᠤᠯᠭᠠᠨ ᠵᠡᠷᠬᠡ ᠤᠨᠴᠠᠭᠠᠢ ᠪᠠᠶᠢᠭᠤᠯᠤᠮᠵᠢ ᠳᠤ ᠬᠠᠯᠠᠭᠤᠮᠰᠤᠭ ᠬᠠᠨᠳᠦᠵᠦ᠂ ᠲᠡᠳᠡᠨ ᠳᠤ ᠵᠠᠰᠠᠭ ᠤᠨ ᠭᠠᠵᠠᠷ ᠠᠴᠠ ᠮᠡᠳᠡᠬᠡᠯᠡᠯ ᠦᠭᠬᠦ ᠲᠤᠬᠠᠢ ᠲᠤᠬᠢᠲᠠᠢ ᠰᠠᠶᠢᠬᠠᠨ ᠰᠠᠢᠳᠪᠦᠷᠢ ᠬᠠᠩᠭᠠᠨ᠎ᠠ᠃ ᠢᠯᠡ ᠪᠠᠷ ᠮᠡᠳᠡᠭᠳᠡᠬᠦ ᠬᠦᠷᠢᠶ᠎ᠠ ᠬᠡᠪᠴᠢᠶᠡᠨ ᠳᠤ᠂ ᠡᠷᠬᠦᠮᠵᠢᠯᠡᠯ ᠦᠭᠬᠦᠭᠰᠡᠨ ᠲᠠᠯ᠎ᠠ ᠳᠤ ᠠᠷᠭ᠎ᠠ  ᠵᠠᠮ  ᠢ ᠨᠢ ᠬᠡᠯᠡᠵᠦ ᠦᠭᠬᠦᠨ᠎ᠡ᠃ ᠢᠯᠡ ᠪᠠᠷ ᠮᠡᠳᠡᠭᠳᠡᠬᠦ ᠪᠤᠰᠦ ᠠᠭᠤᠯᠭ᠎ᠠ ᠶᠢᠨ ᠬᠦᠷᠢᠶᠡᠨ ᠳᠤ ᠪᠤᠯ ᠡᠷᠬᠦᠮᠵᠢᠯᠡᠯ ᠦᠭᠭᠦᠭᠰᠡᠨ ᠲᠠᠯ᠎ᠠ ᠳᠤ ᠮᠡᠳᠡᠬᠦᠯᠵᠦ ᠪᠤᠯᠬᠤ ᠦᠬᠡᠢ ᠤᠴᠢᠷ ᠶᠤᠰᠦ ᠶᠢ ᠨᠢ ᠲᠠᠶᠢᠯᠪᠤᠷᠢᠯᠠᠵᠦ ᠦᠭᠬᠦᠨ᠎ᠡ᠃︵ᠭᠤᠷᠪᠠ︶ ᠵᠠᠰᠠᠭ ᠤᠨ ᠮᠡᠳᠡᠬᠡᠯᠡᠯ ᠢ ᠨᠡᠶᠢᠳᠡᠯᠡᠬᠦ ᠳᠤ ᠦᠢᠯᠡᠴᠢᠯᠡᠬᠦ ᠬᠠᠲᠠᠭᠤ ᠵᠦᠬᠡᠯᠡᠨ ᠲᠤᠨᠤᠭ ᠲᠦᠬᠦᠬᠡᠷᠡᠮᠵᠢ ᠶᠢ ᠵᠡᠷᠬᠡ ᠰᠢᠯᠢᠳᠡᠭᠵᠢᠬᠦᠯᠦᠨ᠎ᠡ       ᠵᠠᠰᠠᠭ ᠤᠨ ᠡᠯ᠎ᠡ ᠲᠠᠯ᠎ᠠ ᠶᠢᠨ ᠰᠦᠯᠵᠢᠶᠡᠨ ᠤ ᠦᠷᠳᠡᠭᠡ   ᠶᠢ ᠴᠢᠩᠭᠠᠳᠬᠠᠨ ᠪᠠᠶᠢᠭᠤᠯᠵᠦ᠂ ᠢᠯᠡ ᠲᠤᠲᠦ  ᠪᠠᠷ ᠮᠡᠳᠡᠬᠡᠯᠡᠯ ᠨᠡᠶᠢᠳᠡᠯᠡᠬᠦ ᠠᠷᠭ᠎ᠠ ᠬᠡᠯᠪᠡᠷᠢ ᠪᠠᠨ ᠰᠢᠨᠠᠴᠢᠯᠡᠨ ᠪᠠᠶᠠᠯᠢᠭᠵᠢᠭᠤᠯᠵᠦ᠂ ᠠᠷᠠᠳ ᠲᠦᠮᠡᠨ ᠳᠤ ᠨᠡᠩ ᠲᠦᠬᠦᠮ ᠦᠵᠡᠬᠦᠯᠬᠦ᠂ ᠪᠤᠱᠢᠭᠤ ᠱᠠᠯᠠᠮᠠᠭ ᠮᠡᠳᠡᠬᠡᠯᠡᠯ ᠨᠡᠶᠢᠳᠡᠯᠡᠬᠦ ᠦᠢᠯᠡᠴᠢᠯᠡᠭᠡ ᠶᠢ ᠬᠠᠩᠭᠠᠨ᠎ᠠ᠃                               ᠰᠢᠭᠤᠶᠢᠳᠦ ᠲᠤᠭᠤᠷᠢᠭ ᠤᠨ ᠠᠷᠠᠳ ᠤᠨ ᠵᠠᠰᠠᠭ ᠤᠨ ᠭᠠᠵᠠᠷ                               2018 ᠤᠨ ᠤ 3 ᠰᠠᠷ᠎ᠠ ᠶᠢᠨ 23
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号